ᠥᠪᠥᠷ ᠮᠣᠩᠭᠣᠯ᠎ᠤᠨ ᠠᠩᠬᠠᠳᠠᠭ᠍ᠴᠢ 《ᠬᠦᠴᠢᠷ ᠶᠠᠪᠤᠳᠠᠯ᠎ᠢ ᠪᠦᠲᠦᠭᠡᠬᠦ》 ᠴᠣᠩᠬᠤᠪᠴᠢ ᠶᠠᠮᠠᠷ ᠤᠴᠢᠷ᠎ᠢ ᠰᠢᠢᠳᠪᠦᠷᠢᠯᠡᠵᠦ ᠪᠠᠢᠭ᠎ᠠ ᠪᠤᠯ?
2026-04-07 19:13:03
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠦᠷᠦᠭᠦᠭᠡᠨ ᠤᠯᠠᠭᠠᠨᠴᠠᠪ ᠬᠣᠲᠠ ᠦᠪᠦᠷ ᠮᠤᠨᠭᠭᠤᠯ᠎ᠤᠨ ᠠᠩᠬᠠᠳᠠᠭ᠍ᠴᠢ 《ᠬᠦᠴᠢᠷ ᠶᠠᠪᠤᠳᠠᠯ᠎ᠢ ᠪᠦᠲᠦᠭᠡᠬᠦ》 ᠴᠣᠩᠬᠤᠪᠴᠢ ᠭᠠᠷᠭᠠᠨ ᠠᠵᠢᠯᠯᠠᠭᠤᠯᠵᠦ ᠡᠬᠢᠯᠡᠪᠡ᠃

ᠲᠤᠰ 《ᠬᠦᠴᠢᠷ ᠶᠠᠪᠤᠳᠠᠯ᠎ᠢ ᠪᠦᠲᠦᠭᠡᠬᠦ》 ᠴᠣᠩᠬᠤᠪᠴᠢ᠎ᠳᠦ ᠬᠡᠪ᠎ᠦᠨ ᠠᠷᠭ᠎ᠠ ᠵᠠᠮ᠎ᠢᠶᠠᠷ ᠵᠦᠪᠰᠢᠶᠡᠷᠡᠭᠳᠡᠭᠰᠡᠨ ᠦᠬᠡᠢ᠂ ᠭᠦᠢᠴᠡᠳᠬᠡᠵᠦ ᠳᠡᠶ᠋ᠢᠯᠦᠭᠰᠡᠨ ᠦᠭᠡᠢ ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠦ ᠵᠦᠢᠯᠡᠰ; ᠣᠯᠠᠨ ᠰᠠᠯᠠᠭ᠎ᠠ ᠮᠥᠴᠢᠷ᠎ᠲᠦ ᠬᠣᠯᠪᠣᠭᠳᠠᠬᠤ᠂ ᠲᠣᠳᠣᠷᠬᠠᠢ ᠬᠠᠷᠢᠭᠤ ᠦᠭᠡᠢ᠂ ᠬᠡᠪ᠎ᠦᠨ ᠶᠠᠪᠤᠴᠠ ᠵᠢᠡᠷ ᠠᠬᠢᠭᠤᠯᠬᠤ᠎ᠶᠢᠨ ᠠᠷᠭ᠎ᠠ ᠦᠭᠡᠢ ᠵᠦᠢᠯᠡᠰ; ᠠᠵᠤ ᠠᠬᠤᠢᠯᠠᠯ᠎ᠤᠨ ᠲᠥᠷᠥᠯ ᠵᠦᠢᠯ᠎ᠢ ᠬᠢᠨᠠᠨ ᠵᠥᠪᠰᠢᠶᠡᠷᠡᠬᠦᠯᠬᠦ᠂ ᠲᠥᠷᠥᠯ ᠵᠦᠢᠯ ᠪᠣᠯᠭᠠᠨ ᠳᠠᠩᠰᠠᠯᠠᠭᠤᠯᠬᠤ᠂ ᠭᠠᠵᠠᠷ ᠬᠡᠷᠡᠭᠯᠡᠬᠦ ᠲᠥᠯᠦᠪᠵᠢᠭᠦᠯᠭᠡ ᠬᠢᠬᠦ᠂ ᠦᠢᠯᠡᠳᠪᠦᠷᠢᠯᠡᠯ ᠡᠵᠡᠩᠨᠡᠯᠲᠡ ᠬᠢᠬᠦ᠂ ᠬᠢᠷᠢ ᠬᠡᠮ᠎ᠤᠨ ᠭᠦᠢᠴᠡᠳᠬᠡᠯ ᠬᠢᠬᠦ ᠵᠡᠷᠭᠡ ᠲᠠᠯ᠎ᠠ᠎ᠶᠢᠨ ᠲᠦᠪᠡᠭᠲᠡᠢ ᠠᠰᠠᠭᠤᠳᠠᠯ; ᠣᠯᠠᠨ ᠲᠦᠮᠡᠨ᠎ᠦ ᠠᠵᠢᠯ ᠶᠠᠪᠤᠳᠠᠯ ᠭᠦᠢᠴᠡᠳᠬᠡᠬᠦ ᠶᠠᠪᠤᠴᠠ᠎ᠳᠤ ᠲᠤᠯᠭᠠᠷᠠᠭᠰᠠᠨ ᠰᠠᠭᠠᠳ ᠳᠦᠭᠵᠢᠷᠡᠯ᠂ ᠲᠥᠷᠥ᠎ᠶᠢᠨ ᠪᠣᠳᠣᠯᠭ᠎ᠠ᠎ᠶᠢᠨ ᠵᠣᠯᠭᠠᠭᠤᠯᠤᠯᠲᠠ ᠰᠢᠯᠤᠭᠤᠨ ᠪᠤᠰᠤ ᠪᠠᠢᠬᠤ ᠵᠡᠷᠭᠡ ᠲᠦᠪᠡᠭᠲᠡᠢ ᠠᠰᠠᠭᠤᠳᠠᠯ᠎ᠢ ᠭᠥᠯᠢᠶᠡᠨ ᠠᠪᠴᠤ ᠰᠢᠢᠳᠪᠦᠷᠢᠯᠡᠨ᠎ᠡ᠃

《ᠪᠢᠳᠡ ᠭᠤᠸᠠᠩᠵᠧᠦ᠂ ᠱᠧᠨᠵᠧᠨ᠂ ᠬᠠᠩᠵᠧᠦ ᠵᠡᠷᠭᠡ ᠭᠠᠵᠠᠷ᠎ᠢᠶᠠᠷ ᠰᠢᠨᠵᠢᠯᠡᠨ ᠪᠠᠢᠴᠠᠭᠠᠵᠤ᠂ ᠤᠯᠠᠭᠠᠨᠴᠠᠪ᠎ᠤᠨ ᠪᠣᠳᠠᠲᠤ ᠪᠠᠢᠳᠠᠯ᠎ᠲᠠᠢ ᠤᠶᠠᠯᠳᠤᠭᠤᠯᠤᠨ 〈ᠬᠦᠴᠢᠷ ᠶᠠᠪᠤᠳᠠᠯ᠎ᠢ ᠪᠦᠲᠦᠭᠡᠬᠦ〉ᠴᠣᠩᠬᠤᠪᠴᠢ ᠎ᠶᠢ ᠰᠢᠨ᠎ᠡ᠎ᠪᠡᠷ ᠭᠠᠷᠭᠠᠭᠰᠠᠨ ᠤ᠋ ᠬᠠᠮᠲᠤ ᠡᠯ᠎ᠡ ᠬᠣᠰᠢᠭᠤ ᠰᠢᠶᠠᠨ ᠬᠣᠲᠠ ᠲᠣᠭᠣᠷᠢᠭ᠋᠎ᠤᠨ ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠦ ᠲᠥᠪ ᠎ᠴᠤ ᠵᠡᠷᠬᠡ ᠪᠡᠷ ᠴᠣᠩᠬᠣᠪᠴᠢ ᠭᠠᠷᠭᠠᠵᠦ᠂ ᠠᠵᠤ ᠠᠬᠤᠢᠯᠠᠯ ᠪᠤᠯᠤᠨ ᠣᠯᠠᠨ ᠲᠦᠮᠡᠨ᠎ᠦ ᠣᠢᠷ᠎ᠠ ᠬᠠᠪᠢ᠎ᠳᠠᠭᠠᠨ ᠠᠵᠢᠯ ᠶᠠᠪᠤᠳᠠᠯ ᠭᠦᠢᠴᠡᠳᠬᠡᠬᠦ᠎ᠶᠢ ᠳᠡᠮᠵᠢᠵᠦ ᠪᠠᠢᠨ᠎ᠠ》 ᠭᠡᠵᠦ ᠤᠯᠠᠭᠠᠨᠴᠠᠪ ᠬᠣᠲᠠ᠎ᠶᠢᠨ ᠵᠠᠰᠠᠭ ᠵᠠᠬᠢᠷᠭᠠᠨ᠎ᠤ ᠬᠢᠨᠠᠨ ᠵᠥᠪᠰᠢᠶᠡᠷᠡᠯ ᠪᠠ ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠦ ᠲᠣᠪᠴᠢᠶ᠎ᠠ᠎ᠶᠢᠨ ᠳᠡᠳ᠋ ᠳᠠᠷᠤᠭ᠎ᠠ ᠦ᠋ ᠬᠠᠢ ᠶᠠᠩ ᠲᠠᠨᠢᠯᠴᠠᠭᠤᠯᠪᠠ᠃

 4 ᠰᠠᠷ᠎ᠠ᠎ᠶᠢᠨ 1᠎ᠦ ᠡᠳᠦᠷ ᠪᠣᠯᠲᠠᠯ᠎ᠠ᠂ ᠤᠯᠠᠭᠠᠨᠴᠠᠪ ᠬᠤᠳᠠ ᠵᠢᠨ 《ᠬᠦᠴᠢᠷ ᠶᠠᠪᠤᠳᠠᠯ᠎ᠢ ᠪᠦᠲᠦᠭᠡᠬᠦ》 ᠴᠣᠩᠬᠤᠪᠴᠢ 7 ᠬᠡᠷᠡᠭ ᠶᠠᠪᠤᠳᠠᠯ᠎ᠢ ᠬᠦᠯᠢᠶᠡᠨ ᠠᠪᠴᠤ᠂ 6 ᠵᠢ ᠨᠢ ᠨᠢᠭᠡᠨᠲᠡ ᠰᠢᠢᠳᠪᠦᠷᠢᠯᠡᠵᠦ᠂ ᠦᠯᠡᠳᠡᠭᠰᠡᠨ 1 ᠵᠢ ᠨᠢ ᠶᠠᠭ ᠰᠢᠢᠳᠪᠦᠷᠢᠯᠡᠵᠦ ᠪᠤᠢ᠃ 

ᠢᠷᠡᠯᠲᠡ᠄  ᠲᠡᠭᠦᠯᠢᠯᠲᠡ ᠬᠠᠮ ᠵᠠᠭᠤᠴᠢᠯᠠᠭᠤᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号