ᠥᠪᠥᠷ ᠮᠣᠩᠭᠣᠯ ᠤ᠋ᠨ ᠦᠪᠡᠷᠲᠡᠭᠡᠨ ᠵᠠᠰᠠᠬᠤ ᠤᠷᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶᠠ ᠡᠴᠡ ᠣᠢᠯᠠᠭᠠᠭ᠍ᠰᠠᠨ ᠵᠢᠡᠷ᠂ ᠣᠢᠷᠠᠳᠤ᠂ ᠤᠯᠤᠰ ᠤ᠋ᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶᠠ ᠲᠠᠪᠤᠳᠤᠭᠠᠷ ᠪᠦᠯᠦᠭ ᠤ᠋ᠨ ᠤᠯᠤᠰ ᠤ᠋ᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠤᠰᠭᠠᠶ ᠮᠡᠷᠭᠡᠵᠢᠯᠲᠡᠨ ᠢ᠋ ᠤᠷᠢᠨ ᠲᠣᠮᠢᠯᠠᠬᠤ ᠨᠡᠷᠡᠰ ᠢ᠋ ᠨᠡᠢᠲᠡᠯᠡᠵᠦ᠍᠂ ᠥᠪᠥᠷ ᠮᠣᠩᠭᠣᠯ ᠤ᠋ᠨ 14 ᠦᠨᠳᠦᠰᠦᠨ ᠱᠠᠲᠤᠨᠤ ᠣᠶ ᠱᠢᠭᠤᠶ ᠪᠠ ᠨᠤᠲᠤᠭ ᠪᠡᠯᠴᠢᠭᠡᠷ ᠤ᠋ᠨ ᠴᠢᠳᠠᠪᠤᠷᠢᠲᠠᠨ ᠰᠤᠩᠭᠤᠭᠳᠠᠪᠠ᠃
ᠲᠣᠰ ᠤᠳᠠᠭᠠ ᠬᠢᠨᠠᠨ ᠬᠠᠷᠭᠤᠭᠤᠯᠤᠯᠲᠠᠳᠤ ᠬᠢᠷᠢ ᠲᠡᠩᠴᠡᠭ᠌ᠰᠡᠨ ᠤᠷᠤᠨ ᠨᠤᠲᠤᠭ ᠤ᠋ᠨ 14 ᠲᠤᠰᠭᠠᠶ ᠮᠡᠷᠭᠡᠵᠢᠯᠲᠡᠨ ᠤᠢ ᠰᠢᠭᠤᠢ ᠪᠠ ᠨᠤᠲᠤᠭ ᠪᠡᠯᠴᠢᠭᠡᠷ ᠤ᠋ᠨ ᠦᠢᠯᠡᠳᠪᠦᠷᠢᠯᠡᠯ ᠤ᠋ᠨ ᠡᠮᠤᠨᠡ ᠹᠷᠤᠨᠲ ᠲᠤ᠌ ᠭᠦᠨᠵᠡᠭᠡᠢᠷᠡᠵᠤ᠂ ᠲᠤᠰᠬᠠᠢ ᠮᠡᠷᠭᠡᠵᠢᠯ ᠤ᠋ᠨ ᠲᠠᠯᠠ ᠪᠡᠷ ᠠᠮᠢ ᠠᠬᠤᠶᠶ᠋ᠢ ᠵᠠᠰᠠᠨ ᠰᠡᠷᠭᠦᠭᠡᠬᠦ᠌᠂ ᠰᠠᠢᠨ ᠡᠭᠦᠯᠳᠡᠷ ᠪᠣᠢᠵᠢᠭᠤᠯᠬᠤ᠂ ᠠᠵᠤ ᠠᠬᠤᠶᠶ᠋ᠢᠨ ᠣᠶᠶ᠋ᠢᠨ ᠲᠠᠷᠢᠮᠠᠯ᠂ ᠣᠶᠶ᠋ᠢᠨ ᠳᠤᠤᠷᠠᠬᠢ ᠠᠵᠤ ᠠᠬᠤᠶ ᠵᠡᠷᠭᠡ ᠣᠯᠠᠨ ᠵᠠᠩᠭᠢᠯᠠᠭᠠᠶ᠋ᠢᠨ ᠬᠦᠷᠢᠶᠡᠶ᠋ᠢ ᠬᠠᠮᠤᠷᠴᠠᠶ᠃ ᠲᠡᠳᠡ ᠤᠯᠠᠨ ᠵᠢᠯ ᠤ᠋ᠨ ᠲᠤᠷᠰᠢ ᠬᠤᠷᠠᠮᠳᠤᠭᠤᠯᠤᠭ᠍ᠰᠠᠨ ᠦᠢᠯᠡᠳᠦᠯᠭᠡᠶ᠋ᠢᠨ ᠲᠤᠷᠱᠢᠯᠭᠠᠪᠠᠨ ᠪᠤᠳᠠᠲᠤ ᠬᠡᠷᠡᠭ᠌ᠯᠡᠭᠡᠨᠦ ᠮᠡᠷᠭᠡᠵᠢᠯ ᠪᠣᠯᠭᠠᠨ ᠦᠭᠡᠷᠡᠴᠢᠯᠡᠵᠤ᠂ ᠱᠢᠨᠵᠢᠯᠡᠬᠦ᠌ ᠤᠬᠠᠭᠠᠨᠤ ᠰᠤᠳᠤᠯᠭᠠᠨᠤ ᠦᠷᠡ ᠪᠦᠲᠦᠭᠡᠯ ᠵᠢᠡᠨ ᠲᠠᠷᠢᠶᠠᠴᠢᠳ ᠢ᠋ ᠬᠠᠪᠰᠤᠷᠴᠤ᠌ ᠠᠷᠠᠳ ᠢ᠋ ᠪᠠᠶᠠᠵᠢᠭᠤᠯᠬᠤ ᠠᠵᠤ ᠦᠢᠯᠡᠰ ᠤ᠋ᠨ ᠦᠷᠡ ᠠᠱᠢᠭ ᠪᠣᠯᠭᠠᠨ ᠬᠤᠪᠢᠷᠠᠭᠤᠯᠵᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠢ᠋ ᠳᠡᠯᠭᠡᠷᠡᠭᠦᠯᠬᠦ᠌᠂ ᠠᠵᠤ ᠦᠢᠯᠡᠰ ᠢ᠋ ᠳᠠᠢᠴᠢᠯᠠᠬᠤ ᠵᠡᠷᠭᠡ ᠲᠠᠯᠠ ᠪᠡᠷ ᠴᠢᠬᠤᠯᠠ ᠬᠥᠭᠥᠷᠭᠡ ᠬᠣᠯᠪᠣᠭᠠᠰᠤᠶ᠋ᠢᠨ ᠦᠢᠯᠡᠳᠦᠯ ᠦᠵᠡᠭᠦᠯᠵᠦ᠍ ᠪᠤᠢ᠃
ᠤᠯᠤᠰ ᠤ᠋ᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶᠠ ᠡᠴᠡ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠤᠰᠭᠠᠶ ᠮᠡᠷᠭᠡᠵᠢᠯᠲᠡᠨ ᠢ᠋ ᠰᠣᠩᠭᠣᠨ ᠤᠷᠢᠬᠤ ᠠᠵᠢᠯ ᠢ᠋ ᠡᠬᠢᠯᠡᠭᠦᠯᠦᠭ᠌ᠰᠡᠨᠡᠴᠡ ᠨᠠᠭᠠᠰᠢ᠂ ᠥᠪᠥᠷ ᠮᠣᠩᠭᠣᠯ ᠣᠶ ᠱᠢᠭᠤᠶ ᠪᠠ ᠨᠤᠲᠤᠭ ᠪᠡᠯᠴᠢᠭᠡᠷ ᠤ᠋ᠨ ᠦᠨᠳᠦᠰᠦᠨ ᠱᠠᠲᠤᠨᠤ ᠴᠢᠳᠠᠪᠤᠷᠢᠲᠠᠨᠤ ᠡᠩᠨᠡᠭᠡᠶ᠋ᠢᠨ ᠪᠠᠢᠭᠤᠯᠤᠯᠲᠠᠶ᠋ᠢ ᠳᠡᠭᠡᠳᠦ ᠬᠡᠮᠵᠢᠶᠡᠪᠡᠷ ᠴᠢᠬᠤᠯᠠᠴᠢᠯᠠᠵᠤ᠂ ᠪᠣᠢᠵᠢᠭᠤᠯᠬᠤ᠂ ᠱᠢᠯᠢᠨ ᠰᠣᠩᠭᠣᠬᠤ ᠪᠠ ᠦᠶ᠋ᠯᠡᠴᠢᠯᠡᠬᠦ᠌ ᠡᠷᠴᠢᠮ ᠵᠢᠡᠨ ᠲᠠᠰᠤᠷᠠᠯᠲᠠ ᠦᠭᠡᠢ ᠴᠢᠩᠭᠠᠷᠠᠭᠤᠯᠤᠨ᠂ ᠣᠶ ᠱᠢᠭᠤᠶ ᠪᠠ ᠨᠤᠲᠤᠭ ᠪᠡᠯᠴᠢᠭᠡᠷ ᠤ᠋ᠨ 50 ᠴᠢᠳᠠᠪᠤᠷᠢᠲᠠᠨ ᠤᠯᠤᠰ ᠤ᠋ᠨ ᠲᠠᠰ ᠤ᠋ᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠤᠰᠭᠠᠶ ᠮᠡᠷᠭᠡᠵᠢᠯᠲᠡᠨ ᠵᠢᠡᠷ ᠦᠨᠡᠯᠡᠭᠳᠡᠵᠤ᠂ ᠵᠢᠱ᠌ᠢᠶᠡ ᠦᠵᠡᠭᠦᠯᠵᠦ᠍ ᠬᠥᠲᠥᠯᠥᠨ ᠳᠠᠭᠠᠭᠤᠯᠬᠤ ᠦᠶ᠋ᠯᠡᠳᠦᠯᠨᠢ ᠡᠳᠦᠷ ᠢᠷᠡᠬᠦᠶᠡ ᠲᠣᠪᠣᠢᠮᠠ ᠪᠣᠯᠵᠣ᠂ ᠮᠠᠨᠤ ᠣᠷᠣᠨᠤ ᠣᠶ ᠱᠢᠭᠤᠶ ᠪᠠ ᠨᠤᠲᠤᠭ ᠪᠡᠯᠴᠢᠭᠡᠷ ᠤ᠋ᠨ ᠠᠮᠢ ᠠᠬᠤᠶᠶ᠋ᠢᠨ ᠪᠥᠲᠥᠭᠡᠨ ᠪᠠᠢᠭᠤᠯᠤᠯᠲᠠᠶ᠋ᠢ ᠠᠬᠢᠭᠤᠯᠬᠤ᠂ ᠬᠥᠳᠡᠭᠡ ᠲᠣᠰᠭᠣᠨᠤ ᠠᠵᠤ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤᠳᠤ ᠴᠢᠬᠤᠯᠠ ᠬᠤᠪᠢ ᠨᠡᠮᠡᠷᠢ ᠦᠵᠡᠭᠦᠯᠪᠡ᠃