ᠲᠦᠷᠦᠭᠦᠭᠡᠨ ᠤᠯᠤᠰ᠎ᠤᠨ ᠠᠭᠠᠷ᠎ᠤᠨ ᠠᠶᠠᠯᠠᠯ᠂ ᠰᠢᠶᠠᠮᠧᠨᠦ
ᠠᠭᠠᠷ᠎ᠤᠨ ᠠᠶᠠᠯᠠᠯ᠂ ᠳᠤᠮᠳᠠᠳᠤ ᠤᠯᠤᠰ᠎ᠤᠨ ᠬᠣᠯᠪᠣᠭᠠᠲᠤ ᠠᠭᠠᠷ᠎ᠤᠨ ᠠᠶᠠᠯᠠᠯ ᠵᠡᠷᠭᠡ ᠣᠯᠠᠨ ᠠᠭᠠᠷ᠎ᠤᠨ ᠠᠶᠠᠯᠠᠯ᠎ᠤᠨ
ᠺᠤᠮᠫᠠᠨᠢ ᠠᠯᠪᠠᠨ ᠵᠠᠷᠯᠠᠯ ᠨᠡᠢᠲᠡᠯᠡᠵᠦ᠂ ᠤᠯᠤᠰ᠎ᠤᠨ ᠳᠣᠲᠣᠭᠠᠳᠤ᠎ᠶᠢᠨ ᠠᠭᠠᠷ᠎ᠤᠨ ᠠᠶᠠᠯᠠᠯ᠎ᠤᠨ ᠠᠶᠠᠨᠴᠢᠳ᠎ᠤᠨ
ᠵᠦᠭᠡᠭᠡᠪᠦᠷᠢ᠎ᠶᠢᠨ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ ᠬᠤᠷᠢᠶᠠᠬᠤ ᠪᠠᠷᠢᠮᠵᠢᠶ᠎ᠠ᠎ᠳᠤ ᠲᠣᠬᠢᠷᠠᠭᠤᠯᠤᠯᠲᠠ
ᠬᠢᠭᠰᠡᠨ᠎ᠢ ᠮᠡᠳᠡᠭᠳᠡᠪᠡ᠃
2026 ᠣᠨ᠎ᠤ 4 ᠰᠠᠷ᠎ᠠ᠎ᠶᠢᠨ 5 ᠤ ᠡᠳᠦᠷ ᠡᠴᠠ ᠡᠬᠢᠯᠡᠨ
ᠪᠣᠷᠣᠯᠠᠭᠤᠯᠬᠤ ᠠᠶᠠᠨᠴᠢᠳ᠎ᠤᠨ ᠪᠢᠯᠧᠲ᠎ᠤᠨ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ ᠬᠤᠷᠢᠶᠠᠬᠤ
ᠪᠠᠷᠢᠮᠵᠢᠶ᠎ᠠ᠎ᠶᠢ ᠢᠨᠭᠭᠢᠵᠦ ᠲᠤᠬᠢᠷᠠᠭᠤᠯᠪᠠ᠄
800 ᠺᠢᠯᠣᠮᠧᠲᠷ᠎ᠠᠴᠠ
ᠳᠣᠷᠣᠭ᠍ᠰᠢᠬᠢ ᠠᠶᠠᠯᠠᠯ᠎ᠤᠨ ᠬᠡᠰᠡᠭ᠎ᠲᠦ ᠠᠶᠠᠨᠴᠢᠨ ᠨᠢᠭᠡᠪᠦᠷᠢ᠎ᠡᠴᠡ 60 ᠲᠥᠭᠥᠷᠢᠭ ᠬᠤᠷᠢᠶᠠᠨ᠎ᠠ;
800 ᠺᠢᠯᠣᠮᠧᠲᠷ᠎ᠠᠴᠠ
ᠳᠡᠭᠡᠭᠰᠢᠬᠢ ᠠᠶᠠᠯᠠᠯ᠎ᠤᠨ ᠬᠡᠰᠡᠭ᠎ᠲᠦ ᠠᠶᠠᠨᠴᠢᠨ ᠨᠢᠭᠡᠪᠦᠷᠢ ᠡᠴᠡ 120 ᠲᠥᠭᠥᠷᠢᠭ ᠬᠤᠷᠢᠶᠠᠨ᠎ᠠ᠃
ᠨᠠᠰᠤᠨ᠎ᠳᠤ ᠬᠦᠷᠦᠭᠰᠡᠳ᠎ᠦᠨ ᠡᠩ᠎ᠦᠨ ᠪᠢᠯᠧᠲ᠎ᠦᠨ ᠦᠨ᠎ᠡ᠎ᠶᠢᠨ
10% ᠵᠢᠨ ᠬᠠᠷᠠᠭᠠᠯᠵᠠᠯ ᠬᠦᠷᠲᠡᠵᠦ ᠪᠠᠢᠭ᠎ᠠ ᠨᠢᠯᠬ᠎ᠠ ᠬᠡᠦᠬᠡᠳ ᠡᠴᠡ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ
ᠰᠦᠢᠳᠬᠡᠯ ᠬᠤᠷᠢᠶᠠᠬᠤ ᠦᠭᠡᠢ᠃
ᠨᠠᠰᠤᠨ᠎ᠳᠤ ᠬᠦᠷᠦᠭᠰᠡᠳ᠎ᠦᠨ ᠡᠩ᠎ᠦᠨ ᠪᠢᠯᠧᠲ᠎ᠤᠨ ᠦᠨ᠎ᠡ᠎ᠶᠢᠨ
50% ᠵᠢᠨ ᠬᠠᠷᠠᠭᠠᠯᠵᠠᠯ ᠬᠦᠷᠲᠡᠵᠦ ᠪᠠᠢᠭ᠎ᠠ ᠬᠡᠦᠬᠡᠳ᠂ ᠬᠤᠪᠢᠰᠬᠠᠯᠲᠤ ᠵᠡᠮᠳᠡᠭ ᠴᠡᠷᠢᠭ ᠪᠣᠯᠣᠨ ᠠᠯᠪᠠᠨ ᠶᠠᠪᠤᠳᠠᠯ᠎ᠢᠶᠠᠷ
ᠵᠡᠮᠳᠡᠭ ᠪᠣᠯᠤᠭᠰᠠᠨ ᠠᠷᠠᠳ᠎ᠤᠨ ᠴᠠᠭᠳᠠᠭ᠎ᠠ ᠵᠡᠷᠭᠡ ᠵᠢᠨ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ
ᠬᠤᠷᠢᠶᠠᠬᠤ ᠪᠠᠷᠢᠮᠵᠢᠶ᠎ᠠ᠄
800 ᠺᠢᠯᠣᠮᠧᠲᠷ᠎ᠠᠴᠠ
ᠳᠣᠷᠣᠭ᠍ᠰᠢᠬᠢ ᠠᠶᠠᠯᠠᠯ᠎ᠤᠨ ᠬᠡᠰᠡᠭ᠎ᠲᠦ ᠠᠶᠠᠨᠴᠢᠨ ᠨᠢᠭᠡᠪᠦᠷᠢ᠎ᠡᠴᠡ 30 ᠲᠥᠭᠥᠷᠢᠭ ᠬᠤᠷᠢᠶᠠᠨ᠎ᠠ;
800 ᠺᠢᠯᠣᠮᠧᠲᠷ᠎ᠠᠴᠠ
ᠳᠡᠭᠡᠭᠰᠢᠬᠢ ᠠᠶᠠᠯᠠᠯ᠎ᠤᠨ ᠬᠡᠰᠡᠭ᠎ᠲᠦ ᠠᠶᠠᠨᠴᠢᠨ ᠨᠢᠭᠡᠪᠦᠷᠢ ᠡᠴᠡ 60 ᠲᠥᠭᠥᠷᠢᠭ ᠬᠤᠷᠢᠶᠠᠨ᠎ᠠ᠃
ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ᠎ᠤᠨ
ᠡᠬᠢᠯᠡᠵᠦ ᠬᠤᠷᠢᠶᠠᠬᠤ ᠡᠳᠦᠷ᠎ᠢ ᠤᠤᠯ᠎ᠤᠨ ᠪᠢᠯᠧᠲ ᠭᠠᠷᠭᠠᠭᠰᠠᠨ ᠡᠳᠦᠷ ᠵᠢᠡᠷ ᠪᠠᠷᠢᠮᠵᠢᠶ᠎ᠠ ᠪᠣᠯᠭᠠᠵᠤ᠂
2026 ᠣᠨ᠎ᠤ 4 ᠰᠠᠷ᠎ᠠ᠎ᠶᠢᠨ 5 ᠤ ᠡᠳᠦᠷ᠎ᠡᠴᠡ ᠡᠮᠦᠨ᠎ᠡ ᠪᠣᠷᠣᠯᠠᠭᠤᠯᠵᠤ ᠪᠠᠢᠭᠰᠠᠨ ᠤᠯᠤᠰ᠎ᠤᠨ ᠳᠣᠲᠣᠭᠠᠳᠤ᠎ᠶᠢᠨ
ᠠᠶᠠᠨᠴᠢᠨ᠎ᠤ ᠪᠢᠯᠧᠲ᠎ᠢ ᠬᠤᠪᠢᠷᠠᠭᠤᠯᠤᠭᠠᠳ 2026 ᠣᠨ᠎ᠤ 4 ᠰᠠᠷ᠎ᠠ᠎ᠶᠢᠨ 5 ᠤ ᠡᠳᠦᠷ (ᠪᠠᠭᠲᠠᠨ᠎ᠠ)᠎ᠡᠴᠡ
ᠰᠡᠭᠦᠯᠡᠷ ᠪᠣᠯᠭᠠᠭᠰᠠᠨ᠎ᠤ ᠳᠠᠷᠠᠭ᠎ᠠ᠂ ᠨᠢᠭᠡᠨᠲᠡ ᠬᠤᠷᠢᠶᠠᠭᠰᠠᠨ ᠰᠢᠲᠠᠭᠠᠯᠭ᠎ᠠ᠎ᠶᠢᠨ ᠲᠣᠰᠣᠨ᠎ᠤ ᠨᠡᠮᠡᠯᠲᠡ ᠰᠦᠢᠳᠬᠡᠯ᠎ᠢ
ᠪᠤᠴᠠᠭᠠᠬᠤ ᠦᠭᠡᠢ ᠮᠦᠷᠲᠡᠭᠡᠨ ᠨᠡᠮᠡᠵᠦ ᠬᠤᠷᠢᠶᠠᠬᠤ ᠦᠭᠡᠢ᠃
ᠢᠷᠡᠯᠲᠡ᠄ ᠲᠦᠪ ᠲᠸᠯᠸᠰ ᠤ᠋ᠨ ᠰᠤᠨᠢᠨ ᠮᠡᠳᠡᠭᠡ