ᠥᠪᠥᠷ ᠮᠣᠩᠭᠣᠯ ᠤ᠋ᠨ ᠬᠠᠪᠤᠷ ᠤ᠋ᠨ ᠲᠠᠷᠢᠶᠠᠯᠠᠩ ᠤ᠋ᠨ ᠬᠡᠷᠡᠭ᠌ᠰᠡᠯ ᠤ᠋ᠨ ᠨᠥᠭᠡᠴᠡ ᠭᠦᠶ᠋ᠴᠡᠳ ᠪᠠᠢᠨ᠎ᠠ
2026-04-09 11:21:32
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠤᠳᠤᠨᠬᠠ ᠳ᠋ᠦ ᠮᠠᠨ ᠤ᠋ ᠤᠷᠤᠨ ᠬᠠᠪᠤᠷ ᠤ᠋ᠨ ᠲᠠᠷᠢᠶᠠᠯᠠᠭ᠎ᠠ ᠶ᠋ᠢᠨ ᠪᠡᠯᠡᠳᠭᠡᠯ ᠠᠵᠢᠯ ᠤ᠋ᠨ ᠵᠠᠡᠭᠬᠢᠯᠠᠭ᠎ᠠ ᠶ᠋ᠢᠨ ᠬᠤᠭᠤᠴᠠᠭᠠᠨ ᠳ᠋ᠦ ᠤᠷᠤᠵᠤ᠂ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠲᠠᠷᠢᠶᠠᠯᠠᠡᠭ ᠤ᠋ᠨ ᠬᠡᠷᠡᠭᠰᠡᠯ ᠢ᠋ ᠭᠦᠢᠴᠡᠳ ᠨᠦᠭᠡᠴᠡᠯᠡᠵᠦ᠂ ᠪᠠᠷᠠᠭᠠᠨ ᠤ᠋ ᠢᠷᠡᠯᠲᠡ ᠪᠠ ᠶᠠᠰᠤ ᠴᠢᠨᠠᠷ ᠢ᠋ ᠪᠠᠲᠤᠯᠠᠨ᠂ ᠮᠠᠯᠴᠢᠨ ᠲᠠᠷᠢᠶᠠᠴᠢᠳ ᠤ᠋ᠨ ᠲᠠᠷᠢᠶᠠᠯᠠᠡᠭ ᠤ᠋ᠨ ᠬᠡᠷᠡᠭᠰᠡᠯ ᠬᠤᠳᠠᠯᠳᠤᠨ ᠠᠪᠬᠤ ᠳ᠋ᠦ ᠴᠢᠨᠠᠷ ᠰᠠᠢᠲᠠᠢ ᠦᠢᠯᠡᠴᠢᠯᠡᠭᠡ ᠬᠠᠡᠭᠭᠠᠵᠤ ᠪᠠᠢᠨ᠎ᠠ᠃

ᠤᠯᠠᠭᠠᠨᠴᠠᠪ ᠬᠤᠲᠠ ᠶ᠋ᠢᠨ ᠵᠢᠨᠢᠡᠭ ᠤ᠋ᠨ ᠬᠤᠸᠠ ᠹᠸᠡᠭ ᠦᠷ᠎ᠡ ᠶ᠋ᠢᠨ ᠦᠢᠯᠡᠰ ᠤ᠋ᠨ ᠬᠢᠵᠠᠭᠠᠷᠳᠤ ᠺᠤᠮᠫᠠᠨᠢ ᠤᠢᠷ᠎ᠠ ᠳ᠋ᠦ 3000 ᠳᠤᠨ ᠬᠢᠮᠢ ᠶ᠋ᠢᠨ ᠪᠤᠷᠳᠤᠭᠤᠷ ᠪᠤᠯᠤᠨ 400 ᠳᠤᠨ ᠰᠠᠢᠨ ᠲᠠᠷᠢᠶᠠᠨ ᠦᠷ᠎ᠡ ᠵᠠᠷᠭᠡ ᠲᠠᠷᠢᠶᠠᠯᠠᠡᠭ ᠤ᠋ᠨ ᠬᠡᠷᠡᠭᠰᠡᠯ ᠢ᠋ ᠤᠷᠤᠭᠤᠯᠤᠨ ᠠᠪᠴᠢᠷᠠᠵᠤ᠂ ᠡᠯ᠎ᠡ ᠰᠢᠶᠠᠡᠭ ᠪᠠᠯᠭᠠᠰᠤᠨ ᠤ᠋ ᠪᠤᠷᠤᠯᠠᠭᠤᠯᠭ᠎ᠠ ᠶ᠋ᠢᠨ ᠴᠡᠭ ᠵᠢᠴᠢ ᠲᠠᠷᠢᠮᠠᠯ ᠤ᠋ᠨ ᠲᠤᠮᠤ ᠡᠷᠦᠭᠡ ᠳ᠋ᠦ ᠬᠦᠷᠭᠡᠵᠦ ᠦᠭᠴᠠᠢ᠃ ᠲᠤᠰ ᠺᠤᠮᠫᠠᠨᠢ ᠶ᠋ᠢᠨ ᠬᠢᠨ ᠡᠨᠡ ᠵᠢᠯ ᠲᠠᠷᠢᠶᠠᠯᠠᠩ ᠤ᠋ᠨ ᠬᠡᠷᠡᠭᠰᠡᠯ ᠤ᠋ᠨ ᠦᠢᠯᠡᠳᠪᠦᠷᠢ ᠲᠠᠢ ᠤᠷᠢᠳᠴᠢᠯᠠᠨ ᠬᠠᠷᠢᠴᠠᠵᠤ᠂ ᠶᠡᠬᠡ ᠬᠡᠮᠵᠢᠶᠡᠨ ᠤ᠋ ᠰᠠᠢᠨ ᠲᠠᠷᠢᠶᠠᠨ ᠦᠷ᠎ᠡ᠂ ᠨᠠᠢᠯᠡᠮᠠᠯ ᠪᠤᠷᠳᠤᠭᠤᠷ ᠵᠡᠷᠭᠡ ᠵᠢ ᠨᠦᠬᠡᠴᠡᠯᠡᠬᠦ ᠡᠷᠴᠢᠮ ᠶ᠋ᠢᠡᠨ ᠴᠢᠡᠭᠭᠠᠷᠠᠭᠤᠯᠵᠤ᠂ ᠪᠠᠷᠠᠭᠠᠨ ᠤ᠋ ᠢᠷᠡᠯᠲᠡ ᠭᠦᠢᠴᠡᠳ᠂ ᠲᠦᠷᠦᠯ ᠵᠦᠢᠯ ᠪᠦᠷᠢᠨ᠂ ᠶᠠᠰᠤ ᠴᠢᠨᠠᠷ ᠰᠠᠢᠨ᠂ ᠦᠨ᠎ᠡ ᠬᠠᠡᠭᠰᠢ ᠲᠤᠭᠲᠠᠪᠤᠷᠢᠲᠠᠢ ᠪᠠᠢᠬᠤ ᠵᠢ ᠪᠠᠲᠤᠯᠠᠪᠠ᠃

ᠪᠠᠶᠠᠨᠨᠠᠭᠤᠷ ᠬᠤᠲᠠ ᠶ᠋ᠢᠨ ᠤᠷᠠᠳ ᠤ᠋ᠨ ᠡᠮᠦᠨᠡᠲᠦ ᠬᠤᠰᠢᠭᠤᠨ ᠤ᠋ ᠡᠯ᠎ᠡ ᠬᠠᠡᠭᠭᠠᠯᠭ᠎ᠠ ᠶ᠋ᠢᠨ ᠠᠵᠤ ᠠᠬᠤᠢᠯᠠᠯ ᠨᠢ ᠴᠦᠩᠴᠢᠩ᠂ ᠱᠠᠨᠳᠦ᠋ᠩ᠂ ᠬᠤᠪᠧᠶ᠂ ᠶᠦᠨᠨᠠᠨ ᠵᠡᠷᠭᠡ ᠲᠠᠷᠢᠶᠠᠯᠠᠩ ᠤ᠋ᠨ ᠬᠡᠷᠡᠭᠰᠡᠯ ᠤ᠋ᠨ ᠦᠢᠯᠡᠳᠪᠦᠷᠢᠯᠡᠯ ᠤ᠋ᠨ ᠰᠠᠭᠤᠷᠢᠨ ᠲᠠᠢ ᠤᠷᠢᠳᠴᠢᠯᠠᠨ ᠬᠠᠷᠢᠴᠠᠵᠤ᠂ ᠨᠢᠭᠡᠲᠦᠯᠲᠡᠢ ᠲᠤᠬᠢᠷᠠᠭᠤᠯᠤᠨ ᠰᠢᠭᠤᠳ ᠬᠠᠡᠭᠭᠠᠵᠤ ᠰᠢᠭᠤᠳ ᠬᠦᠷᠭᠡᠬᠦ ᠵᠢ ᠪᠠᠲᠤᠯᠠᠨ᠎ᠠ; ᠠᠯᠠᠱᠠ ᠠᠢᠮᠠᠭ ᠤ᠋ᠨ ᠠᠯᠠᠱᠠ ᠵᠡᠭᠦᠨ ᠬᠣᠱᠢᠭᠤᠨ ᠤ᠋ ᠵᠢᠨ ᠱᠦ᠋ᠸᠸ ᠳᠤᠰᠤᠯᠠᠭᠠᠨ ᠤᠰᠤᠯᠠᠬᠤ ᠬᠢᠵᠠᠭᠠᠷᠲᠤ ᠺᠤᠮᠫᠠᠨᠢ ᠶ᠋ᠢᠨ ᠬᠢᠨ ᠰᠠᠶᠢᠬᠠᠨ ᠦᠢᠯᠡᠳᠪᠦᠷᠢᠯᠡᠭᠰᠡᠨ ᠲᠤᠰᠤᠯᠠᠭᠠᠨ ᠤᠰᠤᠯᠠᠬᠤ ᠪᠦᠰᠡ ᠵᠢ ᠤᠢᠷ᠎ᠡ ᠬᠠᠪᠢ ᠶ᠋ᠢᠨ ᠭᠠᠴᠠᠭ᠎ᠠ ᠲᠤᠰᠬᠤᠨ ᠳ᠋ᠦ ᠬᠦᠷᠭᠡᠵᠦ ᠶᠠᠭᠠᠷᠠᠯᠳᠤᠨ᠎ᠠ; ᠬᠦᠯᠦᠨ ᠪᠤᠢᠷ ᠤ᠋ᠨ ᠲᠠᠷᠢᠶᠠᠯᠠᠡᠭ ᠤ᠋ᠨ ᠠᠲᠠᠷ ᠬᠠᠭᠠᠯᠪᠤᠷᠢᠯᠠᠯᠲᠠ ᠶ᠋ᠢᠨ ᠪᠦᠯᠦᠭᠯᠡᠯ ᠤ᠋ᠨ ᠰᠢᠷᠠᠲᠠᠯ᠎ᠠ ᠲᠠᠷᠢᠶᠠᠯᠠᠡᠭ ᠮᠠᠯᠵᠢᠯ ᠤ᠋ᠨ ᠲᠠᠯᠠᠪᠠᠢ ᠶ᠋ᠢᠨ ᠬᠢᠵᠠᠭᠠᠷᠲᠤ ᠺᠤᠮᠫᠠᠨᠢ ᠵᠢᠨ ᠬᠢᠨ ᠬᠠᠪᠤᠷ ᠤ᠋ᠨ ᠲᠠᠷᠢᠶᠠᠯᠠᠭ᠎ᠠ ᠪᠦᠬᠦ ᠲᠠᠯ᠎ᠠ ᠪᠡᠷ ᠡᠬᠢᠯᠡᠬᠦ ᠡᠴᠡ ᠡᠮᠦᠨ᠎ᠡ 6226 ᠳᠤᠨ ᠬᠢᠮᠢ ᠶ᠋ᠢᠨ ᠪᠤᠷᠳᠤᠭᠤᠷ ᠨᠦᠬᠡᠴᠡᠯᠡᠬᠦ ᠪᠡᠷ ᠶᠠᠭᠠᠷᠠᠯᠲᠠᠢ ᠠᠵᠢᠯᠯᠠᠵᠠᠭᠠᠨ᠎ᠠ ᠁

ᠡᠨᠡ ᠵᠢᠯ ᠮᠠᠨ ᠤ᠋ ᠤᠷᠤᠨ ᠠᠮᠤ ᠪᠤᠳᠠᠭᠠᠨ ᠤ᠋ ᠲᠠᠷᠢᠮᠠᠯ ᠤ᠋ᠨ ᠲᠠᠯᠠᠪᠠᠢ ᠵᠢ ᠳ᠋ᠦ᠋ᠡᠭᠰᠢᠭᠤᠷ ᠮᠦ᠍ ᠵᠢ ᠳᠠᠪᠠᠭᠤᠯᠬᠤ ᠪᠡᠷ ᠴᠢᠷᠮᠠᠢᠵᠤ᠂ ᠮᠠᠯᠴᠢᠨ ᠲᠠᠷᠢᠶᠠᠴᠢᠳ ᠤ᠋ᠨ ᠲᠠᠷᠢᠶ᠎ᠠ ᠲᠠᠷᠢᠬᠤ ᠢᠳᠡᠪᠬᠢᠵᠢᠯ ᠶᠡᠷᠦᠡᠭᠬᠡᠢ ᠳ᠋ᠡᠭᠡᠨ ᠲᠤᠭᠲᠠᠭᠤᠨ ᠪᠠᠢᠨ᠎ᠠ᠃ ᠮᠠᠨ ᠤ᠋ ᠤᠷᠤᠨ ᠤᠷᠢᠳᠴᠢᠯᠡᠨ ᠲᠤᠬᠢᠷᠠᠭᠤᠯᠤᠨ ᠲᠡᠭᠡᠭᠡᠪᠦᠷᠢᠯᠡᠬᠦ ᠪᠡᠷ ᠳᠠᠮᠵᠢᠨ ᠲᠠᠷᠢᠶᠠᠯᠠᠡᠭ ᠤ᠋ᠨ ᠬᠡᠷᠡᠭᠰᠡᠯ ᠵᠢᠴᠢ ᠲᠠᠷᠢᠶᠠᠯᠠᠡᠭ ᠤ᠋ᠨ ᠮᠠᠰᠢᠨ ᠲᠦᠬᠦᠬᠡᠷᠦᠮᠵᠢ ᠵᠢ ᠭᠦᠢᠴᠡᠳ ᠨᠦᠭᠡᠴᠡᠯᠡᠵᠦ᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ ᠲᠤᠭᠲᠠᠭᠤᠨ ᠤ᠋ ᠳᠤᠮᠳᠠ ᠳᠡᠭᠡᠭᠰᠢᠯᠡᠭᠦ ᠬᠠᠨᠳᠤᠰᠢ ᠲᠠᠢ ᠪᠠᠢᠯᠭᠠᠨ᠂ ᠪᠦᠬᠦ ᠤᠷᠤᠨ ᠤ᠋ ᠬᠠᠪᠤᠷ ᠤ᠋ᠨ ᠲᠠᠷᠢᠶᠠᠯᠠᠭ᠎ᠠ ᠶ᠋ᠢᠨ ᠬᠡᠷᠡᠭᠴᠡᠭᠡ ᠱᠠᠭᠠᠷᠳᠠᠯᠭ᠎ᠠ ᠵᠢ ᠪᠦᠷᠢᠮᠦᠰᠦᠨ ᠬᠠᠡᠭᠭᠠᠵᠤ ᠳᠡᠢᠯᠬᠦ ᠵᠢ ᠪᠠᠳᠤᠯᠠᠵᠤ ᠪᠠᠢᠨ᠎ᠠ᠃ ᠡᠭᠦᠨ ᠤ᠋ ᠬᠠᠮᠲᠤ ᠲᠠᠷᠢᠶᠠᠯᠠᠡᠭ ᠤ᠋ᠨ ᠬᠡᠷᠡᠭᠰᠡᠯ ᠤ᠋ᠨ ᠵᠠᠬ᠎ᠠ ᠳᠡᠯᠭᠡᠭᠦᠷ ᠤ᠋ᠨ ᠲᠤᠰᠬᠠᠢ ᠪᠠᠢᠴᠠᠭᠠᠯᠲᠠ ᠦᠷᠨᠢᠭᠦᠯᠵᠦ᠂ ᠲᠠᠷᠢᠶᠠᠯᠠᠡᠭ ᠤ᠋ᠨ ᠬᠡᠷᠡᠭᠰᠡᠯ ᠤ᠋ᠨ ᠢᠷᠡᠯᠲᠡ ᠲᠤᠳᠤᠷᠬᠠᠢ᠂ ᠶᠠᠰᠤ ᠴᠢᠨᠠᠷ ᠨᠠᠢᠳᠠᠪᠤᠷᠢᠲᠠᠢ ᠪᠠᠢᠬᠤ ᠵᠢ ᠦᠨᠡᠨ ᠬᠦ᠌  ᠪᠠᠳᠤᠯᠠᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号