ᠬᠠᠮᠲᠤ᠎ᠪᠠᠷ ᠦᠰᠦᠨ ᠪᠤᠢᠵᠢᠵᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠲᠡᠯᠭᠡᠷᠡᠬᠦᠯᠦᠨ ᠲᠦᠭᠡᠮᠡᠯᠵᠢᠭᠦᠯᠦᠨ᠎ᠡ
2026-04-07 10:01:32
ᠵᠣᠬᠢᠶᠠᠭ᠍ᠴᠢ᠄
ᠵᠸ᠋ ᠶᠤᠸᠠᠨ ᠯᠢ
ᠣᠩᠱᠢᠭ᠍ᠰᠠᠨ ᠣᠳᠠᠭ᠎ᠠ᠄
★★★☆☆

《ᠬᠡᠦᠭᠡᠳ ᠪᠢᠳᠡ ᠨᠠᠷ ᠡᠭᠦᠷᠢᠳᠡ ᠡᠬᠡ ᠤᠯᠤᠰ᠎ᠢᠶᠠᠨ ᠬᠠᠢᠷᠠᠯᠠᠨ᠎ᠠ!》 ᠲᠦᠷᠦᠭᠦᠬᠡᠨ᠂ ᠱᠢᠯᠢᠩᠬᠣᠲᠠ᠎ᠶ᠋ᠢᠨ ᠡᠵᠢᠨᠠᠭᠤᠷ ᠬᠡᠦᠬᠡᠳ᠎ᠦᠨ ᠴᠡᠴᠡᠷᠯᠢᠭ᠎ᠦᠨ ᠳᠣᠯᠣᠳᠤᠭᠠᠷ ᠬᠤᠭᠤᠴᠠᠭᠠᠨ᠎ᠤ 《ᠱᠢᠯᠢ᠎ᠶ᠋ᠢᠨ ᠪᠦᠪᠡᠢ》 ᠢᠷᠠᠭᠤ ᠨᠠᠢᠷᠠᠭ᠎ᠤᠨ ᠤᠷᠠᠨ ᠤᠩᠱᠢᠯᠭ᠎ᠠ᠎ᠶ᠋ᠢᠨ ᠦᠵᠡᠭᠦᠯᠭᠡ ᠳᠡᠭᠡᠷ᠎ᠡ ᠲᠤᠰ ᠬᠡᠦᠬᠡᠳ᠎ᠦᠨ ᠴᠡᠴᠡᠷᠯᠢᠭ᠎ᠦᠨ ᠪᠠᠭ᠎ᠠ ᠠᠩᠭᠢ᠎ᠶ᠋ᠢᠨ ᠬᠡᠦᠬᠡᠳ᠎ᠤᠳ ᠲᠦᠪ ᠵᠤᠭᠰᠤᠵᠤ᠂ ᠪᠠᠷᠢᠮᠵᠢᠶᠠᠵᠢᠬᠰᠠᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ᠎ᠪᠡᠷ ᠭᠦᠨ ᠰᠡᠳᠭᠢᠯᠭᠡ᠎ᠲᠡᠶ ᠤᠶᠠᠩᠭᠠᠯᠠᠨ ᠤᠩᠱᠢᠵᠤ ᠪᠠᠢᠯ᠎ᠠ᠃

ᠪᠢᠴᠢᠬᠠᠨ ᠬᠡᠦᠬᠡᠳ᠎ᠦᠳ ᠨᠢᠭᠡᠳᠦᠯᠲᠡᠶ ᠭᠤᠶᠤᠯᠠᠵᠤ ᠬᠥᠭᠡᠷᠦᠬᠦᠨ ᠴᠤᠪᠤᠭᠤᠯᠢᠭ ᠭᠡᠳᠡᠭ ᠨᠢ ᠠᠷᠭ᠎ᠠ ᠦᠭᠡᠢ᠃ ᠴᠡᠪᠡᠷ ᠴᠡᠭᠡᠯᠭᠡᠨ ᠬᠡᠦᠬᠡᠳ᠎ᠦᠨ ᠲᠠᠭᠤᠨ ᠳ᠋ᠤ ᠡᠬᠡ ᠤᠯᠤᠰ᠎ᠤᠨ ᠦᠵᠡᠰᠭᠦᠯᠡᠩᠲᠦ ᠰᠠᠢᠬᠠᠨ ᠠᠭᠤᠯᠠ ᠤᠰᠤ ᠪᠠ ᠨᠤᠲᠤᠭ ᠤᠰᠤᠨ ᠎ᠤ ᠰᠠᠢᠨ ᠰᠠᠢᠬᠠᠨ ᠠᠮᠢᠳᠤᠷᠠᠯ ᠭᠤᠶᠤ ᠵᠢᠷᠤᠭᠯᠠᠭᠳᠠᠨ᠎ᠠ᠃ ᠬᠤᠪᠢ ᠬᠥᠮᠦᠨ ᠎ᠦ ᠳᠡᠯᠭᠡᠨ ᠦᠵᠡᠭᠦᠯᠬᠦ᠌ ᠭᠣᠭ᠍ᠴᠣᠭ᠎ᠠ᠎ᠳᠤ᠂ ᠬᠡᠦᠬᠡᠳ᠎ᠦᠳ ᠢᠲᠡᠭᠡᠯ ᠲᠡᠭᠦᠯᠳᠡᠷ᠂ ᠤᠮᠤᠭ ᠵᠢᠪᠬᠤᠭ᠎ᠠ ᠲᠠᠢ ᠪᠠᠢᠵᠤ᠂ ᠤᠯᠤᠰ᠎ᠢᠶᠠᠨ ᠬᠠᠢᠷᠠᠯᠠᠬᠤ ᠱᠢᠯᠦᠭ᠂ ᠨᠤᠲᠤᠭ᠎ᠤᠨ ᠮᠠᠭ᠍ᠲᠠᠭᠠᠯ ᠳᠠᠭᠤᠤ ᠵᠢᠨ ᠲᠤᠭᠯᠠᠯᠳᠠ ᠨᠢ  ᠬᠦᠮᠦᠰ᠎ᠤᠨ ᠰᠡᠳᠬᠢᠯ᠎ᠢ ᠲᠤᠭᠳᠤᠯᠤᠭᠤᠯᠤᠨ᠎ᠠ᠃ ᠡᠨᠡᠬᠦ ᠵᠢᠵᠢᠭᠭᠡᠨ ᠲᠤᠭᠯᠠᠯᠳᠠ ᠵᠢᠨ ᠲᠠᠪᠴᠠᠩ  ᠨᠢ ᠲᠡᠳᠡᠨ᠎ᠦ ᠤᠯᠤᠰ᠎ᠤᠨ ᠨᠡᠢᠳᠡᠮ ᠬᠡᠷᠡᠭᠯᠡᠬᠦ ᠦᠭᠡ  ᠬᠡᠯᠡᠨ᠎ᠦ ᠶᠡᠷᠦᠩᠬᠡᠢᠯᠡᠭ᠌ᠰᠡᠨ ᠢᠯᠡᠳᠭᠡᠬᠦ᠌ ᠴᠢᠳᠠᠪᠤᠷᠢ ᠪᠠ ᠲᠠᠢᠰᠠᠨ᠎ᠤ ᠢᠯᠡᠳᠭᠡᠬᠦ᠌ ᠴᠢᠳᠠᠪᠤᠷᠢ᠎ᠶ᠋ᠢ ᠳᠠᠪᠲᠠᠨ ᠪᠣᠯᠪᠠᠰᠤᠷᠠᠭᠤᠯᠤᠭ᠍ᠰᠠᠨ᠎ᠢᠶᠠᠷ ᠪᠠᠷᠠᠬᠤ ᠦᠭᠡᠢ᠂ ᠪᠠᠰᠠ ᠤᠯᠤᠰ ᠬᠡᠷ᠎ᠤᠨ ᠬᠠᠢᠷ᠎ᠠ ᠰᠡᠳᠬᠢᠯᠭᠡ ᠵᠢ ᠵᠤᠵᠠᠭᠠᠳᠬᠠᠪᠠ᠃

《ᠦᠭᠡ ᠬᠡᠯᠡ ᠪᠣᠯ ᠶᠡᠷᠦ᠍᠎ᠡᠴᠡ ᠵᠦᠪᠬᠡᠨ ᠨᠡᠪᠲᠡᠷᠡᠯᠴᠡᠬᠦ᠌ ᠪᠠᠭᠠᠵᠢ ᠲᠡᠳᠦᠢ ᠪᠢᠰᠢ᠂ ᠲᠡᠷᠡ ᠪᠣᠯ ᠰᠡᠳᠭᠢᠬᠦᠢ᠎ᠶ᠋ᠢᠨ ᠠᠴᠢᠶᠠᠯᠠᠪᠤᠷᠢ᠂ ᠶᠢᠷᠲᠢᠨᠴᠦ᠍᠎ᠶ᠋ᠢ  ᠲᠠᠨᠢᠨ ᠮᠡᠳᠡᠬᠦᠢ᠎ᠶ᠋ᠢᠨ ᠲᠦᠯᠬᠢᠭᠦᠷ ᠮᠥᠨ᠃  ᠬᠢᠯᠢ ᠬᠢᠵᠠᠭᠠᠷ ᠣᠷᠣᠨ᠎ᠤ ᠬᠡᠦᠬᠡᠳ᠎ᠤᠳ᠎ᠲᠦ ᠠᠪᠴᠤ᠌ ᠬᠡᠯᠡᠪᠡᠯ ᠤᠯᠤᠰ᠎ᠤᠨ ᠨᠠᠢᠳᠡᠮ ᠬᠡᠷᠡᠭᠯᠡᠬᠦ ᠦᠭᠡ ᠬᠡᠯᠡ᠎ᠶ᠋ᠢ ᠰᠠᠢᠲᠤᠷ ᠰᠤᠷᠬᠤ ᠨᠢ ᠨᠠᠩ ᠥᠷᠭᠡᠨ ᠠᠭᠤᠳᠠᠮ ᠣᠷᠣᠨ ᠵᠠᠶ᠎ᠶ᠋ᠢ ᠨᠡᠭᠡᠭᠡᠬᠦ᠌ ᠲᠦᠯᠬᠢᠭᠦᠷ ᠎ᠢ᠋ ᠣᠯᠤᠭ᠍ᠰᠠᠨ᠎ᠲᠠᠶ ᠠᠳᠠᠯᠢ ᠶᠤᠮ᠃ ᠡᠢᠮᠦᠷᠬᠦᠦ ᠠᠨᠭᠬᠠᠨ᠎ᠤ ᠦᠶ᠎ᠡ᠎ᠶ᠋ᠢᠨ ᠦᠭᠡ ᠬᠡᠯᠡ ᠰᠤᠷᠴᠤ᠌ ᠡᠵᠡᠮᠱᠢᠬᠦ᠌ ᠳᠠᠪᠠᠭᠤᠯᠢᠭ ᠨᠢ ᠬᠡᠯᠡᠨ᠎ᠦ ᠴᠢᠳᠠᠪᠤᠷᠢ᠎ᠶ᠋ᠢᠨ ᠲᠤᠰ ᠪᠡᠶ᠎ᠡ᠎ᠪᠡᠷ ᠯᠡ ᠵᠣᠭ᠍ᠰᠣᠬᠤ ᠪᠢᠰᠢ᠂ ᠨᠡᠩ ᠴᠤ᠌ ᠲᠡᠳᠡᠨ ᠎ᠦ ᠢᠷᠡᠭᠡᠳᠦᠢ᠎ᠳᠦ ᠳᠡᠭᠡᠳᠦ ᠵᠡᠷᠭᠡ᠎ᠶ᠋ᠢᠨ ᠰᠤᠷᠭᠠᠨ ᠬᠥᠮᠦᠵᠢᠯ ᠬᠦᠷᠳᠡᠬᠦ᠌᠎ᠳᠦ ᠪᠠᠲᠤ ᠪᠡᠬᠢ ᠰᠠᠭᠤᠷᠢ᠎ᠶ᠋ᠢ ᠲᠠᠯᠪᠢᠬᠤ ᠪᠤᠯᠤᠨ᠎ᠠ᠃ ᠢᠯᠠᠩᠭᠤᠶ᠎ᠠ ᠡᠨᠡ ᠬᠦ᠌ ᠶᠠᠪᠤᠴᠠ᠎ᠳᠤ ᠬᠥᠮᠦᠵᠢᠭᠦᠯᠦᠭ᠌ᠰᠡᠨ ᠰᠣᠶᠣᠯ᠎ᠤᠨ ᠢᠲᠡᠭᠡᠯ ᠨᠢ ᠲᠡᠳᠡᠨ᠎ᠦ ᠨᠠᠰᠤᠨ ᠲᠤᠷᠱᠢᠳᠠ ᠬᠡᠷᠡᠭ᠌ᠯᠡᠭ᠌ᠳᠡᠬᠦ᠌ ᠵᠥᠭᠡᠯᠡᠨ ᠪᠣᠳᠠᠲᠤ ᠬᠦᠴᠦᠨ ᠪᠣᠯᠬᠤ ᠶᠤᠮ》 ᠭᠡᠵᠦ ᠡᠵᠢᠨᠠᠭᠤᠷ ᠬᠡᠦᠬᠡᠳ᠎ᠦᠨ ᠴᠡᠴᠡᠷᠯᠢᠭ᠎ᠦᠨ ᠪᠠᠭ᠍ᠰᠢ ᠸᠠᠩ ᠸᠸᠨ ᠵᠢᠶᠠ ᠬᠡᠯᠡᠪᠡ᠃

ᠣᠢᠷ᠎ᠠ᠎ᠶ᠋ᠢᠨ ᠵᠢᠯ᠎ᠦᠳ᠎ᠲᠦ᠂ ᠡᠵᠢᠨᠠᠭᠤᠷ ᠬᠡᠦᠬᠡᠳ᠎ᠦᠨ ᠴᠡᠴᠡᠷᠯᠢᠭ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ ᠎ᠢ ᠳᠡᠯᠭᠡᠷᠡᠭᠦᠯᠦᠨ ᠲᠦᠭᠡᠮᠡᠯᠵᠢᠭᠦᠯᠬᠦ᠌ ᠠᠵᠢᠯ᠎ᠢ ᠡᠳᠦᠷ ᠲᠤᠲᠤᠮ᠎ᠤᠨ ᠠᠰᠠᠷᠠᠨ ᠬᠥᠮᠦᠵᠢᠭᠦᠯᠬᠦ᠌ ᠪᠠ ᠣᠨᠴᠠᠯᠢᠭ᠍ᠲᠤ ᠠᠵᠢᠯᠯᠠᠭ᠎ᠠ᠎ᠶ᠋ᠢᠨ ᠡᠯ᠎ᠡ ᠭᠣᠭ᠍ᠴᠣᠭ᠎ᠠ᠎ᠳᠤ ᠠᠭᠤᠰᠭᠠᠨ ᠣᠷᠣᠭᠤᠯᠵᠤ᠂ ᠨᠣᠮ ᠤᠩᠱᠢᠬᠤ ᠰᠠᠷ᠎ᠠ᠂ ᠤᠯᠠᠮᠵᠢᠯᠠᠯᠲᠤ ᠰᠣᠶᠣᠯ᠎ᠤᠨ ᠬᠥᠮᠦᠵᠢᠯ᠂ ᠬᠡᠷ ᠣᠷᠣᠨ᠎ᠤ ᠬᠣᠯᠪᠣᠭᠠᠯᠠᠯ ᠵᠡᠷᠭᠡ ᠣᠯᠠᠨ ᠵᠦᠶ᠋ᠯ᠎ᠦᠨ ᠠᠵᠢᠯ᠎ᠲᠠᠶ ᠤᠶᠠᠯᠳᠤᠭᠤᠯᠤᠨ᠂ ᠪᠠᠭ᠍ᠰᠢ ᠰᠣᠷᠣᠭ᠍ᠴᠢ ᠬᠠᠮᠲᠤ ᠎ᠪᠠᠷ ᠰᠤᠷᠤᠯᠴᠠᠬᠤ᠂ ᠦᠶ᠋ᠯᠡᠳᠦᠯᠭᠡ᠎ᠪᠡᠷ ᠴᠢᠳᠠᠪᠤᠷᠢ ᠣᠯᠭᠣᠬᠤ ᠠᠷᠭ᠎ᠠ ᠮᠠᠶᠢᠭ᠎ᠢᠶᠠᠷ ᠪᠠᠭ᠍ᠰᠢ ᠰᠣᠷᠣᠭ᠍ᠴᠢᠳ᠎ᠤᠨ  ᠬᠡᠯᠡ ᠶᠠᠷᠢᠶᠠᠨ᠎ᠤ ᠴᠢᠳᠠᠪᠤᠷᠢ᠎ᠶ᠋ᠢ ᠦᠨᠡᠨ ᠬᠦ᠌ ᠳᠡᠭᠡᠭ᠌ᠰᠢᠯᠡᠭᠦᠯᠪᠡ᠃ ᠡᠭᠦᠨ᠎ᠦ ᠬᠠᠮᠲᠤ᠂ ᠪᠠᠭ᠍ᠰᠢ᠎ᠨᠠᠷ᠎ᠢ  ᠪᠠᠢᠩᠭᠤ ᠵᠣᠬᠢᠶᠠᠨ ᠪᠠᠢᠭᠤᠯᠵᠤ ᠨᠣᠮ ᠤᠩᠱᠢᠬᠤ᠎ᠶ᠋ᠢ ᠬᠠᠮᠲᠤ᠎ᠪᠠᠷ ᠡᠳ᠋ᠯᠡᠬᠦ᠌ ᠬᠤᠷᠠᠯ᠂ ᠰᠠᠢᠨ ᠨᠣᠮ ᠲᠠᠨᠢᠯᠴᠠᠭᠤᠯᠬᠤ ᠵᠡᠷᠭᠡ ᠠᠵᠢᠯᠯᠠᠭ᠎ᠠ ᠥᠷᠨᠢᠭᠦᠯᠵᠦ᠍᠂ ᠪᠠᠭ᠍ᠰᠢ ᠨᠠᠷ᠎ᠤᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠵᠢᠡᠷ ᠰᠠᠭᠠᠳ ᠥᠬᠡᠶ ᠢᠯᠡᠳᠭᠡᠬᠦ᠌ ᠬᠡᠮᠵᠢᠶ᠎ᠡ ᠎ᠶ᠋ᠢ ᠲᠠᠰᠤᠷᠠᠯᠲᠠ ᠥᠬᠡᠶ ᠳᠡᠭᠡᠭ᠌ᠰᠢᠯᠡᠭᠦᠯᠪᠡ; ᠰᠤᠷᠤᠭ᠍ᠴᠢᠳ᠎ᠢ ᠦᠷᠭᠦᠯᠵᠢ ᠵᠣᠬᠢᠶᠠᠨ ᠪᠠᠢᠭᠤᠯᠵᠤ ᠵᠢᠷᠤᠭ᠍ᠲᠤ ᠳᠡᠪᠲᠡᠷ᠎ᠦᠨ ᠤᠩᠱᠢᠯᠭ᠎ᠠ᠂ ᠦᠵᠡᠭ᠌ᠳᠡᠯᠲᠦ ᠵᠦᠴᠦᠭᠡ᠎ᠶ᠋ᠢᠨ ᠲᠣᠭ᠍ᠯᠠᠯᠲᠠ᠂ ᠱᠢᠯᠦᠭ ᠳᠠᠭᠤᠯᠠᠯ᠎ᠤᠨ ᠤᠷᠠᠨ ᠤᠩᠱᠢᠯᠭ᠎ᠠ ᠵᠡᠷᠭᠡ ᠣᠨᠴᠠᠯᠢᠭ᠍ᠲᠤ ᠠᠵᠢᠯᠯᠠᠭ᠎ᠠ ᠥᠷᠨᠢᠭᠦᠯᠵᠦ᠍᠂ 《ᠦᠯᠢᠭᠡᠷ ᠰᠣᠨᠣᠰᠭᠤ᠂ ᠲᠠᠢᠰᠠᠨ᠎ᠤ ᠲᠤᠭᠯᠠᠯᠳᠠ ᠲᠤᠬᠯᠠᠬᠤ᠂ ᠰᠣᠩᠭᠣᠳᠠᠭ ᠵᠣᠬᠢᠶᠠᠯ ᠤᠩᠱᠢᠬᠤ》 ᠶᠠᠪᠤᠴᠠ᠎ᠳᠤ᠂ ᠬᠡᠦᠬᠡᠳ᠎ᠤᠳ ᠤᠬᠠᠮᠰᠠᠷ᠎ᠠᠴᠠ᠎ᠪᠠᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠵᠢᠡᠷ ᠪᠤᠳᠤᠯ ᠰᠠᠨᠠᠭ᠎ᠠ᠎ᠪᠠᠨ ᠢᠯᠡᠳᠭᠡᠵᠦ᠍᠂ ᠬᠡᠯᠡ ᠶᠠᠷᠢᠶ᠎ᠠ ᠪᠡᠨ ᠲᠠᠪᠳᠠᠨ ᠪᠣᠯᠪᠠᠰᠤᠷᠠᠭᠤᠯᠬᠤ ᠵᠢ ᠬᠦᠳᠦᠯᠦᠨ ᠵᠢᠯᠤᠭᠤᠳᠤᠨ᠎ᠠ᠃ ᠡᠭᠦᠨ᠎ᠡᠴᠡ ᠭᠠᠳᠠᠨ᠎ᠠ᠂ ᠬᠡᠷ᠎ᠦᠨ ᠠᠬᠠᠮᠠᠳ᠎ᠤᠨ ᠲᠤᠷᠱᠢᠯᠭ᠎ᠠ ᠰᠣᠯᠢᠯᠴᠠᠬᠤ ᠬᠤᠷᠠᠯ᠂ ᠵᠢᠷᠬᠢᠶ᠎ᠠ ᠵᠢᠨ ᠣᠯᠠᠨ ᠨᠡᠢᠲᠡ᠎ᠶ᠋ᠢᠨ ᠲᠠᠪᠴᠠᠩ᠎ᠤᠨ ᠤᠬᠠᠭᠤᠯᠭ᠎ᠠ ᠵᠡᠷᠭᠡ ᠠᠷᠭ᠎ᠠ ᠮᠠᠶᠢᠭ᠎ᠢᠶᠠᠷ ᠳᠠᠮᠵᠢᠭᠤᠯᠤᠨ᠂ ᠬᠡᠷ᠎ᠦᠨ ᠠᠬᠠᠮᠠᠳ᠎ᠪᠠ ᠬᠡᠦᠬᠡᠳ᠎ᠦᠨ  ᠨᠤᠮ ᠤᠩᠱᠢᠯᠭ᠎ᠠ᠎ᠳᠤ ᠣᠷᠣᠯᠴᠠᠬᠤ᠎ᠶ᠋ᠢ ᠵᠣᠷᠢᠭ᠍ᠵᠢᠭᠤᠯᠵᠤ᠂  ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠲᠦᠭᠡᠮᠡᠯᠵᠢᠭᠦᠯᠬᠦ᠌  ᠰᠠᠢᠨ ᠰᠠᠢᠬᠠᠨ ᠠᠭᠤᠷ ᠠᠮᠢᠰᠭᠤᠯ᠎ᠢ ᠪᠣᠶ ᠪᠣᠯᠭᠠᠨ᠎ᠠ᠃

《〈ᠪᠠᠭ᠍ᠰᠢ ᠎ᠶ᠋ᠢᠨ ᠳᠠᠭᠠᠭᠤᠯᠭ᠎ᠠ + ᠬᠡᠦᠬᠡᠳ᠎ᠦᠨ ᠦᠶ᠋ᠯᠡᠳᠦᠯᠭᠡ + ᠬᠡᠷ ᠣᠷᠣᠨ ᠬᠣᠯᠪᠣᠭᠠᠯᠠᠨ ᠬᠥᠳᠡᠯᠦᠯᠴᠡᠬᠦ᠌〉ᠣᠯᠠᠨ ᠡᠱᠢᠲᠦ ᠵᠠᠭ᠍ᠪᠤᠷ᠎ᠢᠶᠠᠷ  ᠬᠡᠦᠬᠡᠳ᠎ᠤᠳ᠎ᠦᠨ ᠰᠠᠢᠨ ᠰᠠᠢᠬᠠᠨ ᠬᠡᠯᠡ ᠶᠠᠷᠢᠶᠠᠨ᠎ᠤ ᠳᠠᠳᠭᠠᠯ᠎ᠢ ᠬᠥᠮᠦᠵᠢᠭᠦᠯᠪᠡ᠃ ᠲᠠᠷᠠᠭᠠᠴᠢ᠎ᠶ᠋ᠢᠨ ᠠᠯᠬᠤᠮ᠎ᠳᠤ᠂ ᠪᠢᠳᠡ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ᠎ᠶ᠋ᠢ ᠳᠡᠯᠭᠡᠷᠡᠭᠦᠯᠦᠨ ᠲᠦᠭᠡᠮᠡᠯᠵᠢᠭᠦᠯᠬᠦ᠌ ᠠᠵᠢᠯ᠎ᠢ ᠦᠷᠭᠦᠯᠵᠢᠯᠡᠨ ᠭᠦᠨᠵᠡᠭᠡᠢᠷᠡᠭᠦᠯᠵᠦ᠍᠂ ᠪᠠᠭ᠍ᠰᠢ᠎ᠨᠠᠷ᠎ᠤᠨ ᠨᠣᠮ ᠤᠩᠰᠢᠯᠭ᠎ᠠ ᠪᠠᠨ ᠬᠤᠪᠢᠶᠠᠯᠴᠠᠬᠤ᠌᠂ ᠪᠠᠭ᠍ᠰᠢ ᠰᠤᠷᠤᠭ᠍ᠴᠢᠳ ᠬᠠᠮᠲᠤ᠎ᠪᠠᠷ ᠤᠩᠱᠢᠬᠤ ᠵᠡᠷᠭᠡ ᠠᠵᠢᠯᠯᠠᠭ᠎ᠠ᠎ᠶ᠋ᠢ ᠪᠠᠢᠩᠭᠤᠵᠢᠭᠤᠯᠬᠤ ᠪᠥᠭᠡᠳ ᠪᠠᠰᠠ ᠤᠯᠠᠮᠵᠢᠯᠠᠯᠲᠤ ᠪᠠᠶᠠᠷ ᠲᠤᠷᠠᠰᠬᠠᠯ᠎ᠤᠨ ᠡᠳᠦᠷ᠂ ᠤᠯᠠᠷᠢᠯ᠎ᠤᠨ ᠬᠤᠪᠢᠷᠠᠯᠲᠠ ᠵᠡᠷᠭᠡ᠎ᠲᠡᠶ ᠤᠶᠠᠯᠳᠤᠭᠤᠯᠤᠨ ᠨᠠᠩ ᠣᠯᠠᠨ ᠥᠪᠡᠷᠮᠢᠴᠡ ᠣᠨᠴᠠᠯᠢᠭ᠎ᠲᠠᠶ ᠠᠵᠢᠯᠯᠠᠭ᠎ᠠ᠎ᠶ᠋ᠢ ᠲᠥᠯᠥᠪᠯᠡᠨ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠪᠠᠳᠠᠷᠠᠭᠤᠯᠬᠤ᠎ᠳᠤ ᠪᠠᠲᠤ ᠴᠢᠩᠭ᠎ᠠ ᠬᠦᠴᠦᠨ ᠨᠡᠮᠡᠷᠢᠯᠡᠨ᠎ᠡ》 ᠭᠡᠵᠦ᠍ ᠡᠵᠢᠨᠠᠭᠤᠷ ᠬᠡᠦᠬᠡᠳ᠎ᠦᠨ ᠴᠡᠴᠡᠷᠯᠢᠭ᠎ᠦᠨ ᠳᠠᠷᠤᠭ᠎ᠠ ᠨᠠᠰᠤᠨᠴᠢᠮᠡᠭ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号