ᠶᠠᠷᠢᠶᠠᠨ ᠤ᠋ ᠲᠠᠪᠴᠠᠩ ᠵᠢᠨᠷ ᠰᠤᠯᠢᠯᠴᠠᠭ᠎ᠠ ᠬᠠᠮᠲᠤᠷᠠᠯᠴᠠᠭᠠᠨ ᠤ᠋ ᠬᠥᠭᠥᠷᠭᠡ ᠬᠤᠯᠪᠤᠭᠠᠰᠤ ᠪᠤᠯᠭᠠᠵᠤ ᠥᠪᠥᠷ ᠮᠣᠩᠭᠣᠯ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ 《ᠨᠠᠢᠵᠠ ᠶ᠋ᠢᠨ ᠲᠣᠭᠣᠷᠢᠭ》᠎ᠵᠢᠡᠨ ᠥᠷᠭᠡᠳᠭᠡᠵᠦ᠍ ᠪᠣᠶ
2026-04-07 09:29:09
ᠵᠣᠬᠢᠶᠠᠭ᠍ᠴᠢ᠄
ᠪᠠᠶ ᠯᠢᠶᠠᠨ
ᠣᠩᠱᠢᠭ᠍ᠰᠠᠨ ᠣᠳᠠᠭ᠎ᠠ᠄
★★★☆☆

3 ᠰᠠᠷ᠎ᠠ ᠳ᠋ᠤ᠂ ᠪᠦᠬᠦ᠌ ᠪᠥᠮᠪᠥᠷᠴᠡᠭ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠦᠷᠢᠶᠡᠨ ᠤ᠋ ᠠᠨᠭᠬᠠᠷᠤᠯ ᠳᠠᠬᠢᠨᠲᠠ ᠪᠡᠭᠡᠵᠢᠩ ᠳ᠋ᠤ ᠲᠥᠪᠯᠡᠷᠡᠪᠡ᠃ 3 ᠰᠠᠷ᠎ᠠ ᠶ᠋ᠢᠨ 25 ᠡᠴᠡ 29 ᠤ᠋ ᠡᠳᠦᠷ ᠪᠣᠯᠲᠠᠯ᠎ᠠ᠂ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠡᠭᠦᠳᠦᠯᠲᠡ ᠬᠢᠭᠡᠳ ᠠᠵᠤ ᠦᠶ᠋ᠯᠡᠰ ᠤ᠋ᠨ ᠱᠢᠨ᠎ᠡ ᠡᠭᠦᠳᠦᠯᠲᠡ ᠶ᠋ᠢᠨ ᠭᠦᠨᠵᠡᠭᠡᠶ ᠠᠭᠤᠰᠤᠯᠴᠠᠯ》 ᠢ᠋ᠶ᠋ᠡᠷ ᠭᠤᠤᠯ ᠰᠡᠳᠦᠪ ᠪᠣᠯᠭᠠᠭ᠍ᠰᠠᠨ 2026 ᠣᠨ ᠤ᠋ ᠵᠥᠩ ᠭᠤᠸᠠᠨ ᠼᠦᠨ ᠤ᠋ ᠶᠠᠷᠢᠶᠠᠨ ᠤ᠋ ᠲᠠᠪᠴᠠᠩ ᠤ᠋ᠨ ᠣᠨ ᠤ᠋ ᠬᠤᠷᠠᠯ ᠪᠣᠯᠵᠣᠭ᠎ᠠ ᠶᠣᠰᠣᠭᠠᠷ ᠶᠠᠪᠤᠭ᠍ᠳᠠᠪᠠ᠃ ᠡᠨᠳᠡ 500 ᠭᠠᠷᠤᠢ ᠵᠦᠢᠯ ᠤ᠋ᠨ ᠬᠣᠱᠢᠭᠤᠷᠠᠯ ᠦᠷ᠎ᠡ ᠪᠦᠲᠦᠭᠡᠯ ᠢ᠋ ᠲᠦᠪᠯᠡᠷᠡᠭᠦᠯᠦᠨ ᠦᠵᠡᠭᠦᠯᠵᠦ᠂ ᠵᠠᠩᠭᠢᠯᠠᠭ᠎ᠠ ᠶ᠋ᠢᠨ ᠭᠤᠤᠯᠯᠠᠬᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠨᠢ ᠶᠡᠬᠡ ᠤᠯᠤᠰ ᠤ᠋ᠨ ᠱᠢᠨ᠎ᠡ ᠡᠭᠦᠳᠦᠯᠲᠡ ᠵᠢ ᠪᠦᠬᠦ᠌ ᠲᠠᠯ᠎ᠠ ᠪᠡᠷ ᠢᠯᠡᠷᠡᠭᠦᠯᠵᠠᠢ᠃ 100 ᠭᠠᠷᠤᠶ ᠤᠯᠤᠰ ᠪᠣᠯᠤᠨ ᠭᠠᠵᠠᠷ ᠣᠷᠣᠨ ᠡᠴᠡ ᠢᠷᠡᠭ᠌ᠰᠡᠨ ᠮᠢᠩᠭ᠎ᠠ ᠭᠠᠷᠤᠶ ᠵᠣᠴᠢᠳ ᠨᠢᠭᠡ ᠲᠠᠩᠬᠢᠮ ᠳ᠋ᠤ ᠴᠤᠭ᠍ᠯᠠᠷᠠᠵᠤ᠂ ᠬᠥᠭ᠌ᠵᠢᠯᠲᠡ ᠶ᠋ᠢᠨ ᠵᠠᠮ ᠢ᠋ ᠬᠠᠮᠲᠤ ᠪᠡᠷ ᠡᠷᠢᠯᠬᠢᠯᠡᠵᠦ᠍᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠢᠷᠡᠭᠡᠳᠦᠶ ᠶ᠋ᠢᠨ ᠲᠤᠬᠠᠶ ᠬᠠᠮᠲᠤ ᠪᠡᠷ ᠶᠠᠷᠢᠯᠴᠠᠪᠠ᠃

ᠺᠸᠠᠨ᠋ᠲ ᠤ᠋ᠨ ᠪᠣᠳᠣᠯᠭ᠎ᠠ᠂ AI ᠲᠣᠮᠣ ᠵᠠᠭ᠍ᠪᠤᠷ᠂ ᠠᠮᠢᠳᠤ ᠪᠣᠳᠠᠰ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠁ ᠱᠢᠨ᠎ᠡ ᠨᠢᠭᠡ ᠡᠭᠡᠯᠵᠢ ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠤᠪᠢᠰᠭᠠᠯ ᠤ᠋ᠨ ᠥᠷᠨᠢᠯᠲᠡ ᠶᠠᠭ ᠶᠠᠪᠤᠬᠳᠠᠵᠤ ᠪᠠᠢᠨ᠎ᠠ᠃ ᠪᠦᠬᠦ᠌ ᠪᠥᠮᠪᠥᠷᠴᠡᠭ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠰᠣᠯᠢᠯᠴᠠᠭ᠎ᠠ ᠬᠠᠮᠲᠤᠷᠠᠯᠴᠠᠭ᠎ᠠ ᠳ᠋ᠤ ᠬᠠᠨᠳᠤᠭᠤᠯᠤᠭ᠍ᠰᠠᠨ ᠤᠯᠤᠰ ᠤ᠋ᠨ ᠲᠡᠰ ᠤ᠋ᠨ ᠲᠠᠪᠴᠠᠩ ᠪᠣᠯᠤᠭ᠍ᠰᠠᠨ ᠤ᠋ ᠬᠤᠪᠢ ᠳ᠋ᠤ᠂ ᠵᠦᠩ ᠭᠤᠸᠠᠨ ᠼᠦᠨ ᠤ᠋ ᠶᠠᠷᠢᠶᠠᠨ ᠤ᠋ ᠲᠠᠪᠴᠠᠩ ᠨᠢ ᠪᠦᠬᠦ᠌ ᠪᠥᠮᠪᠥᠷᠴᠡᠭ ᠤ᠋ᠨ ᠤᠶᠤᠨ ᠤᠬᠠᠭᠠᠨ ᠢ᠋ ᠬᠣᠯᠪᠣᠬᠤ᠂ ᠢᠷᠡᠭᠡᠳᠦᠢ ᠵᠢ ᠬᠠᠮᠲᠤ ᠪᠡᠷ ᠴᠣᠭ᠍ᠴᠠᠯᠠᠬᠤ ᠬᠥᠭᠥᠷᠭᠡ ᠪᠤᠯᠵᠤ ᠪᠤᠢ᠃ ᠡᠨᠡ ᠬᠦ᠌ ᠲᠠᠪᠴᠠᠩ ᠳ᠋ᠤ ᠲᠦᠱᠢᠭ᠌ᠯᠡᠨ᠂ ᠥᠪᠥᠷ ᠮᠣᠩᠭᠣᠯ ᠲᠤᠰ ᠬᠤᠷᠠᠯ ᠢ᠋ᠶ᠋ᠡᠷ ᠵᠠᠭᠤᠴᠢᠯᠠᠭᠤᠷ ᠪᠣᠯᠭᠠᠵᠤ᠂ ᠨᠡᠭᠡᠭᠡᠯᠲᠡ ᠬᠢᠵᠦ᠍ ᠱᠢᠨ᠎ᠡ ᠵᠢ ᠡᠭᠦᠳᠬᠦ᠌ ᠠᠮᠢ ᠠᠬᠤᠶ ᠶ᠋ᠢᠨ ᠲᠤᠤᠷ ᠢ᠋ ᠲᠦᠷᠭᠡᠳᠭᠡᠨ ᠪᠠᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠪᠠ ᠠᠵᠤ ᠦᠶ᠋ᠯᠡᠰ ᠤ᠋ᠨ ᠱᠢᠨ᠎ᠡ ᠵᠢ ᠡᠭᠦᠳᠬᠦ᠌ ᠵᠢ ᠵᠡᠷᠭᠡ ᠪᠡᠷ ᠠᠬᠢᠭᠤᠯᠵᠤ᠂ ᠱᠢᠨ᠎ᠡ ᠴᠢᠨᠠᠷ ᠤ᠋ᠨ ᠦᠶ᠋ᠯᠡᠳᠪᠦᠷᠢᠯᠡᠯ ᠤ᠋ᠨ ᠬᠦᠴᠦᠨ ᠤ᠋ ᠬᠥᠭ᠌ᠵᠢᠯᠲᠡ ᠳ᠋ᠤ ᠬᠦᠴᠦᠷᠬᠡᠭ ᠶᠡᠬᠡ ᠬᠥᠳᠡᠯᠭᠡᠬᠦ᠌ ᠡᠨᠧᠷᠭᠢ ᠨᠡᠮᠡᠷᠢᠯᠡᠪᠡ᠃

ᠲᠣᠰ ᠬᠤᠭᠤᠴᠠᠭᠠᠨ ᠤ᠋ ᠣᠨ ᠤ᠋ ᠬᠤᠷᠠᠯ ᠨᠢ ᠨᠡᠢᠲᠡ 60 ᠲᠠᠯᠠᠪᠤᠷ ᠵᠡᠷᠭᠡᠴᠡᠭᠡ ᠶᠠᠷᠢᠶᠠᠨ ᠤ᠋ ᠲᠠᠪᠴᠠᠩ᠎ᠢ ᠡᠷᠭᠢᠯᠡᠵᠦ᠍᠂ ᠡᠭᠦᠨ ᠳ᠋ᠤ 21 ᠲᠠᠯᠠᠪᠤᠷ ᠨᠢ ᠠᠩᠬ᠎ᠠ ᠤᠳᠠᠭ᠎ᠠ ᠡᠷᠭᠢᠯᠡᠭᠰᠡᠨ ᠬᠤᠷᠠᠯ ᠪᠠᠢᠵᠤ᠂ ᠵᠥᠪᠯᠡᠬᠦ᠌ ᠰᠡᠳᠦᠪ ᠨᠢ ᠵᠢᠷᠭᠤᠳᠤᠭᠠᠷ ᠦᠶ᠎ᠡ ᠶ᠋ᠢᠨ ᠮᠡᠳᠡᠭᠡ ᠬᠣᠯᠪᠣᠭ᠎ᠠ᠂ ᠲᠠᠷᠢᠬᠢ ᠪᠠ ᠮᠠᠰᠢᠨ ᠢ᠋ ᠬᠤᠯᠪᠤᠬᠤ᠂ ᠡᠰ ᠬᠢᠭᠡᠳ ᠭᠧᠨ ᠤ᠋ ᠡᠮᠴᠢᠯᠡᠭᠡ ᠵᠡᠷᠭᠡ ᠪᠥᠬᠥ᠌ ᠳᠡᠯᠡᠬᠡᠶ ᠶ᠋ᠢᠨ ᠬᠤᠰᠢᠭᠤᠷᠠᠯ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠢ᠋ ᠬᠠᠮᠤᠷᠴᠠᠢ᠃ ᠥᠪᠥᠷ ᠮᠣᠩᠭᠣᠯ ᠤ᠋ᠨ ᠲᠥᠯᠥᠭᠡᠯᠡᠭ᠌ᠴᠢᠳ ᠤ᠋ᠨ ᠪᠦᠯᠬᠦᠮ ᠪᠥᠬᠥ᠌ ᠪᠥᠮᠪᠥᠷᠴᠡᠭ ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠳᠡᠭᠡᠳᠦ ᠲᠠᠰ ᠤ᠋ᠨ ᠣᠶᠤᠨ ᠤ᠋ ᠬᠥᠮᠥᠷᠭᠡ ᠶ᠋ᠢᠨ ᠶᠠᠷᠢᠶᠠᠨ ᠤ᠋ ᠲᠠᠪᠴᠠᠩ᠂ ᠢᠷᠡᠭᠡᠳᠦᠶ ᠶ᠋ᠢᠨ ᠠᠵᠤ ᠦᠶ᠋ᠯᠡᠰ ᠤ᠋ᠨ ᠱᠢᠨ᠎ᠡ ᠵᠢ ᠡᠭᠦᠳᠬᠦ᠌ ᠬᠥᠭ᠌ᠵᠢᠯᠲᠡ ᠶ᠋ᠢᠨ ᠶᠠᠷᠢᠶᠠᠨ ᠤ᠋ ᠲᠠᠪᠴᠠᠩ ᠵᠡᠷᠭᠡ ᠣᠯᠠᠨ ᠠᠵᠢᠯᠯᠠᠭ᠎ᠠ ᠳ᠋ᠤ ᠭᠦᠨᠵᠡᠭᠡᠢ ᠣᠷᠣᠯᠴᠠᠪᠠ᠃

3 ᠰᠠᠷ᠎ᠠ ᠶ᠋ᠢᠨ 25 ᠤ᠋ ᠡᠳᠦᠷ᠂ ᠶᠠᠷᠢᠶᠠᠨ ᠤ᠋ ᠲᠠᠪᠴᠠᠩ ᠡᠴᠡ ᠠᠩᠬ᠎ᠠ ᠤᠳᠠᠭ᠎ᠠ ᠡᠷᠭᠢᠯᠡᠭ᠌ᠰᠡᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠶ᠋ᠯᠡᠴᠢᠯᠡᠭᠡᠨ ᠤ᠋ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠶ᠋ᠢᠨ ᠶᠠᠷᠢᠶᠠᠨ ᠤ᠋ ᠲᠠᠪᠴᠠᠩ ᠳᠡᠭᠡᠷ᠎ᠡ 《2025 ᠣᠨ ᠤ᠋ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠶ᠋ᠯᠡᠴᠢᠯᠡᠭᠡᠨ ᠤ᠋ ᠦᠶ᠋ᠯᠡᠰ ᠤ᠋ᠨ ᠣᠨ ᠤ᠋ ᠬᠥᠭ᠌ᠵᠢᠯᠲᠡ ᠶ᠋ᠢᠨ ᠮᠡᠳᠡᠭᠦᠯᠦᠯᠲᠡ》 ᠵᠢ ᠨᠡᠢᠲᠡᠯᠡᠭ᠌ᠰᠡᠨ ᠪᠥᠭᠡᠳ 《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠶ᠋ᠯᠡᠴᠢᠯᠡᠭᠡᠨ ᠤ᠋ ᠦᠶ᠋ᠯᠡᠰ ᠤ᠋ᠨ ᠪᠠᠷᠢᠮᠵᠢᠶ᠎ᠠ ᠶ᠋ᠢᠨ ᠱᠢᠰᠲ᠋ᠧᠮ ᠤ᠋ᠨ ᠪᠠᠢᠭᠤᠯᠤᠯᠲᠠ ᠶ᠋ᠢᠨ ᠵᠦᠭ᠌ᠯᠡᠭᠦᠷ (2025 ᠣᠨ ᠤ᠋ ᠬᠡᠪᠯᠡᠯ)》 ᠲᠦ᠍ ᠲᠠᠢᠯᠤᠮᠵᠢ ᠬᠢᠵᠦ᠍᠂ ᠠᠵᠢᠯ ᠲᠥᠷᠥᠯ ᠤ᠋ᠨ ᠴᠢᠨᠠᠷ ᠰᠠᠢᠲᠠᠶ ᠬᠥᠭ᠌ᠵᠢᠯᠲᠡ ᠳ᠋ᠤ ᠴᠢᠭ᠌ᠯᠡᠯ ᠤ᠋ᠨ ᠵᠢᠯᠣᠭᠣᠳᠤᠮᠵᠢ ᠪᠠ ᠦᠶ᠋ᠯᠡᠳᠦᠯᠭᠡ ᠶ᠋ᠢᠨ ᠲᠤᠯᠭᠠᠭᠤᠷᠢᠯᠠᠯ ᠬᠠᠩᠭᠠᠪᠠ᠃ ᠣᠯᠠᠨ ᠳᠠᠭᠠᠭᠤᠯᠤᠭ᠍ᠴᠢ ᠠᠵᠤ ᠠᠬᠤᠢᠯᠠᠯ ᠱᠢᠨ᠎ᠡ ᠡᠨᠧᠷᠭᠢ᠂ ᠤᠶᠤᠨᠴᠢ ᠲᠣᠨᠣᠭ᠍ᠯᠠᠯ ᠵᠡᠷᠭᠡ ᠬᠣᠱᠢᠭᠤᠷᠠᠯ ᠦᠷ᠎ᠡ ᠪᠦᠲᠦᠭᠡᠯ ᠢ᠋ᠶ᠋ᠡᠨ ᠳᠡᠯᠭᠡᠨ ᠦᠵᠡᠭᠦᠯᠵᠦ᠍᠂ ᠥᠪᠥᠷ ᠮᠣᠩᠭᠣᠯ ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠶ᠋ᠯᠡᠴᠢᠯᠡᠭᠡ ᠬᠢᠭᠡᠳ ᠠᠵᠤ ᠦᠶ᠋ᠯᠡᠰ ᠤ᠋ᠨ ᠬᠡᠷᠡᠭ᠌ᠴᠡᠭᠡ ᠱᠠᠭᠠᠷᠳᠠᠯᠭ᠎ᠠ ᠵᠢ ᠣᠨᠤᠴᠠᠲᠠᠢ ᠵᠣᠯᠭᠠᠭᠤᠯᠬᠤ ᠳ᠋ᠤ ᠠᠱᠢᠭ᠍ᠲᠠᠶ ᠯᠠᠪᠯᠠᠯᠲᠠ ᠬᠠᠩᠭᠠᠵᠡᠢ᠃

ᠲᠤᠰ ᠤᠳᠠᠭ᠎ᠠ ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠮᠥᠩᠭᠥᠨ ᠭᠦᠢᠯᠭᠡᠭᠡ᠂ ᠮᠡᠷᠭᠡᠵᠢᠯ ᠤ᠋ᠨ ᠤᠨᠳᠤᠤᠰᠢᠭᠤᠯᠤᠯᠲᠠ ᠪᠡᠷ ᠭᠤᠤᠯᠯᠠᠭᠤᠯᠤᠬᠰᠠᠨ ᠶᠠᠷᠢᠶᠠᠨ ᠤ᠋ ᠲᠠᠪᠴᠠᠩ ᠳᠡᠭᠡᠷ᠎ᠡ᠂ ᠥᠪᠥᠷ ᠮᠣᠩᠭᠣᠯ ᠤ᠋ᠨ ᠲᠥᠯᠥᠭᠡᠯᠡᠭ᠌ᠴᠢᠳ ᠤ᠋ᠨ ᠪᠦᠯᠬᠦᠮ ᠤ᠋ᠨ ᠬᠠᠷᠠᠭᠠᠰᠤ ᠪᠣᠯᠤᠨ ᠰᠡᠳᠭᠢᠴᠡ ᠤᠯᠠᠮ ᠰᠠᠷᠠᠭᠤᠯᠵᠢᠪᠠ᠃ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠢᠯᠡᠴᠢᠯᠡᠭᠡᠨ ᠤ᠋ ᠦᠢᠯᠡᠰ ᠪᠣᠯ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠪᠠ ᠠᠵᠤ ᠦᠢᠯᠡᠰ ᠤ᠋ᠨ ᠱᠢᠨ᠎ᠡ ᠵᠢ ᠡᠭᠦᠳᠬᠦ᠌ ᠵᠢ ᠬᠣᠯᠪᠣᠬᠤ ᠵᠠᠩᠭᠢᠯᠠᠭ᠎ᠠ ᠶ᠋ᠢᠨ ᠬᠥᠭᠥᠷᠭᠡ ᠮᠥᠨ᠃ ᠪᠢᠳᠠ ᠲᠤᠰ ᠤᠳᠠᠭ᠎ᠠ ᠶ᠋ᠢᠨ ᠶᠠᠷᠢᠶᠠᠨ ᠤ᠋ ᠲᠠᠪᠴᠠᠩ ᠢ᠋ᠶ᠋ᠡᠷ ᠠᠵᠠ ᠲᠣᠬᠢᠶᠠᠯ ᠪᠣᠯᠭᠠᠵᠤ᠂ ᠨᠢᠭᠡ ᠪᠦᠯᠦᠭ ᠱᠢᠨ᠎ᠡ ᠵᠢ ᠡᠭᠦᠳᠬᠦ᠌ ᠭᠣᠣᠯ ᠴᠣᠭ᠍ᠴᠠ ᠵᠢ ᠭᠣᠣᠯᠳᠠᠯᠭ᠎ᠠ ᠲᠠᠢ ᠪᠣᠢᠵᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠢᠯᠡᠴᠢᠯᠡᠭᠡᠨ ᠤ᠋ ᠦᠢᠯᠡᠰ ᠤ᠋ᠨ ᠬᠥᠭ᠌ᠵᠢᠯᠲᠡ ᠱᠢᠨ᠎ᠡ ᠳᠡᠭ᠌ᠲᠡᠷ ᠲᠦ᠍ ᠭᠠᠷᠬᠤ ᠵᠢ ᠠᠬᠢᠭᠤᠯᠤᠨ᠎ᠠ》 ᠭᠡᠵᠦ᠍ ᠬᠥᠬᠡᠬᠣᠲᠠ ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠣᠪᠴᠢᠶᠠᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ ᠣᠨᠳᠣᠣᠱᠢᠭᠤᠯᠬᠤ ᠰᠠᠯᠠᠭᠠᠨ ᠤ᠋ ᠳᠠᠷᠤᠭ᠎ᠠ ᠰᠦᠨ ᠴᠢ ᠬᠡᠯᠡᠪᠠ᠃ ᠥᠪᠥᠷ ᠮᠣᠩᠭᠣᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠶ᠋ᠯᠡᠴᠢᠯᠡᠭᠡᠨ ᠤ᠋ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠵᠢ ᠠᠬᠢᠭᠤᠯᠬᠤ 23 ᠵᠦᠶ᠋ᠯ ᠤ᠋ᠨ ᠠᠷᠭ᠎ᠠ ᠬᠡᠮᠵᠢᠶ᠎ᠡ ᠵᠢ ᠰᠠᠢᠲᠤᠷ ᠬᠡᠷᠡᠭ᠌ᠯᠡᠵᠦ᠍᠂ ᠪᠥᠬᠥ᠌ ᠬᠡᠯᠬᠢᠶ᠎ᠡ ᠪᠡᠷ ᠪᠠᠢᠷᠢᠱᠢᠭᠤᠯᠤᠨ᠂ ᠪᠥᠬᠥ᠌ ᠡᠵᠡᠩᠨᠡᠯᠲᠡ ᠶ᠋ᠢᠨ ᠬᠡᠯᠪᠡᠷᠢ ᠪᠡᠷ ᠪᠣᠢᠵᠢᠭᠤᠯᠤᠨ᠂ ᠪᠥᠬᠥ᠌ ᠶᠠᠪᠤᠴᠠ ᠪᠠᠷ ᠠᠬᠢᠭᠤᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠶ᠋ᠯᠡᠴᠢᠯᠡᠭᠡᠨ ᠤ᠋ ᠦᠶ᠋ᠯᠡᠰ ᠢ᠋ ᠶᠡᠬᠡ ᠪᠡᠷ ᠬᠥᠭ᠌ᠵᠢᠭᠦᠯᠦᠨ᠂ ᠰᠢᠯᠢᠳᠡᠭ ᠦᠶ᠋ᠯᠡᠴᠢᠯᠡᠭᠡ ᠪᠡᠷ ᠱᠢᠨ᠎ᠡ ᠵᠢ ᠡᠭᠦᠳᠬᠦ᠌ ᠵᠢ ᠠᠬᠢᠭᠤᠯᠵᠤ᠂ ᠴᠢᠨᠠᠷ ᠰᠠᠢᠲᠠᠶ ᠬᠥᠭ᠌ᠵᠢᠯᠲᠡ ᠳ᠋ᠤ ᠱᠢᠨ᠎ᠡ ᠬᠥᠳᠡᠯᠭᠡᠬᠦ᠌ ᠡᠨᠧᠷᠭᠢ ᠨᠡᠮᠡᠷᠢᠯᠡᠨ᠎ᠡ ᠭᠡᠵᠦ ᠥᠪᠡᠷᠲᠡᠭᠡᠨ ᠵᠠᠰᠠᠬᠤ ᠣᠷᠣᠨ ᠤ᠋ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠲᠢᠩᠬᠢᠮ ᠤ᠋ᠨ ᠬᠠᠷᠢᠭᠤᠴᠠᠯᠭᠠᠲᠠᠨ ᠲᠠᠨᠢᠯᠴᠠᠭᠤᠯᠵᠤ ᠭᠠᠷᠤᠯ᠎ᠠ᠃

2025 ᠤᠨ ᠤ᠋ ᠵᠦᠩ ᠭᠤᠸᠠᠨ ᠼᠦᠨ ᠤ᠋ ᠶᠠᠷᠢᠶᠠᠨ ᠤ᠋ ᠲᠠᠪᠴᠠᠩ ᠤ᠋ᠨ ᠣᠨ ᠤ᠋ ᠬᠤᠷᠠᠯ ᠳᠡᠭᠡᠷ᠎ᠡ ᠦᠬᠠᠢ ᠬᠤᠳᠠ ᠥᠨᠳᠥᠷ ᠦᠷᠳᠡᠭ ᠪᠦᠬᠦᠢ ᠠᠵᠤ ᠦᠢᠯᠡᠰ ᠤ᠋ᠨ ᠲᠦᠷᠦᠯ ᠵᠦᠢᠯ ᠢ᠋ ᠵᠣᠯᠭᠠᠭᠤᠯᠬᠤ ᠠᠵᠢᠯᠯᠠᠭ᠎ᠠ ᠵᠢᠴᠢ ᠱᠢᠨ᠎ᠡ ᠡᠨᠧᠷᠭᠢ ᠱᠢᠨ᠎ᠡ ᠮᠠᠲ᠋ᠧᠷᠢᠶᠠᠯ ᠤ᠋ᠨ ᠠᠵᠤ ᠦᠢᠯᠡᠰ ᠤ᠋ᠨ ᠲᠤᠰᠭᠠᠢ ᠲᠠᠯᠠᠪᠤᠷ ᠬᠤᠷᠠᠯ ᠡᠷᠬᠢᠯᠡᠬᠦ᠌ ᠪᠡᠷ ᠳᠠᠮᠵᠢᠨ 7 ᠲᠦᠷᠦᠯ ᠵᠦᠢᠯ ᠤ᠋ᠨ ᠭᠡᠷ᠎ᠡ ᠳᠤᠬᠢᠷᠠᠯᠴᠠᠵᠤ᠂ ᠬᠣᠯᠪᠣᠭ᠍ᠳᠠᠭ᠍ᠰᠠᠨ ᠵᠣᠭᠣᠰᠣᠨ ᠲᠣᠭ᠎ᠠ ᠨᠢ 45.075 ᠳ᠋ᠦᠩᠱᠢᠭᠤᠷ ᠲᠥᠭᠥᠷᠢᠭ ᠲᠦ᠍ ᠬᠦᠷᠴᠡᠢ᠃ ᠨᠢᠭᠡ ᠵᠢᠯ ᠤ᠋ᠨ ᠳᠠᠷᠠᠭ᠎ᠠ᠂ ᠦᠬᠠᠢ ᠬᠤᠳᠠ ᠶ᠋ᠢᠨ ᠬᠢᠨ ᠵᠦᠩ ᠭᠤᠸᠠᠨ ᠼᠦᠨ ᠤ᠋ ᠶᠠᠷᠢᠶᠠᠨ ᠤ᠋ ᠲᠠᠪᠴᠠᠩ ᠳ᠋ᠤ ᠳᠠᠬᠢᠨᠲᠠ 《ᠪᠤᠴᠠᠵᠤ》᠂ ᠬᠠᠮᠲᠤᠷᠠᠯᠴᠠᠭᠠᠨ ᠤ᠋ ᠱᠢᠨ᠎ᠡ ᠠᠵᠠ ᠲᠣᠬᠢᠶᠠᠯ ᠢ᠋ ᠡᠷᠢᠯᠬᠢᠯᠡᠪᠡ᠃

3 ᠰᠠᠷ᠎ᠠ ᠶ᠋ᠢᠨ 26 ᠤ᠋ ᠡᠳᠦᠷ᠂ ᠦᠬᠠᠶ ᠬᠢᠭᠡᠳ ᠵᠥᠩ ᠭᠤᠸᠠᠨ ᠼᠦᠨ ᠬᠥᠭ᠌ᠵᠢᠯᠲᠡ ᠶ᠋ᠢᠨ ᠪᠦᠯᠦᠭ᠌ᠯᠡᠯ ᠤ᠋ᠨ ᠬᠠᠮᠲᠤ ᠪᠡᠷ ᠪᠠᠢᠭᠤᠯᠤᠭ᠍ᠰᠠᠨ ᠦᠬᠠᠶ · ᠪᠡᠭᠡᠵᠢᠩ ᠤ᠋ᠨ ᠮᠡᠳᠡᠭᠡ ᠵᠠᠩᠭᠢ ᠶ᠋ᠢᠨ ᠬᠥᠨᠳᠡᠶ ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠲᠥᠪ ᠲᠦ᠍᠂ ᠥᠨᠳᠥᠷ ᠥᠷᠲᠡᠭ ᠪᠦᠬᠦᠢ ᠠᠵᠤ ᠦᠶ᠋ᠯᠡᠰ ᠤ᠋ᠨ ᠲᠥᠷᠥᠯ ᠵᠦᠶ᠋ᠯ ᠢ᠋ ᠵᠣᠯᠭᠠᠭᠤᠯᠬᠤ ᠬᠤᠷᠠᠯ ᠬᠥᠷ ᠬᠥᠭ᠌ᠵᠢᠶᠡᠨᠲᠡᠶ ᠶᠠᠪᠤᠭ᠍ᠳᠠᠪᠠ᠃ 30 ᠭᠠᠷᠤᠢ ᠶᠡᠬᠡ ᠳᠡᠭᠡᠳᠦ ᠰᠤᠷᠭᠠᠭᠤᠯᠢ᠂ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠪᠠᠢᠭᠤᠯᠤᠮᠵᠢ ᠪᠣᠯᠤᠨ ᠠᠵᠤ ᠠᠬᠤᠢᠯᠠᠯ ᠨᠢᠭᠡ ᠲᠠᠩᠬᠢᠮ ᠳ᠋ᠤ ᠴᠤᠭ᠍ᠯᠠᠷᠠᠵᠤ᠂ ᠠᠵᠤ ᠦᠢᠯᠡᠰ ᠤ᠋ᠨ ᠪᠠᠢᠷᠢᠱᠢᠭᠤᠯᠤᠯᠲᠠ᠂ ᠡᠬᠢ ᠪᠠᠶᠠᠯᠢᠭ ᠤ᠋ᠨ ᠳᠠᠪᠠᠭᠤᠯᠢᠭ᠂ ᠠᠷᠠᠯᠵᠢᠶᠠᠴᠢᠨ ᠤᠷᠢᠬᠤ ᠬᠡᠷᠡᠭ᠌ᠴᠡᠭᠡ ᠶ᠋ᠢᠨ ᠲᠣᠭᠣᠷᠢᠨ ᠳ᠋ᠤ ᠲᠠᠨᠢᠯᠴᠠᠭᠤᠯᠭ᠎ᠠ ᠬᠢᠵᠦ᠍᠂ 4 ᠶᠡᠬᠡ ᠳᠡᠭᠡᠳᠦ ᠰᠤᠷᠭᠠᠭᠤᠯᠢ ᠬᠦᠷᠢᠶᠡᠯᠡᠩ ᠭᠠᠵᠠᠷ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠤ᠋ᠨ ᠦᠷ᠎ᠡ ᠪᠦᠲᠦᠭᠡᠯ ᠤ᠋ᠨ ᠦᠵᠡᠭᠦᠯᠭᠡ ᠭᠠᠷᠭᠠᠵᠤ᠂ 5 ᠠᠵᠤ ᠠᠬᠤᠢᠯᠠᠯ ᠱᠢᠯᠢᠳᠡᠭ ᠲᠦᠷᠦᠯ ᠵᠦᠢᠯ ᠢ᠋ᠶ᠋ᠡᠨ ᠳᠡᠯᠭᠡᠨ ᠦᠵᠡᠭᠦᠯᠵᠦ᠍᠂ ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ ᠤ᠋ ᠲᠤᠬᠠᠢ ᠣᠨᠣᠴᠠᠲᠠᠢ ᠪᠥᠭᠡᠳ ᠭᠦᠨᠵᠡᠭᠡᠢ ᠵᠦᠪᠳᠡᠯᠴᠡᠨ ᠶᠠᠷᠢᠯᠴᠠᠵᠡᠢ᠃

ᠨᠠᠡᠭ ᠤᠯᠠᠨ ᠱᠢᠨᠵᠢᠯᠡᠬᠦ᠌ ᠤᠬᠠᠭᠠᠨᠲᠠᠨ᠂ ᠠᠵᠤ ᠠᠬᠤᠢᠯᠠᠯᠲᠠᠨ ᠦᠬᠠᠢ ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ 《ᠨᠠᠢᠵᠠ ᠶ᠋ᠢᠨ ᠲᠣᠭᠣᠷᠢᠭ》 ᠲᠦ᠍ ᠣᠷᠣᠯᠴᠠᠵᠤ ᠡᠬᠢᠯᠡᠯ᠎ᠠ᠃ ᠳᠤᠮᠳᠠᠳᠤ ᠤᠯᠤᠰ ᠤ᠋ᠨ ᠨᠡᠭᠦᠷᠡᠰᠦᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠠᠵᠤ ᠦᠢᠯᠡᠳᠪᠦᠷᠢ ᠶ᠋ᠢᠨ ᠪᠦᠯᠦᠭ᠌ᠯᠡᠯ ᠤ᠋ᠨ ᠨᠡᠭᠦᠷᠡᠰᠦᠨ ᠤ᠋ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠲᠦᠷᠦᠯ ᠵᠦᠢᠯ ᠤ᠋ᠨ ᠳᠠᠭᠠᠭᠠᠮᠠᠯ ᠴᠠᠩ ᠵᠤᠤ ᠭᠠᠩ᠄ 《ᠦᠬᠠᠢ ᠶ᠋ᠢᠨ ᠠᠵᠤ ᠦᠢᠯᠡᠰ ᠤ᠋ᠨ ᠪᠣᠬᠢᠷᠲᠤᠯ ᠦᠭᠡᠢ ᠲᠡᠢᠰᠢ ᠬᠡᠯᠪᠡᠷᠢ ᠪᠠᠨ ᠬᠤᠪᠢᠷᠠᠭᠤᠯᠬᠤ ᠮᠡᠷᠭᠡᠵᠢᠯ ᠤ᠋ᠨ ᠬᠡᠷᠡᠭ᠌ᠴᠡᠭᠡ ᠲᠤᠯᠭᠠᠮ ᠪᠠᠢᠵᠤ᠂ ᠨᠡᠭᠦᠷᠡᠰᠦᠨ ᠤ᠋ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠠᠵᠤ ᠦᠢᠯᠡᠰ ᠤ᠋ᠨ ᠬᠥᠭ᠌ᠵᠢᠯᠲᠡ ᠶ᠋ᠢᠨ ᠴᠢᠭ᠌ᠯᠡᠯ ᠲᠠᠢ ᠳᠡᠭᠡᠳᠦ ᠬᠡᠮᠵᠢᠶ᠎ᠡ ᠪᠡᠷ ᠨᠡᠢᠴᠡᠵᠦ᠍ ᠪᠠᠢᠨ᠎ᠠ᠃ ᠪᠢᠳᠠ ᠬᠡᠦᠷᠱᠢᠭᠦᠯᠬᠦ᠌ ᠪᠣᠬᠢᠷᠲᠤᠯ ᠦᠭᠡᠢ ᠥᠨᠳᠥᠷ ᠦᠷ᠎ᠡ ᠪᠦᠲᠦᠮᠵᠢᠲᠡᠢ ᠮᠡᠷᠭᠡᠵᠢᠯ ᠢ᠋ ᠲᠡᠰ ᠳᠡᠪᠱᠢᠭᠦᠯᠬᠦ᠌᠂ ᠨᠡᠭᠦᠷᠡᠰᠦ ᠪᠡᠷ ᠰᠠᠭᠤᠷᠢᠯᠠᠭ᠍ᠰᠠᠨ ᠳᠡᠭᠡᠳᠦ ᠲᠡᠰ ᠤ᠋ᠨ ᠴᠢᠳᠠᠪᠬᠢᠳᠦ ᠨᠡᠭᠦᠷᠡᠰᠦᠲᠥ᠋ᠷᠥᠭ᠌ᠴᠢ ᠶ᠋ᠢᠨ ᠮᠠᠲ᠋ᠧᠷᠢᠶᠠᠯ ᠢ᠋ ᠨᠡᠭᠡᠭᠡᠨ ᠬᠥᠭ᠌ᠵᠢᠭᠦᠯᠬᠦ᠌ ᠵᠡᠷᠭᠡ ᠬᠦᠷᠢᠶᠡᠨ ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ ᠬᠡᠷᠡᠭ᠌ᠯᠡᠭᠡ ᠵᠢ ᠠᠭᠤᠰᠤᠯᠴᠠᠭᠤᠯᠬᠤ ᠲᠠᠪᠴᠠᠩ ᠢ᠋ ᠬᠠᠮᠲᠤ ᠪᠠᠷ ᠪᠠᠢᠭᠤᠯᠵᠤ᠂ ᠦᠬᠠᠢ ᠶ᠋ᠢᠨ ᠨᠡᠭᠦᠷᠡᠰᠦ ᠬᠢᠮᠢ ᠶ᠋ᠢᠨ ᠠᠵᠤ ᠦᠢᠯᠡᠳᠪᠦᠷᠢ ᠶ᠋ᠢᠨ ᠳᠡᠭᠡᠳᠦ ᠲᠡᠰᠵᠢᠬᠦ᠌᠂ ᠨᠠᠷᠢᠯᠢᠬ᠍ᠵᠢᠬᠤ᠂ ᠪᠠᠭ᠎ᠠ ᠨᠡᠭᠦᠷᠡᠰᠦᠲᠥ᠋ᠷᠥᠭ᠌ᠴᠢᠲᠦ ᠲᠡᠢᠰᠢ ᠬᠡᠯᠪᠡᠷᠢ ᠪᠠᠨ ᠬᠤᠪᠢᠷᠠᠭᠤᠯᠬᠤ ᠳ᠋ᠤ ᠬᠦᠴᠦᠨ ᠨᠡᠮᠡᠷᠢᠯᠡᠨ᠎ᠡ》 ᠭᠡᠯ᠎ᠠ᠃

《 ᠨᠡᠬᠡᠬᠡᠯᠳᠡ ᠬᠢᠬᠦ᠌ 》 ᠪᠣᠯ ᠵᠦᠩ ᠭᠤᠸᠠᠨ ᠼᠦᠨ ᠤ᠋ ᠶᠠᠷᠢᠶᠠᠨ ᠤ᠋ ᠲᠠᠪᠴᠠᠩ ᠤ᠋ᠨ ᠭᠤᠤᠯ ᠰᠡᠳᠦᠪ ᠪᠣᠯᠬᠤ ᠪᠥᠭᠡᠳ ᠥᠪᠥᠷ ᠮᠣᠩᠭᠣᠯ ᠤ᠋ᠨ ᠱᠢᠨ᠎ᠡ ᠵᠢ ᠡᠭᠦᠳᠬᠦ᠌ ᠶ᠋ᠢᠨ ᠬᠥᠭᠡᠭᠡᠴᠡᠯᠳᠦᠯ ᠪᠣᠯᠤᠨ᠎ᠠ᠃ 《ᠪᠡᠭᠡᠵᠢᠩ ᠥᠪᠥᠷ ᠮᠣᠩᠭᠣᠯ ᠤ᠋ᠨ ᠬᠠᠮᠵᠢᠯᠴᠠᠭ᠎ᠠ》 ᠳ᠋ᠤ ᠲᠦᠱᠢᠭ᠌ᠯᠡᠨ᠂ ᠵᠦᠩ ᠭᠤᠸᠠᠨ ᠼᠦᠨ ᠤ᠋ ᠱᠢᠨ᠎ᠡ ᠵᠢ ᠡᠭᠦᠳᠬᠦ᠌ ᠭᠸᠨ ᠥᠪᠥᠷ ᠮᠣᠩᠭᠣᠯ ᠤ᠋ᠨ ᠠᠵᠤ ᠦᠢᠯᠡᠰ ᠤ᠋ᠨ ᠬᠥᠷᠥᠰᠥ᠍ ᠱᠢᠷᠣᠢ ᠯᠤᠭ᠎ᠠ ᠭᠦᠨᠵᠡᠭᠡᠢ ᠠᠭᠤᠰᠤᠯᠴᠠᠵᠤ᠂ ᠪᠡᠭᠡᠵᠢᠩ ᠥᠪᠥᠷ ᠮᠣᠩᠭᠣᠯ ᠤ᠋ᠨ ᠬᠠᠮᠵᠢᠯᠴᠠᠨ ᠱᠢᠨ᠎ᠡ ᠵᠢ ᠡᠭᠦᠳᠬᠦ᠌᠂ ᠴᠢᠨᠠᠷ ᠰᠠᠢᠲᠠᠢ ᠬᠥᠭ᠌ᠵᠢᠯᠲᠡ ᠶ᠋ᠢ ᠠᠬᠢᠭᠤᠯᠬᠤ ᠵᠢᠷᠤᠭ ᠲᠥᠰᠦᠪ ᠠᠯᠭᠤᠷ ᠳᠡᠯᠭᠡᠭ᠌ᠳᠡᠪᠡ᠃

ᠡᠨᠡ ᠵᠢᠯ ᠡᠴᠡ ᠨᠠᠭᠠᠰᠢ᠂ ᠥᠪᠤᠷ ᠮᠤᠡᠭᠭᠤᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠰᠤᠳᠤᠯᠤᠨ ᠨᠡᠭᠡᠭᠡᠯᠲᠡ ᠬᠢᠭᠡᠳ ᠠᠵᠤ ᠦᠶ᠋ᠯᠡᠰ ᠬᠡᠷᠡᠭ᠌ᠯᠡᠭᠡᠨ ᠤ᠋ ᠬᠤᠤᠰ ᠴᠢᠭ᠌ᠯᠡᠯᠲᠦ 《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠣᠭᠣᠷᠴᠣᠭ ᠬᠠᠷᠢᠶ᠎ᠠ ᠭᠠᠵᠠᠷ》 ᠢ᠋ ᠰᠦᠪᠡᠭ᠌ᠴᠢᠯᠡᠨ ᠪᠠᠢᠭᠤᠯᠵᠤ᠂ ᠲᠦᠷᠦᠭᠦᠦ ᠪᠦᠯᠦᠭ ᠲᠦ᠍ ᠳᠠᠩᠰᠠᠯᠠᠭᠤᠯᠤᠭ᠍ᠰᠠᠨ 16 ᠣᠭᠣᠷᠴᠣᠭ ᠬᠠᠷᠢᠶ᠎ᠠ ᠭᠠᠵᠠᠷ ᠲᠦ᠍ ᠪᠡᠭᠡᠵᠢᠩ ᠳ᠋ᠤ ᠪᠠᠢᠭᠤᠯᠤᠬᠳᠠᠬᠰᠠᠨ ᠨᠢ  4 ᠪᠤᠢ᠃ ᠪᠡᠭᠡᠵᠢᠩ ᠥᠪᠥᠷ ᠮᠣᠩᠭᠣᠯ (ᠢ ᠵᠤᠸᠠᠩ — ᠤᠯᠠᠭᠠᠨᠬᠠᠳᠠ) ᠤ᠋ᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠵᠢ ᠡᠭᠦᠳᠬᠦ᠌ ᠠᠵᠤ ᠦᠶ᠋ᠯᠡᠰ ᠤ᠋ᠨ ᠬᠦᠷᠢᠶᠡᠯᠡᠩ ᠢ᠋ ᠲᠦᠷᠭᠡᠳᠭᠡᠨ ᠪᠠᠢᠭᠤᠯᠵᠤ᠂ ᠵᠢᠱ᠌ᠢᠯᠲᠡ ᠪᠡᠷ 11 ᠰᠠᠷ᠎ᠠ ᠡᠴᠡ ᠡᠬᠢᠯᠡᠨ ᠠᠵᠢᠯᠯᠠᠭᠤᠯᠵᠤ᠂ 《ᠰᠤᠳᠤᠯᠤᠨ ᠨᠡᠭᠡᠭᠡᠬᠦ᠌ — ᠨᠡᠪᠴᠢᠭᠦᠯᠬᠦ᠌ — ᠤᠨᠳᠤᠤᠰᠢᠭᠤᠯᠬᠤ》 ᠪᠥᠬᠥ᠌ ᠬᠡᠯᠬᠢᠶᠡᠨ ᠤ᠋ ᠵᠠᠩᠭᠢᠯᠠᠭ᠎ᠠ ᠶ᠋ᠢᠨ ᠲᠤᠯᠬᠤ ᠴᠡᠭ ᠢ᠋ ᠪᠠᠢᠭᠤᠯᠬᠤ ᠪᠤᠯᠤᠨ᠎ᠠ᠃ 2024 ᠣᠨ ᠡᠴᠡ ᠨᠠᠭᠠᠰᠢ᠂ 《ᠪᠡᠭᠡᠵᠢᠩ ᠥᠪᠥᠷ ᠮᠣᠩᠭᠣᠯ ᠤ᠋ᠨ ᠬᠠᠮᠵᠢᠯᠴᠠᠭ᠎ᠠ》 ᠨᠢ ᠨᠠᠩ ᠣᠯᠠᠨ ᠱᠢᠨ᠎ᠡ ᠵᠢ ᠡᠭᠦᠳᠬᠦ᠌ ᠡᠬᠢ ᠪᠠᠶᠠᠯᠢᠭ ᠢ᠋ ᠬᠤᠷᠠᠮᠳᠤᠭᠤᠯᠪᠠ᠄ ᠪᠡᠭᠡᠵᠢᠩ ᠤ᠋ᠨ ᠱᠦ᠍ ᠳ᠋ᠤᠤ ᠲᠣᠮᠣ ᠬᠡᠪᠴᠢᠶᠡᠨ ᠤ᠋ ᠤᠶᠤᠨᠴᠢ ᠪᠣᠳᠣᠯᠭ᠎ᠠ ᠶ᠋ᠢᠨ ᠲᠥᠪ ᠵᠡᠷᠭᠡ 80 ᠱᠢᠬᠠᠮ ᠪᠡᠯᠭᠡ ᠲᠡᠮᠳᠡᠭ ᠤ᠋ᠨ ᠴᠢᠨᠠᠷᠲᠠᠶ ᠲᠥᠷᠥᠯ ᠵᠦᠶ᠋ᠯ ᠢ᠋ ᠨᠠᠢᠳᠠᠪᠤᠷᠢᠵᠢᠭᠤᠯᠬᠤ ᠵᠢ ᠠᠬᠢᠭᠤᠯᠵᠤ᠂ 41 ᠠᠺᠠᠳᠧᠮᠢᠴᠢ ᠶ᠋ᠢᠨ ᠪᠦᠯᠬᠦᠮ ᠢ᠋ ᠲᠠᠲᠠᠵᠤ 43 ᠪᠠᠢᠯᠳᠤᠬᠤ ᠪᠣᠳᠣᠯᠭ᠎ᠠ ᠶ᠋ᠢᠨ ᠵᠥᠪᠯᠡᠯᠭᠡ ᠥᠭ᠌ᠬᠦ ᠲᠥᠷᠥᠯ ᠵᠦᠶ᠋ᠯ ᠢ᠋ ᠥᠷᠨᠢᠭᠦᠯᠵᠦ᠍᠂ 810 ᠭᠠᠷᠤᠶ ᠵᠦᠶ᠋ᠯ ᠤ᠋ᠨ ᠱᠢᠨ᠎ᠡ ᠵᠢ ᠡᠭᠦᠳᠬᠦ᠌ ᠬᠡᠷᠡᠭ᠌ᠴᠡᠭᠡ ᠪᠠ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ ᠬᠤᠤᠰ ᠴᠢᠭ᠌ᠯᠡᠯ ᠢ᠋ᠶ᠋ᠡᠷ ᠣᠨᠤᠴᠠᠲᠠᠢ ᠳᠠᠮᠵᠢᠭᠤᠯᠵᠤ᠂ ᠵᠣᠯᠭᠠᠭᠤᠯᠤᠨ ᠰᠣᠯᠢᠯᠴᠠᠬᠤ ᠠᠵᠢᠯᠯᠠᠭ᠎ᠠ ᠵᠢ 240 ᠭᠠᠷᠤᠶ ᠲᠠᠯᠠᠪᠤᠷ ᠡᠷᠭᠢᠯᠡᠪᠡ᠃

ᠡᠨᠡ ᠬᠠᠪᠤᠷ᠂ ᠥᠪᠥᠷ ᠮᠣᠩᠭᠣᠯ ᠳ᠋ᠤ 《ᠠᠷᠪᠠᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭᠠᠨ ᠳ᠋ᠤ ᠡᠷᠡᠯᠬᠡᠭ᠌ᠯᠡᠨ ᠤᠷᠤᠭ᠍ᠰᠢᠯᠠᠬᠤ ᠬᠥᠭ᠌ᠵᠢᠯᠲᠡ ᠶ᠋ᠢᠨ ᠬᠠᠯᠠᠭᠤᠨ ᠥᠷᠨᠢᠯᠲᠡ ᠭᠠᠵᠠᠷ ᠪᠣᠯᠭᠠᠨ ᠳ᠋ᠤ ᠶᠠᠪᠤᠬᠳᠠᠵᠤ ᠪᠠᠢᠨ᠎ᠠ᠃ ᠲᠦᠷᠦᠭᠦᠬᠡᠨ ᠪᠡᠭᠡᠵᠢᠩ ᠲᠢᠶᠠᠨᠵᠢᠨ ᠾᠧᠪᠧᠶ ᠶ᠋ᠢᠨ ᠤᠯᠤᠰ ᠤ᠋ᠨ ᠮᠡᠷᠭᠡᠵᠢᠯ ᠤ᠋ᠨ ᠱᠢᠨ᠎ᠡ ᠵᠢ ᠡᠭᠦᠳᠬᠦ᠌ ᠲᠥᠪ ᠨᠢ ᠥᠪᠡᠷᠲᠡᠭᠡᠨ ᠵᠠᠰᠠᠬᠤ ᠣᠷᠣᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠢᠩᠬᠢᠮ ᠲᠠᠢ ᠭᠡᠷ᠎ᠡ ᠲᠣᠭ᠍ᠲᠠᠵᠤ᠂ ᠤᠯᠤᠰ ᠤ᠋ᠨ ᠭᠤᠤᠯᠳᠠᠯᠭ᠎ᠠ ᠲᠠᠢ ᠰᠤᠳᠤᠯᠤᠨ ᠨᠡᠭᠡᠭᠡᠬᠦ᠌ ᠲᠥᠯᠥᠪᠯᠡᠭᠡ ᠶ᠋ᠢᠨ ᠳᠤᠨᠭᠰᠤᠯᠤᠯᠲᠠ ᠶ᠋ᠢᠨ ᠴᠢᠨᠠᠷᠲᠠᠶ ᠮᠡᠷᠭᠡᠵᠢᠯ ᠤ᠋ᠨ ᠱᠢᠨ᠎ᠡ ᠵᠢ ᠡᠭᠦᠳᠬᠦ᠌ ᠭᠤᠤᠯᠳᠠᠯᠭ᠎ᠠ ᠲᠠᠢ ᠲᠤᠰᠭᠠᠶ ᠲᠥᠷᠥᠯ ᠵᠦᠶ᠋ᠯ ᠤ᠋ᠨ ᠥᠪᠥᠷ ᠮᠣᠩᠭᠣᠯ ᠤ᠋ᠨ ᠬᠠᠮᠲᠤᠷᠠᠭ᠍ᠰᠠᠨ ᠲᠥᠷᠥᠯ ᠵᠦᠶ᠋ᠯ ᠢ᠋ ᠬᠠᠮᠲᠤ ᠪᠡᠷ ᠪᠠᠢᠭᠤᠯᠵᠤ᠂ ᠤᠯᠤᠰ ᠤ᠋ᠨ ᠪᠠᠢᠯᠳᠤᠬᠤ ᠪᠣᠳᠣᠯᠭ᠎ᠠ ᠬᠢᠭᠡᠳ ᠣᠷᠣᠨ ᠪᠦᠰᠡ ᠶ᠋ᠢᠨ ᠱᠢᠨ᠎ᠡ ᠡᠭᠦᠳᠦᠯᠲᠡ ᠬᠠᠮᠵᠢᠯᠴᠠᠨ ᠬᠥᠭ᠌ᠵᠢᠬᠦ᠌᠂ ᠱᠢᠨ᠎ᠡ ᠵᠢ ᠡᠭᠦᠳᠬᠦ᠌ ᠬᠦᠴᠦᠨ᠎ᠢ ᠦᠶ᠋ᠯᠡᠳᠪᠦᠷᠢᠯᠡᠯ ᠤ᠋ᠨ ᠬᠦᠴᠦᠨ  ᠪᠤᠯᠭᠠᠨ ᠤᠨᠳᠤᠤᠰᠢᠭᠤᠯᠬᠤ ᠵᠢ ᠠᠬᠢᠭᠤᠯᠤᠭᠰᠠᠨ ᠪᠠᠢᠨ᠎ᠠ᠃

ᠡᠭᠦᠨ ᠡᠴᠡ ᠡᠮᠦᠨ᠎ᠡ᠂ ᠥᠪᠤᠷ ᠮᠤᠡᠭᠭᠤᠯ ᠨᠢᠭᠡᠨᠲᠡ ᠬᠣᠶᠠᠷ ᠵᠢᠯ ᠳᠠᠷᠠᠭᠠᠯᠠᠨ ᠵᠦᠩ ᠭᠤᠸᠠᠨ ᠼᠦᠨ ᠤ᠋ ᠪᠡᠭᠡᠵᠢᠩ ᠲᠢᠶᠠᠨᠵᠢᠨ ᠾᠸᠪᠸᠢ ᠵᠢᠨ ᠵᠡᠷᠭᠡᠴᠡᠭᠡ ᠶᠠᠷᠢᠶᠠᠨ ᠤ᠋ ᠲᠠᠪᠴᠠᠩ ᠳ᠋ᠤ ᠭᠣᠣᠯ ᠵᠣᠷᠢᠯᠲᠠᠲᠤ ᠲᠠᠨᠢᠯᠴᠠᠭᠤᠯᠭ᠎ᠠ ᠬᠢᠵᠦ᠍᠂ ᠥᠪᠥᠷ ᠮᠣᠩᠭᠣᠯ ᠤ᠋ᠨ ᠱᠢᠨ᠎ᠡ ᠵᠢ ᠡᠭᠦᠳᠬᠦ᠌ ᠲᠦᠷᠦ᠍ ᠶ᠋ᠢᠨ ᠪᠤᠳᠤᠯᠭ᠎ᠠ ᠪᠣᠯᠤᠨ ᠠᠵᠤ ᠦᠢᠯᠡᠰ ᠤ᠋ᠨ ᠳᠠᠪᠠᠭᠤᠯᠢᠭ ᠢ᠋ ᠢᠯᠡᠷᠡᠭᠦᠯᠵᠦ᠍᠂ ᠣᠷᠣᠨ ᠤ᠋ ᠭᠠᠳᠠᠨᠠᠬᠢ ᠨᠡᠩ ᠤᠯᠠᠨ ᠨᠢᠭᠡᠴᠢ ᠶ᠋ᠢᠨ ᠥᠪᠥᠷ ᠮᠣᠩᠭᠣᠯ ᠢ᠋ ᠠᠩᠬᠠᠷᠴᠤ᠌᠂ ᠥᠪᠥᠷ ᠮᠣᠩᠭᠣᠯ ᠳ᠋ᠤ ᠰᠠᠭᠤᠷᠢᠰᠢᠬᠤ ᠤᠷᠮ᠎ᠠ ᠎ᠵᠢ ᠨᠢ ᠲᠠᠲᠠᠪᠠ᠃ 《ᠵᠦᠩ ᠭᠤᠸᠠᠨ ᠼᠦᠨ ᠤ᠋ ᠶᠠᠷᠢᠶᠠᠨ ᠤ᠋ ᠲᠠᠪᠴᠠᠩ ᠳ᠋ᠤ ᠣᠷᠣᠯᠴᠠᠬᠤ ᠪᠦᠷᠢ ᠴᠥᠮ ᠱᠢᠨ᠎ᠡ ᠣᠯᠤᠯᠲᠠ᠎ᠲᠠᠶ ᠪᠠᠢᠳᠠᠭ》 ᠭᠡᠵᠦ ᠥᠪᠡᠷᠲᠡᠭᠡᠨ ᠵᠠᠰᠠᠬᠤ ᠣᠷᠣᠨ ᠤ᠋ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠲᠢᠩᠬᠢᠮ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠠᠮᠲᠤᠷᠠᠯᠴᠠᠭᠠᠨ ᠤ᠋ ᠭᠠᠵᠠᠷ ᠤ᠋ᠨ ᠳᠠᠷᠤᠭ᠎ᠠ ᠲᠦᠩ ᠶᠦᠩ ᠱᠢᠩ ᠰᠡᠳᠭᠢᠯ ᠳᠣᠭ᠍ᠳᠣᠯᠤᠨ ᠬᠡᠯᠡᠨ᠎ᠠ᠃ ᠲᠡᠷᠡ᠂ ᠥᠪᠥᠷ ᠮᠣᠩᠭᠣᠯ ᠨᠡᠭᠡᠭᠡᠯᠲᠡ ᠬᠢᠵᠦ᠍ ᠰᠣᠯᠢᠯᠴᠠᠭ᠎ᠠ ᠬᠠᠮᠲᠤᠷᠠᠯᠴᠠᠭ᠎ᠠ ᠬᠢᠬᠦ᠌ ᠵᠢ ᠪᠠᠷᠢᠮᠲᠠᠯᠠᠵᠤ᠂ ᠪᠡᠭᠡᠵᠢᠩ ᠲᠢᠶᠠᠨᠵᠢᠨ ᠾᠧᠪᠸᠢ᠂ ᠬᠥᠬᠡᠮᠥ᠋ᠷᠡᠨ ᠤ᠋ ᠭᠤᠷᠪᠠᠯᠵᠢᠨ ᠬᠣᠢᠭ᠂ ᠭᠤᠸᠠᠩᠳᠦ᠋ᠩ ᠱᠢᠶᠠᠩᠭᠠᠩ ᠣᠣᠮᠧᠨ ᠤ᠋ ᠲᠣᠮᠣ ᠪᠤᠯᠤᠩ ᠤ᠋ᠨ ᠣᠷᠣᠨ ᠵᠡᠷᠭᠡ ᠱᠢᠨ᠎ᠡ ᠵᠢ ᠡᠭᠦᠳᠬᠦ᠌ ᠡᠬᠢ ᠪᠠᠶᠠᠯᠢᠭ ᠲᠥᠪᠯᠡᠷᠡᠭ᠌ᠰᠡᠨ ᠭᠠᠵᠠᠷ ᠣᠷᠣᠨ ᠲᠠᠢ ᠭᠦᠨᠵᠡᠭᠡᠶ ᠵᠣᠯᠭᠠᠯᠴᠠᠵᠤ᠂ ᠨᠠᠩ ᠣᠯᠠᠨ ᠬᠥᠮᠦᠨ ᠳ᠋ᠤ ᠥᠪᠥᠷ ᠮᠣᠩᠭᠣᠯ ᠤ᠋ᠨ ᠣᠨᠴᠠᠯᠢᠭ ᠪᠠ ᠳᠠᠪᠠᠭᠤᠯᠢᠭ ᠢ᠋ ᠣᠢᠯᠠᠭᠠᠭᠤᠯᠵᠤ᠂ ᠨᠠᠩ ᠣᠯᠠᠨ ᠪᠠᠢᠭᠤᠯᠤᠮᠵᠢ᠂ ᠪᠦᠯᠬᠦᠮ ᠨᠡᠢᠲᠡ ᠵᠢ ᠬᠥᠲᠥᠯᠥᠨ ᠵᠢᠯᠣᠭᠣᠳᠴᠤ᠌ ᠥᠪᠥᠷ ᠮᠣᠩᠭᠣᠯ ᠳ᠋ᠤ ᠨᠤᠳᠤᠭᠰᠢᠭᠤᠯᠤᠨ᠎ᠠ ᠭᠡᠯ᠎ᠠ᠃

ᠤᠷᠢᠬᠠᠨ ᠬᠠᠪᠤᠷ ᠰᠠᠭᠠᠲᠠᠵᠤ᠂ ᠲᠦᠮᠡᠨ ᠪᠣᠳᠠᠰ ᠠᠮᠢᠯᠠᠨ ᠲᠥᠯᠵᠢᠨ᠎ᠡ᠃ ᠥᠪᠥᠷ ᠮᠣᠩᠭᠣᠯ ᠶᠠᠭ 《ᠨᠡᠭᠡᠭᠡᠯᠲᠡ ᠬᠢᠵᠦ᠍ ᠬᠠᠮᠲᠤᠷᠠᠯᠴᠠᠨ ᠱᠢᠨ᠎ᠡ ᠵᠢ ᠡᠭᠦᠳᠬᠦ᠌》 ᠤᠷᠮ᠎ᠠ ᠵᠤᠷᠢᠭ᠎ᠢ ᠬᠦᠭᠵᠢᠭᠡᠬᠦ ᠬᠥᠭ ᠠᠶᠠᠰ ᠢ᠋ ᠴᠢᠪᠬᠠᠳᠠᠵᠤ᠂ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠤ᠋ᠨ ᠰᠣᠯᠢᠯᠴᠠᠭ᠎ᠠ ᠬᠠᠮᠲᠤᠷᠠᠯᠴᠠᠭ᠎ᠠ ᠵᠢ ᠴᠢᠩᠭᠠᠳᠭᠠᠨ᠂ ᠱᠢᠨ᠎ᠡ ᠵᠢ ᠡᠭᠦᠳᠬᠦ᠌ ᠬᠦᠴᠦᠨ ᠵᠦᠢᠯ ᠢ᠋ ᠬᠤᠷᠠᠮᠳᠤᠭᠤᠯᠵᠤ᠂ ᠠᠮᠢᠵᠢᠷᠠᠯ ᠤ᠋ᠨ ᠬᠦᠴᠦᠨ ᠪᠢᠯᠬᠠᠬᠰᠠᠨ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠤ᠋ᠨ ᠱᠢᠨ᠎ᠡ ᠵᠢ ᠡᠭᠦᠳᠬᠦ᠌ ᠤᠷᠢᠬᠠᠨ ᠬᠠᠪᠤᠷ ᠢ᠋ ᠤᠭ᠍ᠲᠤᠨ ᠠᠪᠴᠢᠷᠠᠵᠦ ᠪᠠᠢᠨᠠᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号