ᠠᠮᠢᠳᠤᠷᠠᠯ᠎ᠦᠨ ᠬᠠᠳᠠᠭᠤ ᠨᠤᠬᠤᠴᠠᠭᠠᠨ᠎ᠢ 《ᠠᠮᠢᠨ ᠬᠠᠢᠷ᠎ᠠ》 ᠪᠡᠷ᠎ᠢᠶᠡᠨ ᠲᠠᠪᠠᠨ᠎ᠠ
2026-04-07 10:20:17
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

— ᠪᠦᠬᠦ ᠤᠯᠤᠰ᠎ᠦᠨ ᠶᠤᠰᠤ ᠰᠤᠷᠳᠠᠬᠤᠨ᠎ᠦ ᠵᠢᠱ᠌ᠢᠶᠡᠴᠢ ᠰᠤᠷᠤᠨ᠎ᠠ ᠵᠢ ᠲᠡᠮᠳᠡᠭᠯᠡᠪᠡ

                                    

ᠰᠤᠷᠪᠤᠯᠵᠢᠯᠠᠭ᠍ᠴᠢ ᠨᠡᠷ᠎ᠡ ᠵᠢ ᠵᠡᠭᠦᠵᠦ ᠶᠠᠪᠤᠭ᠎ᠠ ᠠᠷᠪᠠᠭᠠᠳ ᠵᠢᠯ᠎ᠤᠨ ᠲᠤᠷᠰᠢ᠂ ᠪᠠᠶᠠᠷᠳᠠᠢ ᠭᠤᠨᠢᠬᠲᠠᠢ ᠦᠯᠢᠭᠡᠷ ᠤᠴᠠᠷᠠᠯ᠎ᠲᠠᠩᠳᠠ ᠲᠤᠬᠢᠶᠠᠯᠳᠤᠳᠠᠬ ᠪᠤᠯᠪᠠᠴᠤ ᠶᠡᠷᠦ ᠨᠢ ᠲᠦᠯᠭᠡᠭᠡᠨ ᠲᠠᠢᠪᠤᠭᠤᠬᠠᠨ ᠵᠢᠡᠷ ᠲᠡᠮᠳᠡᠭᠯᠡᠵᠦ ᠵᠢᠷᠤᠬᠯᠠᠵᠤ ᠶᠠᠪᠤᠯ᠎ᠠ᠃ ᠬᠠᠷᠢᠨ ᠮᠡᠭᠰᠢᠳᠡᠯ᠎ᠡ ᠪᠡᠨ ᠤᠬᠢᠯᠠᠵᠤ ᠦᠭᠡ ᠪᠡᠨ ᠶᠠᠷᠢᠵᠤ ᠴᠢᠳᠠᠯ ᠦᠭᠡᠢ ᠵᠦᠪᠬᠡᠨ ᠤᠳᠠᠰᠤᠨ ᠨᠤᠮᠸᠷ᠎ᠢ ᠨᠢ ᠯᠠ ᠦᠯᠡᠳᠡᠭᠡᠵᠦ ᠠᠪᠤᠭᠰᠠᠨ ᠮᠠᠨᠢ ᠬᠠᠷᠢᠨ ᠠᠩᠬ᠎ᠠ  ᠤᠳᠠᠭ᠎ᠠ ᠶᠤᠮ᠃


7bcbcfce-b74e-4df1-9316-a82e3a9af35e.png


ᠰᠤᠷᠤᠨ᠎ᠠ ᠵᠢᠨ ᠦᠢᠯᠡ ᠠᠵᠢᠯᠯᠠᠭ᠎ᠠ ᠪᠡᠷ ᠰᠡᠳᠦᠪᠯᠡᠭᠰᠡᠨ ᠵᠦᠴᠦᠬᠡ ᠵᠢᠨ ᠬᠡᠰᠡᠭ ᠦᠵᠡᠭᠳᠡᠯ


ᠭᠤᠷᠪᠠᠨ ᠰᠠᠷ᠎ᠠ ᠵᠢᠨ ᠡᠬᠢ ᠪᠡᠷ᠂ ᠮᠠᠨ᠎ᠤ ᠰᠤᠷᠪᠤᠯᠵᠢᠯᠠᠭ᠎ᠠ ᠵᠢᠨ ᠪᠦᠯᠬᠦᠮ᠎ᠤᠨ ᠬᠢᠨ ᠤᠷᠢᠯᠭ᠎ᠠ ᠪᠡᠷ ᠬᠢᠩᠭᠠᠨ ᠠᠢᠮᠠᠭ᠎ᠤᠨ ᠡᠮᠡᠭ᠌ᠲᠡᠢᠴᠦᠳ᠎ᠦᠨ ᠬᠣᠯᠪᠣᠭ᠎ᠠ ᠡᠴᠡ ᠵᠤᠬᠢᠶᠠᠨ ᠪᠠᠢᠭᠤᠯᠤᠬᠰᠠᠨ 《ᠲᠡᠷᠡ ᠬᠦ᠌ ᠡᠭᠦᠳᠡ᠎ᠶ᠋ᠢ ᠨᠡᠭᠡᠭᠡᠬᠦᠶ᠎ᠡ》 ᠭᠡᠬᠦ ᠦᠵᠡᠭ᠌ᠳᠡᠯᠲᠦ ᠵᠦᠴᠦᠭᠡ ᠵᠢ ᠰᠤᠨᠢᠷᠬᠠᠪᠠ᠃ ᠲᠤᠰ ᠵᠦᠴᠦᠭᠡ ᠨᠢ ᠲᠤᠬᠠᠢ ᠵᠢᠨ ᠭᠠᠵᠠᠷ ᠤᠷᠤᠨ᠎ᠤ ᠨᠦᠯᠦᠭᠡ ᠶᠡᠭᠡᠲᠡᠢ ᠭᠤᠷᠪᠠᠨ ᠡᠮᠡᠭᠳᠡᠢ ᠵᠢ ᠵᠦᠴᠦᠭᠡ ᠪᠤᠯᠭᠠᠨ ᠲᠤᠬᠯᠠᠭᠰᠠᠨ ᠪᠠᠢᠯ᠎ᠠ᠃ ᠡᠭᠦᠨ ᠳ᠋ᠦ 《ᠪᠤᠰᠤᠳ᠎ᠤᠨ ᠲᠥᠯᠥᠭᠡ ᠦᠪᠡᠷ᠎ᠢ ᠪᠡᠨ ᠦᠷᠡᠭᠳᠡᠬᠦᠯᠦᠭᠰᠡᠨ》 ᠵᠦᠴᠦᠭᠡ ᠵᠢᠨ ᠦᠵᠡᠭᠳᠡᠯ ᠨᠢ ᠰᠤᠷᠪᠤᠯᠵᠢᠯᠠᠭᠴᠢ ᠵᠢᠨ ᠰᠡᠳᠬᠢᠯ᠎ᠢ ᠶᠠᠭᠠᠬᠢᠬᠤ ᠵᠢᠨ ᠠᠷᠭ᠎ᠠ ᠦᠭᠡᠢ ᠬᠦᠨᠳᠡᠵᠡᠢ᠃ ᠵᠦᠴᠦᠭᠡ ᠵᠢᠨ ᠭᠤᠤᠯ ᠪᠠᠭᠠᠳᠤᠷ᠎ᠤᠨ ᠤᠭ ᠲᠦᠷᠢ ᠪᠤᠯ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠤᠯᠠᠭᠠᠨᠮᠤᠳᠤ ᠰᠤᠮᠤ ᠵᠢᠨ ᠰᠠᠷᠠᠨᠲᠠᠢ ᠭᠠᠴᠠᠭ᠎ᠠ ᠵᠢᠨ ᠮᠠᠯᠴᠢᠨ ᠰᠤᠷᠤᠨ᠎ᠠ ᠪᠣᠯᠤᠨ᠎ᠠ᠃ ᠲᠠᠢᠰᠠᠨ ᠳᠡᠭᠡᠷ᠎ᠡ ᠰᠤᠷᠤᠨ᠎ᠠ ᠪᠡᠷ ᠤᠭ ᠲᠦᠷᠢ ᠪᠤᠯᠭᠠᠭᠰᠠᠨ 《ᠲᠤᠶᠠᠭ᠎ᠠ ᠠᠨᠢᠶ᠎ᠠ》 ᠲᠦᠷᠡᠯᠵᠡᠭᠰᠡᠨ ᠭᠠᠯ᠎ᠳᠦ ᠳᠠᠭᠠᠷᠢᠨ ᠣᠷᠣᠵᠤ ᠵᠡᠷᠭᠡᠯᠡᠳᠡᠭᠡ᠎ᠠᠢᠯ᠎ᠤᠨ ᠬᠤᠶᠠᠷ ᠬᠡᠦᠬᠡᠳ᠎ᠢ  ᠤᠷᠢᠳ ᠵᠢᠡᠷ ᠠᠪᠤᠷᠠᠵᠤ᠂ ᠦᠪᠡᠷ᠎ᠤᠨ ᠬᠠᠢᠷᠠᠲᠠᠢ ᠬᠦᠦ᠍᠎ᠪᠡᠨ ᠠᠯᠳᠠᠭ᠍ᠰᠠᠨ ᠪᠠᠢᠨ᠎ᠠ᠃ ᠬᠤᠷᠢᠭᠠᠳ ᠵᠢᠯ᠎ᠤᠨ ᠡᠮᠦᠨᠡᠬᠢ ᠮᠠᠯᠴᠢᠨ ᠰᠤᠷᠤᠨ᠎ᠠ᠎ᠳ᠋ᠤ ᠲᠤᠬᠢᠶᠠᠯᠳᠤᠭᠰᠠᠨ ᠦᠬᠦᠵᠦ᠍ ᠰᠡᠬᠡᠬᠦ᠌᠎ᠶ᠋ᠢᠨ ᠰᠣᠩᠭᠣᠯᠲᠠ᠎ᠵᠢ ᠲᠠᠬᠢᠨᠳᠠ ᠵᠦᠴᠦᠭᠡ ᠵᠢᠨ ᠬᠡᠯᠪᠡᠷᠢ ᠪᠡᠷ ᠤᠯᠠᠨ᠎ᠤ ᠡᠮᠦᠨ᠎ᠡ ᠢᠩᠬᠢᠵᠦ ᠲᠡᠯᠭᠡᠯ᠎ᠡ᠃ ᠵᠦᠴᠦᠭᠡ ᠲᠤᠬᠯᠠᠵᠤ ᠪᠠᠷᠠᠬᠤ ᠲᠠᠢ ᠵᠡᠷᠭᠡ ᠵᠦᠴᠦᠭᠡ ᠵᠢᠨ ᠤᠭ ᠲᠦᠷᠢ — ᠰᠤᠷᠤᠨ᠎ᠠ ᠲᠠᠢᠰᠠᠨ᠎ᠠ ᠭᠠᠷᠴᠤ ᠢᠷᠡᠯ᠎ᠡ᠂ ᠨᠠᠮᠬᠠᠨ ᠪᠡᠶ᠎ᠡ ᠲᠠᠢ᠂ ᠡᠶᠡᠯᠳᠡᠭ ᠬᠠᠷᠠᠴᠠ ᠲᠠᠢ᠂ ᠰᠢᠳᠠᠬᠳᠠᠬᠰᠠᠨ ᠰᠢᠷᠬ᠎ᠠ ᠰᠤᠷᠪᠢ ᠲᠠᠢ ᠡᠨᠡ ᠠᠭᠤᠤ ᠡᠵᠢ ᠵᠢ ᠬᠠᠷᠠᠬᠰᠠᠨ ᠪᠦᠬᠦᠨ᠎ᠤ ᠨᠢᠳᠦ ᠵᠠᠢᠷᠳᠦᠨ ᠨᠢᠯᠪᠤᠰᠤ ᠮᠡᠯᠳᠡᠭᠡᠨᠡᠨ᠎ᠡ᠃ ᠵᠦᠪᠬᠡᠨ ᠦᠪᠡᠷ ᠵᠢᠡᠨ ᠡᠴᠢᠭᠡ ᠡᠭᠡ ᠪᠤᠯᠤᠭᠰᠠᠨ ᠬᠦᠮᠦᠨ ᠰᠠᠶᠢ ᠡᠢᠨ᠎ᠬᠦ ᠡᠮᠭᠡᠨᠢᠯ ᠬᠠᠢᠷ᠎ᠠ᠎ᠶ᠋ᠢ ᠬᠡᠨ ᠡᠴᠡ ᠴᠸ᠋ ᠢᠯᠡᠭᠦᠦ ᠣᠢᠯᠠᠭᠠᠬᠤ ᠪᠠᠢᠬ᠎ᠠ᠃ ᠠᠭᠤᠤ ᠶᠡᠭᠡ ᠠᠳᠠᠯ᠎ᠠ ᠪᠡᠨ ᠬᠦᠭᠡᠷᠦᠭᠦᠢ ᠡᠨᠡ ᠡᠵᠢ ᠵᠢ 《ᠶᠠᠭᠠᠬᠢᠪᠠᠴᠤ ᠰᠤᠷᠪᠤᠯᠵᠢᠯᠠᠶ᠎ᠠ》 ᠭᠡᠳ ᠭᠠᠷᠬᠤ ᠡᠭᠦᠳᠡ ᠵᠢ ᠨᠢ ᠲᠤᠰᠴᠤ ᠬᠦᠯᠢᠶᠡᠭᠰᠡᠨ ᠰᠤᠷᠪᠤᠯᠵᠢᠯᠠᠭᠴᠢ ᠰᠤᠷᠤᠨ᠎ᠠ ᠡᠵᠢ ᠵᠢ ᠦᠵᠡᠩᠬᠦᠳᠡ ᠪᠠᠨ ᠬᠠᠷᠢᠨ ᠲᠠᠭᠤ ᠠᠯᠳᠠᠨ ᠮᠡᠭᠰᠢᠵᠦ᠂ ᠶᠠᠭᠤ ᠴᠸ᠋ ᠠᠰᠠᠭᠤᠵᠤ ᠴᠢᠳᠠᠭᠰᠠᠨ ᠦᠭᠡᠢ᠃

ᠠᠷᠪᠠᠭᠠᠳ ᠡᠳᠦᠷ᠎ᠤᠨ ᠬᠢᠨᠢ ᠲᠠᠷᠠᠭ᠎ᠠ᠂ ᠰᠤᠷᠤᠨ᠎ᠠ ᠡᠵᠢ ᠲᠠᠢ ᠤᠳᠠᠰᠤ ᠪᠡᠷ ᠬᠠᠷᠢᠯᠴᠠᠵᠦ᠂ ᠰᠤᠷᠪᠤᠯᠵᠢᠯᠠᠭ᠎ᠠ ᠪᠠᠨ ᠲᠠᠬᠢᠨᠳᠠ ᠦᠷᠬᠦᠯᠵᠢᠯᠡᠬᠦᠯᠦᠭᠰᠡᠨ ᠮᠢᠨᠢ ᠡᠨᠡ ᠪᠢᠯᠡ᠃ 2008 ᠣᠨ᠎ᠤ 9 ᠰᠠᠷ᠎ᠠ᠎ᠶ᠋ᠢᠨ 6 ᠎ᠤ᠋ ᠦᠳᠡ᠎ᠳᠦ᠂ ᠰᠤᠷᠤᠨ᠎ᠠ᠎ᠶ᠋ᠢᠨ 4 ᠨᠠᠰᠤᠲᠠᠢ ᠬᠦᠦ ᠨᠢ ᠵᠡᠷᠭᠡᠯᠡᠳᠡᠭᠡ ᠠᠢᠯ᠎ᠤᠨ ᠬᠣᠶᠠᠷ ᠬᠡᠦᠬᠡᠳ᠎ᠲᠡᠶ ᠬᠠᠮᠲᠤ ᠭᠠᠳᠠᠨ᠎ᠠ ᠦᠷᠦᠭᠡᠨ ᠳ᠋ᠤᠨᠢ ᠨᠠᠭᠠᠳᠴᠤ ᠪᠠᠢᠪᠠ᠃ ᠬᠤᠢᠲᠤ ᠦᠷᠦᠭᠡᠨ ᠳ᠋ᠦ ᠪᠠᠨ ᠦᠳᠡ ᠵᠢᠨ ᠬᠤᠭᠤᠯᠠ ᠪᠠᠵᠠᠭᠠᠵᠤ ᠪᠠᠢᠭᠰᠠᠨ ᠰᠤᠷᠤᠨ᠎ᠠ ᠬᠡᠨᠡᠳᠲᠡ ᠬᠡᠤᠬᠡᠳ᠎ᠤᠨ ᠤᠬᠢᠯᠠᠬᠤ ᠲᠠᠭᠤᠨ ᠲᠤᠭᠤᠯᠳᠠᠬᠤ ᠪᠡᠷ ᠭᠠᠳᠠᠷ ᠦᠷᠦᠭᠡᠨ ᠳ᠋ᠤ ᠪᠡᠨ ᠭᠠᠷᠴᠤ ᠦᠵᠡᠪᠡᠯ᠂ ᠴᠢᠶᠢᠦ᠍᠎ᠶ᠋ᠢᠨ ᠲᠦᠩᠰᠠ ᠤᠩᠬᠤᠯᠢᠵᠤ᠂ ᠭᠠᠯ ᠭᠠᠷᠴᠤ᠌᠂ ᠵᠡᠷᠭᠡᠯᠡᠳᠡᠭᠡ ᠠᠢᠯ᠎ᠤᠨ ᠨᠢᠭᠡ ᠭᠡᠤᠬᠡᠳ᠎ᠤᠨ ᠬᠢᠨᠢ ᠪᠡᠶ᠎ᠡ ᠳᠡᠭᠡᠷ᠎ᠡ ᠭᠠᠯ ᠳᠦᠷᠡᠯᠵᠡᠵᠦ᠂ ᠨᠦᠭᠦᠭᠡ ᠬᠡᠦᠭᠡᠳ ᠨᠢ ᠬᠠᠵᠠᠭᠤ᠎ᠳᠤᠨᠢ ᠵᠣᠭ᠍ᠰᠣᠵᠤ ᠪᠠᠯᠠᠭ ᠠᠯᠳᠠᠨ᠂ ᠦᠪᠡᠷ᠎ᠤᠨ ᠬᠢᠨᠢ ᠬᠦᠦ ᠨᠢ ᠴᠢᠶᠢᠦ᠍᠎ᠶ᠋ᠢᠨ ᠲᠦᠩᠰᠠ ᠵᠢ ᠲᠦᠰᠢᠵᠦ ᠪᠤᠰᠬᠠᠬᠤ ᠪᠡᠷ ᠤᠷᠤᠯᠳᠤᠵᠤ ᠪᠠᠢᠵᠠᠢ᠃ ᠬᠤᠢᠳᠤ ᠦᠷᠦᠭᠡᠨ ᠳ᠋ᠤᠨᠢ ᠲᠦᠯᠡᠭᠡ ᠲᠦᠯᠡᠵᠦ ᠪᠠᠢᠭᠰᠠᠨ ᠪᠤᠯᠬᠤᠷ᠂ ᠭᠠᠵᠠᠷ ᠠᠰᠬᠠᠭᠰᠠᠨ ᠴᠢᠶᠢᠦ᠍ ᠭᠠᠯ᠎ᠦᠨ ᠰᠤᠷ ᠵᠤᠯᠭᠠᠵᠤ ᠭᠠᠯ ᠭᠠᠷᠤᠭᠰᠠᠨ ᠠᠵᠢ᠃ ᠠᠶᠤᠯ ᠲᠦᠭᠰᠢᠭᠦᠷᠢ ᠵᠢᠨ ᠡᠮᠦᠨ᠎ᠡ᠂ ᠦᠷ᠎ᠡ ᠪᠡᠨ ᠬᠠᠮᠠᠭᠠᠯᠠᠬᠤ ᠪᠤᠯ ᠡᠭᠡ ᠬᠦᠮᠦᠨ᠎ᠤ ᠲᠥᠷᠥᠯᠬᠢ ᠴᠢᠨᠠᠷ ᠶᠤᠮ᠃  ᠭᠡᠳᠡᠯ᠎ᠡ ᠰᠤᠷᠤᠨ᠎ᠠ ᠬᠠᠷᠢᠨ 《ᠲᠣᠰᠣᠨ ᠲᠦᠩᠰᠠ᠎ᠶ᠋ᠢ ᠪᠢᠲᠡᠭᠡᠶ ᠬᠥᠳᠡᠯᠭᠡ》 ᠭᠡᠵᠦ᠍ ᠪᠠᠷᠬᠢᠷᠠᠬᠤ ᠵᠢᠨ ᠲᠠᠭᠠᠤ ᠬᠣᠶᠠᠷ ᠭᠠᠷ᠎ᠢᠶᠠᠷ᠎ᠢᠶᠠᠨ ᠵᠡᠷᠭᠡᠯᠡᠳᠡᠭᠡ ᠠᠢᠯ᠎ᠤᠨ ᠬᠡᠦᠬᠡᠳ᠎ᠢ ᠤᠷᠢᠳ ᠵᠢᠡᠷ ᠴᠢᠷᠴᠦ᠍ ᠭᠠᠷᠭᠠᠵᠠᠢ᠂ ᠲᠠᠬᠢᠭᠠᠳ ᠪᠤᠴᠠᠬᠤ ᠦᠶ᠎ᠡ᠎ᠳᠦ ᠪᠦᠬᠦ᠌ ᠭᠡᠷ ᠨᠢ ᠨᠢᠭᠡᠨᠲᠡ ᠭᠠᠯ ᠵᠤᠯᠭᠠᠴᠢᠬᠠᠵᠠᠢ᠂ ᠬᠦᠦ ᠪᠡᠨ ᠠᠪᠤᠷᠠᠵᠤ  ᠭᠠᠷᠭᠠᠬᠤ ᠪᠡᠷ ᠲᠡᠷᠡ ᠠᠮᠢ ᠲᠡᠮᠡᠴᠡᠨ ᠲᠦᠷᠡᠯᠵᠡᠭᠰᠡᠨ ᠭᠠᠯ ᠤᠷᠤᠭᠤ ᠲᠦᠷᠢᠨ ᠤᠷᠤᠪᠠ᠂ ᠵᠤᠯ ᠵᠢᠡᠷ ᠵᠡᠷᠭᠡᠯᠡᠳᠡᠭᠡ ᠠᠢᠯ᠎ᠤᠨ ᠬᠢᠨᠢ ᠠᠮᠵᠢᠨ ᠢᠷᠡᠵᠦ᠂ ᠲᠡᠬᠦᠨ᠎ᠢ ᠭᠠᠯ ᠲᠤᠢᠮᠠᠷ ᠡᠴᠡ ᠠᠪᠤᠷᠠᠵᠠᠢ᠃ ᠬᠡᠪᠡᠴᠦ ᠲᠡᠭᠦᠨ᠎ᠤ ᠠᠮᠢᠨ ᠬᠠᠢᠷ᠎ᠠ ᠲᠠᠢ ᠬᠦᠦ ᠨᠢ ᠦᠨᠢᠳᠡ ᠲᠡᠭᠦᠨ ᠡᠴᠨ ᠰᠠᠯᠵᠤ  ᠤᠳᠴᠠᠢ᠃

ᠰᠤᠷᠤᠨ᠎ᠠ᠎ᠶ᠋ᠢᠨ ᠪᠦᠬᠦ᠌ ᠪᠡᠶ᠎ᠡ᠎ᠶ᠋ᠢᠨ 65% ᠨᠢ ᠰᠢᠳᠠᠭᠳᠠᠵᠤ᠂ ᠬᠣᠶᠠᠷ ᠭᠠᠷ᠎ᠤᠨ ᠬᠢᠨᠢ ᠠᠷᠠᠰᠤ ᠨᠢ ᠱᠠᠭᠠᠷᠠᠵᠤ᠂ ᠴᠡᠭᠡᠵᠢ ᠵᠢᠨ ᠪᠡᠶ᠎ᠡ  ᠪᠣᠯᠤᠨ ᠬᠣᠶᠠᠷ ᠬᠥᠯ ᠨᠢ ᠬᠦᠨᠳᠦ ᠰᠢᠷᠬᠠᠳᠤᠭᠰᠠᠨ ᠪᠠᠢᠨ᠎ᠠ᠃ ᠥᠪᠥᠷ ᠮᠣᠩᠭᠣᠯ᠎ᠤᠨ ᠴᠡᠷᠢᠭ᠎ᠦᠨ ᠲᠣᠭᠣᠷᠢᠭ᠎ᠤᠨ 253 ᠡᠮᠨᠡᠯᠭᠡ᠎ᠶ᠋ᠢᠨ ᠬᠣᠷᠢᠶᠠᠨ᠎ᠳᠤ ᠲᠠᠪᠤ ᠤᠳᠠᠭᠠᠨ᠎ᠤ ᠠᠷᠠᠰᠤ ᠰᠠᠭᠤᠯᠭᠠᠬᠤ ᠮᠡᠰᠡ ᠵᠠᠰᠠᠯ ᠵᠢᠡᠷ ᠲᠠᠮᠵᠢᠨ ᠲᠡᠷᠡ ᠭᠠᠢᠬᠠᠮᠱᠢᠭ᠍ᠲᠠᠢ᠎ᠪᠠᠷ ᠡᠳᠡᠭᠡᠷᠡᠯ᠎ᠡ᠃ ᠠᠷᠠᠰᠤ ᠮᠢᠬ᠎ᠠ᠎ᠶ᠋ᠢᠨ ᠵᠣᠪᠠᠯᠠᠩ᠎ᠢ ᠠᠯᠠᠬ ᠦᠷ᠎ᠠ ᠪᠡᠨ ᠠᠯᠳᠠᠭ᠍ᠰᠠᠨ ᠰᠢᠨᠠᠯᠭᠠᠯ ᠲᠠᠢ ᠬᠠᠷᠢᠴᠠᠭᠤᠯᠪᠠᠯ ᠶᠠᠭᠤᠨ ᠬᠡᠯᠡᠬᠦᠪ? 《ᠱᠢᠷᠬ᠎ᠠ ᠬᠡᠳᠦᠢ ᠡᠪᠡᠳᠪᠡᠴᠦ᠂ ᠬᠡᠦᠭᠡᠳ᠎ᠢᠶᠡᠨ ᠠᠯᠳᠠᠬᠰᠠᠨ ᠰᠡᠳᠬᠢᠯ᠎ᠤᠨ ᠡᠮᠵᠡᠭᠯᠡᠯ᠎ᠢ ᠬᠦᠷᠬᠦ ᠦᠭᠡᠢ᠂ ᠦᠷᠦ  ᠵᠢᠷᠦᠭᠡ ᠵᠢ ᠤᠷᠠᠵᠤ ᠪᠠᠢᠭ᠎ᠠ ᠰᠢᠬ ᠪᠠᠢᠵᠠᠢ》 ᠬᠡᠵᠦ ᠰᠤᠷᠤᠨ᠎ᠠ ᠲᠤᠬᠠᠢ ᠵᠢᠨ ᠦᠶ᠎ᠡ ᠪᠡᠨ ᠡᠷᠭᠢᠴᠡᠭᠦᠯᠬᠦ ᠳ᠋ᠦ ᠬᠤᠭᠤᠯᠠᠢ ᠨᠢ ᠡᠷᠢᠶᠠᠨᠳᠦᠨ᠎ᠠ ᠁

ᠭᠠᠰᠠᠯᠠᠩ ᠵᠣᠪᠠᠯᠠᠩ᠎ᠤᠨ ᠳᠤᠮᠳᠠ ᠰᠠᠶᠢ ᠬᠥᠮᠦᠨ ᠴᠢᠨᠠᠷ᠎ᠤᠨ  ᠭᠢᠯᠪᠠᠭ᠎ᠠ ᠰᠠᠴᠤᠷᠠᠳᠠᠬ᠃ ᠲᠡᠭᠦᠨ᠎ᠤ ᠦᠬᠦᠵᠦ ᠰᠡᠭᠡᠬᠦ ᠰᠤᠩᠭᠤᠯᠳᠠ ᠵᠢᠨ ᠡᠮᠦᠨ᠎ᠡ ᠦᠪᠡᠷ᠎ᠢ ᠪᠡᠨ ᠦᠷᠡᠭᠳᠡᠭᠦᠯᠵᠦ ᠪᠤᠰᠤᠳ᠎ᠢ ᠠᠪᠤᠷᠠᠬᠰᠠᠨ ᠪᠤᠶᠨᠨᠰᠠᠬ ᠦᠢᠯᠡ ᠨᠢ ᠨᠡᠢᠭᠡᠮ᠎ᠤᠨ ᠡᠯ᠎ᠡ ᠡᠲᠡᠭᠡᠳ᠎ᠤᠨ ᠬᠠᠢᠷ᠎ᠠ ᠬᠠᠯᠠᠮᠵᠢ ᠬᠠᠯᠠᠭᠤᠨ ᠲᠡᠮᠵᠢᠯᠭᠡ ᠵᠢ ᠬᠦᠷᠳᠡᠵᠡᠢ᠃ 2010 ᠣᠨ᠎ᠳᠤ᠂ ᠰᠤᠷᠤᠨ᠎ᠠ ᠵᠢᠨ ᠬᠢᠨ ᠰᠢᠨ᠎ᠡ ᠪᠠᠢᠰᠢᠩ ᠪᠤᠰᠬᠠᠵᠤ ᠱᠢᠨ᠎ᠡ ᠠᠮᠢᠳᠤᠷᠠᠯ ᠵᠢᠡᠨ ᠡᠬᠢᠯᠡᠭᠦᠯᠪᠡ᠃ 2023 ᠣᠨ᠎ᠳᠤ᠂ ᠰᠤᠷᠤᠨ᠎ᠠ ᠲᠠᠬᠢᠨᠳᠠ ᠦᠷ᠎ᠡ ᠵᠢᠨ ᠵᠤᠯᠠᠢ ᠦᠨᠦᠰᠴᠤ᠂ ᠡᠩᠭᠦᠷᠡᠢ ᠬᠡᠤᠬᠡᠨ ᠳ᠋ᠡᠭᠡᠨ 《ᠬᠠᠢᠷ᠎ᠠ》 ᠭᠡᠳᠡᠭ ᠨᠡᠷ᠎ᠡ ᠬᠠᠢᠷᠠᠯᠠᠪᠠ᠃ 《ᠨᠡᠢᠭᠡᠮ ᠨᠡᠢᠳᠡ ᠨᠠᠳᠠ᠎ᠳᠤ ᠬᠣᠶᠠᠳᠤᠭᠠᠷ ᠤᠳᠠᠭᠠᠨ᠎ᠤ ᠠᠮᠢ ᠨᠠᠰᠤ᠎ᠶ᠋ᠢ ᠣᠯᠭᠣᠪᠠ᠂ ᠪᠢ ᠡᠨᠡ ᠬᠦ᠌ ᠬᠠᠢᠷ᠎ᠠ᠎ᠶ᠋ᠢ ᠬᠡᠵᠢᠶᠡᠳᠡ ᠴᠡᠭᠡᠵᠢᠯᠡᠵᠦ᠂ ᠥᠨᠢ  ᠡᠭᠦᠷᠢᠳᠡ ᠳᠠᠮᠵᠢᠭᠤᠯᠤᠨ᠎ᠠ》 ᠬᠡᠵᠦ ᠰᠤᠷᠤᠨ᠎ᠠ ᠬᠡᠯᠡᠯ᠎ᠡ᠃

ᠰᠤᠷᠤᠨ᠎ᠠ᠎ᠶ᠋ᠢᠨ ᠠᠭᠤᠤ ᠬᠠᠢᠷ᠎ᠠ ᠵᠢᠨ ᠦᠢᠯᠡ ᠠᠵᠢᠯᠯᠠᠭ᠎ᠠ ᠪᠣᠯ ᠲᠠᠯ᠎ᠠ ᠨᠤᠲᠤᠭ᠎ᠤᠨ ᠡᠭᠡᠴᠦᠦᠯ᠎ᠤᠨ ᠵᠣᠷᠢᠭ ᠰᠠᠨᠠᠭᠠᠨ᠎ᠤ ᠬᠤᠷᠢᠶᠠᠩᠭᠤᠢᠯᠠᠯ ᠪᠣᠯᠤᠨ᠎ᠠ᠃ ᠲᠡᠷᠡ ᠦᠨᠡᠨᠳᠡᠭᠡᠨ ᠥᠪᠡᠷ᠎ᠦᠨ ᠬᠡᠦᠬᠡᠳ᠎ᠢᠶᠡᠨ ᠤᠷᠢᠳ ᠵᠢᠡᠷ ᠠᠪᠤᠷᠠᠵᠤ ᠪᠤᠯᠳᠠᠭ ᠪᠠᠢᠭᠰᠠᠨ᠂ ᠭᠡᠪᠡᠴᠦ᠍ ᠲᠡᠷᠡ ᠤᠷᠢᠳ᠎ᠢᠶᠠᠷ ᠵᠡᠷᠭᠡᠯᠡᠳᠡᠭᠡ ᠠᠢᠯ᠎ᠤᠨ ᠬᠡᠦᠬᠡᠳ᠎ᠢ ᠠᠪᠤᠷᠠᠵᠠᠢ; ᠲᠡᠷᠡ ᠪᠡᠶ᠎ᠡ ᠮᠠᠬᠠᠪᠤᠳ  ᠪᠤᠯᠤᠨ ᠰᠡᠳᠬᠢᠯ ᠰᠠᠨᠠᠭᠠᠨ᠎ᠤ ᠰᠢᠷᠬᠠᠯᠠᠯ ᠲᠠᠷᠴᠢᠯᠠᠭᠠᠯ ᠳ᠋ᠦ᠎ᠠᠮᠢᠳᠤᠷᠠᠬᠤᠢ ᠵᠢᠨ ᠢᠳᠡᠭᠡᠯ ᠵᠤᠷᠢᠭ ᠵᠢᠡᠨ ᠠᠯᠳᠠᠭᠰᠠᠨ ᠦᠭᠡᠢ᠂ ᠵᠡᠮᠳᠡᠭ ᠪᠤᠯᠤᠬᠰᠠᠨ ᠬᠣᠶᠠᠷ ᠭᠠᠷ᠎ᠢᠶᠠᠷ᠎ᠢᠶᠠᠨ ᠱᠢᠨ᠎ᠡ ᠠᠮᠢᠯᠠᠯ᠎ᠤᠨ ᠬᠦᠰᠡᠯ ᠡᠷᠡᠮᠡᠯᠵᠡᠯ᠎ᠢ ᠡᠷᠭᠦᠵᠦ᠂ ᠤᠷᠢᠳ ᠬᠣᠵᠢᠳ ᠪᠦᠬᠦ ᠤᠯᠤᠰ᠎ᠤᠨ ᠶᠣᠰᠣ ᠰᠤᠷᠲᠠᠬᠤᠨ᠎ᠤ ᠵᠢᠱ᠌ᠢᠶᠡᠴᠢ᠂ ᠲᠠᠯ᠎ᠠ ᠨᠤᠲᠤᠭ᠎ᠤᠨ ᠠᠷᠪᠠᠨ ᠭᠠᠷᠮᠠᠭᠠᠶ ᠡᠵᠢ ᠵᠡᠷᠭᠡ ᠢᠷᠠᠭᠤ ᠠᠯᠳᠠᠷ᠎ᠢ ᠭᠥᠷᠳᠡᠵᠦ ᠶᠠᠪᠤᠵᠠᠢ; ᠲᠡᠷᠡ᠂ ᠨᠡᠢᠭᠡᠮ᠎ᠦᠨ ᠬᠠᠢᠷ᠎ᠠ ᠬᠠᠯᠠᠮᠵᠢ᠎ᠶ᠋ᠢ ᠲᠡᠭᠡᠳᠦᠯᠡᠨ ᠨᠠᠨᠳᠢᠩᠨᠠᠵᠦ᠂ ᠬᠠᠯᠠᠭᠤᠨ ᠬᠠᠢᠷ᠎ᠠ ᠨᠢᠩᠵᠢᠨ ᠰᠡᠳᠬᠢᠯ ᠨᠢᠭᠡᠪᠦᠷᠢ᠎ᠵᠢ ᠪᠦᠷ ᠠᠮᠢᠳᠤᠷᠠᠯ᠎ᠤᠨ ᠵᠢᠡᠨ ᠬᠥᠳᠡᠯᠭᠡᠬᠦ᠌ ᠬᠦᠴᠦᠨ ᠪᠣᠯᠭᠠᠵᠤ᠂ ᠠᠮᠢᠳᠤᠷᠠᠯ ᠵᠢᠡᠨ ᠪᠤᠰᠬᠠᠵᠤ ᠶᠠᠪᠤᠨ᠎ᠠ᠃

ᠵᠢᠷ᠎ᠦᠨ ᠮᠠᠯᠴᠢᠨ ᠪᠦᠰᠡᠭᠦᠢ ᠵᠢᠨ ᠶᠡᠭᠡ ᠬᠠᠢᠷ᠎ᠠ ᠵᠢᠨ ᠦᠯᠢᠭᠡᠷ ᠲᠠᠯ᠎ᠠ ᠨᠤᠳᠤᠭ ᠲᠸ᠋ ᠦᠷᠬᠦᠯᠵᠢᠯᠡᠨ ᠲᠠᠮᠵᠢᠭᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号