ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ ᠰᠤᠷᠤᠭ᠍ᠴᠢᠳ᠎ᠤᠨ ᠦᠰᠦᠨ ᠪᠣᠢᠵᠢᠯᠳᠠ ᠵᠢᠨ ᠵᠠᠮ᠎ᠢ ᠭᠡᠷᠡᠯᠲᠦᠭᠦᠯᠦᠨ᠎ᠡ
2026-05-10 12:26:24
ᠵᠣᠬᠢᠶᠠᠭ᠍ᠴᠢ᠄
ᠯᠢᠦ ᠬᠣᠩ ᠵᠠᠩ
ᠣᠩᠱᠢᠭ᠍ᠰᠠᠨ ᠣᠳᠠᠭ᠎ᠠ᠄
★★★☆☆

ᠠᠯᠠᠱᠠ ᠵᠡᠭᠦᠨ ᠬᠣᠰᠢᠭᠤᠨ᠎ᠤ ᠳᠣᠯᠣᠳᠤᠭᠠᠷ ᠬᠡᠦᠬᠡᠳ᠎ᠦᠨ ᠴᠡᠴᠡᠷᠯᠢᠭ᠎ᠦᠨ ᠪᠠᠭ᠎ᠠ ᠨᠢᠭᠡ ᠠᠩᠭᠢ᠎ᠶᠢᠨ ᠬᠢᠴᠢᠶᠡᠯ᠎ᠦᠨ ᠲᠠᠩᠬᠢᠮ᠎ᠳᠤ ᠣᠷᠣᠬᠤ᠎ᠳᠤ ᠬᠠᠯᠠᠭᠤᠨ ᠳᠤᠯᠠᠭᠠᠨ ᠠᠭᠤᠷ ᠠᠮᠢᠰᠬᠤᠯ᠎ᠢᠶᠠᠷ ᠪᠢᠯᠬᠠᠵᠤ᠂ ᠥᠪᠡᠷᠮᠢᠴᠡ ᠣᠨᠴᠠᠯᠢᠭ᠋᠎ᠲᠠᠢ ᠭᠡᠷ᠎ᠦᠨ ᠠᠬᠠᠮᠠᠳ᠎ᠤᠨ ᠦᠯᠢᠭᠡᠷ᠎ᠦᠨ ᠬᠢᠴᠢᠶᠡᠯ》 ᠶᠠᠭ ᠰᠠᠢᠬᠠᠨ ᠶᠠᠪᠤᠭᠳᠠᠵᠤ ᠪᠠᠢᠯ᠎ᠠ᠃ ᠭᠡᠷ᠎ᠦᠨ ᠠᠬᠠᠮᠠᠳ ᠨᠠᠷ《ᠣᠨᠴᠠ ᠤᠷᠢᠭ᠍ᠰᠠᠨ ᠪᠠᠭ᠍ᠰᠢ》 ᠪᠣᠯᠵᠤ᠂ ᠨᠠᠷᠢᠨ ᠨᠢᠮᠪᠠᠢ ᠪᠡᠯᠡᠳᠬᠡᠭᠰᠡᠨ ᠵᠢᠷᠤᠭᠳᠤ ᠳᠡᠪᠲᠡᠷ᠎ᠢᠶᠡᠨ ᠠᠪᠴᠤ᠂ ᠤᠯᠤᠰ᠎ᠤᠨ ᠨᠡᠢᠳᠡᠮ ᠭᠡᠷᠡᠭᠯᠡᠬᠦ ᠦᠭᠡ ᠬᠡᠯᠡ᠎ᠪᠡᠷ ᠬᠡᠦᠬᠡᠳ᠎ᠦᠳ᠎ᠲᠦ 《ᠪᠢᠴᠢᠬᠠᠨ  ᠭᠦᠷᠪᠡᠯ ᠰᠡᠭᠦᠯ᠎ᠵᠢᠬᠡᠯᠡᠭᠰᠡᠨ ᠨᠢ》᠂ 《ᠮᠢᠨᠤ ᠬᠦᠭᠡᠷᠦᠬᠦᠢ ᠠᠮᠢᠳᠠᠨ》 ᠵᠡᠷᠭᠡ ᠰᠣᠩᠭᠣᠳᠠᠭ ᠥᠯᠢᠭᠡᠷ᠎ᠦᠳ᠎ᠢ ᠤᠷᠤᠰᠤᠮ᠎ᠠ ᠰᠠᠢᠬᠠᠨ ᠶᠠᠷᠢᠵᠤ ᠦᠭᠴᠦ ᠪᠠᠢᠯ᠎ᠠ᠃ ᠠᠮᠢᠳᠤᠯᠢᠭ᠋ ᠰᠠᠢᠬᠠᠨ ᠦᠯᠢᠭᠡᠷ ᠨᠢ ᠬᠡᠦᠬᠡᠳ᠎ᠦᠨ ᠤᠷᠮ᠎ᠠ ᠵᠢ ᠭᠱᠠᠨ ᠵᠠᠭᠤᠷ᠎ᠠ ᠬᠥᠭᠵᠢᠭᠡᠵᠦ᠂ ᠣᠯᠠᠨ᠎ᠢᠶᠠᠷ᠎ᠢᠶᠠᠨ ᠳᠠᠬᠢᠨ ᠳᠠᠪᠲᠠᠨ ᠳᠠᠭᠤᠷᠢᠶᠠᠨ ᠶᠠᠷᠢᠬᠤ ᠲᠤᠮᠳᠠ ᠦᠬᠡ ᠶᠠᠷᠢᠶ᠎ᠠ ᠪᠠᠨ ᠵᠠᠯᠠᠷᠠᠭᠤᠯᠵᠤ᠂  ᠢᠯᠡᠳᠬᠡᠬᠦ ᠴᠢᠳᠠᠪᠤᠷᠢ᠎ᠪᠠᠨ ᠲᠠᠰᠤᠷᠠᠯᠲᠠ ᠦᠭᠡᠢ ᠳᠡᠭᠡᠭᠰᠢᠯᠡᠭᠦᠯᠪᠡ᠃

《ᠬᠡᠦᠬᠡᠳ᠎ᠦᠨ ᠴᠡᠴᠡᠷᠯᠢᠭ᠎ᠲᠦ ᠢᠷᠡᠵᠦ ᠬᠡᠦᠬᠡᠳ᠎ᠤᠳ᠎ᠲᠠᠢ ᠬᠠᠮᠲᠤ ᠦᠯᠢᠭᠡᠷ ᠶᠠᠷᠢᠭᠰᠠᠨ ᠮᠠᠨᠢ ᠮᠠᠰᠢ ᠠᠵᠠᠲᠠᠢ ᠰᠠᠨᠠᠭᠳᠠᠵᠤ ᠪᠠᠢᠨ᠎ᠠ᠂ ᠮᠢᠨᠤ ᠬᠦᠦ ᠣᠳᠣ᠌ ᠶᠠᠭ ᠬᠡᠯᠡᠨ᠎ᠦ ᠬᠦᠭᠵᠢᠯᠳᠡ ᠵᠢᠨ ᠴᠢᠬᠤᠯᠠ ᠬᠤᠭᠤᠴᠠᠭᠠᠨ᠎ᠳᠤ ᠪᠠᠨ ᠪᠠᠢᠨ᠎ᠠ᠂ ᠬᠡᠦᠬᠡᠳ᠎ᠦᠨ ᠴᠡᠴᠡᠷᠯᠢᠭ᠎ᠡᠴᠡ ᠡᠨᠡ᠎ᠬᠦ ᠠᠵᠢᠯᠯᠠᠭ᠎ᠠ ᠵᠢ ᠦᠷᠨᠢᠬᠦᠯᠦᠭᠰᠡᠨ ᠨᠢ ᠬᠡᠦᠬᠡᠳ᠎ᠦᠨ ᠨᠡᠢᠲᠡᠯᠢᠭ ᠬᠡᠯᠡᠨ᠎ᠦ ᠬᠢᠷᠢ ᠲᠦᠪᠰᠢᠨ ᠢ᠋ ᠳᠡᠭᠡᠭᠰᠢᠯᠡᠭᠦᠯᠦᠭᠰᠡᠨ  ᠢ᠋ᠶ᠋ᠡᠷ ᠪᠠᠷᠠᠬᠤ ᠦᠭᠡᠢ ᠮᠠᠨ᠎ᠤ ᠡᠴᠢᠭᠡ ᠡᠬᠡ ᠪᠣᠯᠣᠨ ᠦᠷ᠎ᠡ ᠬᠡᠦᠬᠡᠳ᠎ᠦᠨ ᠬᠠᠷᠢᠴᠠᠭ᠎ᠠ  ᠶ᠋ᠢ ᠨᠢᠭᠳᠠᠷᠠᠭᠤᠯᠵᠤ᠂ ᠬᠡᠦᠬᠡᠳ᠎ᠦᠨ ᠰᠡᠳᠬᠢᠯ᠎ᠳᠦ ᠨᠣᠮ᠎ᠤᠨ ᠦᠷ᠎ᠡ  ᠶ᠋ᠢ ᠰᠠᠴᠤᠵᠤ᠂ ᠬᠡᠦᠬᠡᠳ᠎ᠤᠳ ᠲᠤ᠌ ᠨᠠᠰᠤᠨ ᠲᠤᠷᠰᠢᠲᠠ  ᠶ᠋ᠢᠨ ᠠᠰᠢᠭ᠋ ᠲᠤᠰᠠ  ᠶ᠋ᠢ ᠭᠥᠷᠳᠡᠬᠡᠪᠡ》 ᠭᠡᠵᠦ ᠭᠡᠷ᠎ᠦᠨ ᠠᠬᠠᠮᠠᠳ ᠴᠠᠩ ᠫᠧᠢ ᠵᠢᠩ ᠰᠤᠷᠪᠤᠯᠵᠢᠯᠠᠭ᠍ᠴᠢ᠎ᠳᠤ ᠶᠠᠷᠢᠯ᠎ᠠ᠃

ᠣᠢᠷ᠎ᠠ᠎ᠶᠢᠨ ᠵᠢᠯ᠎ᠡᠴᠡ᠂ ᠠᠯᠠᠱᠠ ᠵᠡᠭᠦᠨ ᠬᠣᠰᠢᠭᠤᠨ᠎ᠤ ᠳᠣᠯᠣᠳᠤᠭᠠᠷ ᠬᠡᠦᠬᠡᠳ᠎ᠦᠨ ᠴᠡᠴᠡᠷᠯᠢᠭ᠎ᠦᠨ ᠬᠢᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠨᠤᠮ ᠤᠩᠰᠢᠯᠭ᠎ᠠ᠎ᠶᠢᠨ ᠬᠥᠮᠦᠵᠢᠯ᠎ᠲᠠᠢ ᠭᠦᠨᠵᠡᠭᠡᠢ ᠠᠭᠤᠰᠤᠯᠴᠠᠭᠤᠯᠬᠤ᠎ᠶᠢ ᠢᠮᠠᠭᠲᠠ ᠪᠠᠷᠢᠮᠲᠠᠯᠠᠵᠤ᠂ ᠵᠢᠷᠤᠭᠲᠤ ᠳᠡᠪᠲᠡᠷ᠎ᠢ ᠬᠠᠮᠲᠤ᠎ᠪᠠᠷ ᠤᠩᠰᠢᠬᠤ᠂ ᠡᠴᠢᠬᠡ ᠡᠬᠡ ᠨᠢ ᠦᠷ᠎ᠡ ᠬᠡᠦᠬᠡᠳ᠎ᠲᠠᠢ ᠪᠠᠨ ᠬᠠᠮᠲᠤ᠎ᠪᠠᠷ ᠤᠩᠰᠢᠬᠤ᠂ ᠦᠯᠢᠭᠡᠷ᠎ᠬᠤᠪᠢᠶᠠᠯᠴᠠᠬᠤ ᠬᠤᠷᠠᠯ ᠵᠡᠷᠭᠡ ᠠᠵᠢᠯᠯᠠᠭ᠎ᠠ᠎ᠶᠢ ᠪᠠᠢᠩᠭᠤᠵᠢᠭᠤᠯᠤᠨ ᠥᠷᠨᠢᠭᠦᠯᠦᠭᠰᠡᠬᠡᠷ ᠢᠷᠡᠵᠡᠢ᠃ 《ᠨᠠᠭᠠᠳᠬᠤ ᠳᠤᠮᠳᠠ ᠰᠤᠷᠤᠯᠴᠠᠬᠤ᠂ ᠰᠤᠷᠤᠯᠴᠠᠬᠤ  ᠳᠤᠮᠳᠠ ᠬᠡᠷᠡᠭᠯᠡᠬᠦ》 ᠦᠢᠯᠡᠳᠦᠯᠭᠡ ᠵᠢᠨ ᠳᠤᠮᠳᠠ  ᠬᠡᠦᠬᠡᠳ᠎ᠤᠳ᠎ᠦᠨ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠬᠤ ᠬᠠᠯᠠᠭᠤᠨ ᠰᠡᠳᠬᠢᠯᠭᠡ᠎ᠶᠢ ᠲᠠᠰᠤᠷᠠᠯᠲᠠ ᠦᠭᠡᠢ ᠬᠦᠭᠵᠢᠭᠡᠪᠡ᠃ 《ᠳᠠᠷᠠᠭᠠᠴᠢ ᠪᠡᠷ ᠪᠢᠳᠡ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠦᠨ ᠵᠢᠭᠠᠨ ᠰᠤᠷᠭᠠᠯᠲᠠ  ᠶ᠋ᠢ ᠡᠳᠦᠷ ᠲᠤᠲᠤᠮ᠎ᠤᠨ ᠠᠮᠢᠳᠤᠷᠠᠯ᠎ᠳᠠᠭᠠᠨ ᠦᠷᠭᠦᠯᠵᠢᠯᠡᠨ ᠠᠭᠤᠰᠬᠠᠵᠤ᠂ ᠭᠡᠷ ᠪᠦᠯᠢ ᠪᠤᠯᠤᠨ ᠴᠡᠴᠡᠷᠯᠢᠭ ᠬᠠᠷᠢᠯᠴᠠᠨ ᠦᠢᠯᠡᠳᠦᠯᠴᠡᠬᠦ ᠬᠡᠯᠪᠡᠷᠢ ᠶ᠋ᠢ ᠪᠠᠶᠠᠯᠢᠭ᠍ᠵᠢᠭᠤᠯᠤᠨ᠂ ᠳᠡᠯᠭᠡᠷᠡᠭᠦᠯᠬᠦ ᠠᠵᠢᠯ ᠢ᠋ ᠯᠠᠪᠳᠠᠭᠤᠨ ᠪᠠᠲᠤᠲᠠᠢ ᠰᠠᠢᠳᠤᠷ ᠬᠢᠨ᠎ᠡ》 ᠭᠡᠵᠦ ᠠᠯᠠᠱᠠ ᠵᠡᠭᠦᠨ ᠬᠣᠰᠢᠭᠤᠨ᠎ᠤ ᠳᠣᠯᠣᠳᠤᠭᠠᠷ ᠬᠡᠦᠬᠡᠳ᠎ᠦᠨ ᠴᠡᠴᠡᠷᠯᠢᠭ᠎ᠦᠨ ᠠᠰᠠᠷᠠᠨ ᠬᠥᠮᠥᠵᠢᠭᠦᠯᠬᠦ ᠡᠷᠬᠢᠯᠡᠭᠴᠢ ᠡᠷᠳᠡᠨᠢᠭᠡᠷᠡᠯ ᠬᠡᠯᠡᠪᠡ᠃

ᠠᠯᠠᠱᠠ ᠵᠡᠭᠦᠨ ᠬᠣᠰᠢᠭᠤᠨ᠎ᠤ ᠭᠤᠷᠪᠠᠳᠤᠭᠠᠷ ᠪᠠᠭ᠎ᠠ ᠰᠤᠷᠭᠠᠭᠤᠯᠢ᠎ᠳᠤ ᠨᠡᠢᠲᠡᠯᠢᠭ ᠬᠡᠯᠡ᠎ᠶᠢ ᠲᠦᠭᠡᠮᠡᠯᠵᠢᠭᠦᠯᠬᠦ ᠠᠵᠢᠯᠯᠠᠭ᠎ᠠ ᠮᠥᠨ ᠴᠤ᠌ ᠢᠳᠡᠯᠢᠭ ᠬᠦᠨᠵᠡᠭᠡᠢ ᠶᠠᠪᠤᠭᠳᠠᠨ᠎ᠠ᠃ ᠲᠣᠰ ᠰᠤᠷᠭᠠᠭᠤᠯᠢ ᠨᠢ ᠤᠯᠠᠮᠵᠢᠯᠠᠯᠲᠤ ᠤᠩᠰᠢᠯᠭ᠎ᠠ᠎ᠶᠢᠨ ᠬᠡᠪ ᠵᠠᠭᠪᠤᠷ᠎ᠢ ᠡᠪᠳᠡᠵᠦ᠂ 《ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ + ᠵᠢᠷᠤᠭᠲᠤ ᠳᠡᠪᠲᠡᠷ + ᠬᠡᠯᠡᠨ᠎ᠦ ᠦᠢᠯᠡᠳᠦᠯᠭᠡ》 ᠣᠨᠴᠠᠯᠢᠭ᠍ᠲᠤ ᠬᠢᠴᠢᠶᠡᠯ᠎ᠢ  ᠡᠬᠦᠳᠦᠨ ᠨᠡᠭᠡᠭᠡᠪᠡ᠃ ᠲᠤᠰ ᠰᠤᠷᠭᠠᠭᠤᠯᠢ᠎ᠶᠢᠨ ᠬᠣᠶᠠᠳᠤᠭᠠᠷ ᠣᠨ᠎ᠤ ᠬᠢᠴᠢᠶᠡᠯ᠎ᠦᠨ ᠲᠠᠩᠬᠢᠮ ᠳ᠋ᠤ 《ᠦᠯᠢᠬᠡᠷ᠎ᠤᠨ ᠤᠭᠤᠳᠠ ᠵᠢᠨ ᠮᠦᠷᠦᠢᠴᠡᠭᠡᠨ》ᠬᠤᠷᠴᠠ ᠰᠢᠷᠦᠭᠦᠨ ᠶᠠᠪᠤᠭᠳᠠᠵᠤ ᠪᠠᠢᠯ᠎ᠠ᠃ ᠬᠡᠦᠬᠡᠳ᠎ᠦᠳ ᠪᠢᠴᠢᠬᠠᠨ ᠦᠯᠢᠭᠡᠷᠴᠢᠨ ᠪᠣᠯᠵᠤ᠂ ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ᠎ᠪᠡᠷ ᠦᠯᠢᠭᠡᠷ᠎ᠤᠨ ᠦᠢᠯᠡ ᠶᠠᠪᠤᠳᠠᠯ᠎ᠢ ᠤᠷᠤᠰᠤᠮ᠎ᠠ  ᠲᠣᠳᠣ᠌ ᠶᠠᠷᠢᠵᠤ ᠪᠠᠢᠯ᠎ᠠ᠃

ᠣᠯᠠᠨ ᠡᠰᠢᠲᠦ ᠬᠥᠭᠵᠢᠯᠲᠡ᠎ᠶᠢ ᠴᠢᠬᠤᠯᠠᠴᠢᠯᠠᠳᠠᠭ ᠰᠤᠷᠭᠠᠭᠤᠯᠢ ᠪᠣᠯᠤᠭᠰᠠᠨ᠎ᠤ ᠬᠤᠪᠢ᠎ᠳᠤ  ᠠᠯᠠᠱᠠ ᠵᠡᠭᠦᠨ ᠬᠣᠰᠢᠭᠤᠨ᠎ᠤ ᠭᠤᠷᠪᠠᠳᠤᠭᠠᠷ ᠪᠠᠭ᠎ᠠ ᠰᠤᠷᠭᠠᠭᠤᠯᠢ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ᠎ᠦᠨ ᠵᠢᠭᠠᠨ ᠰᠤᠷᠭᠠᠯᠲᠠ᠎ᠶᠢ ᠢᠮᠠᠭᠲᠠ ᠬᠥᠮᠥᠨ᠎ᠢ ᠬᠥᠮᠥᠵᠢᠭᠦᠯᠬᠦ ᠭᠣᠣᠯᠳᠠᠯᠭ᠎ᠠ ᠪᠣᠯᠭᠠᠭᠰᠠᠭᠠᠷ ᠢᠷᠡᠵᠡᠶ᠃ ᠰᠤᠷᠭᠠᠭᠤᠯᠢ᠎ᠶᠢᠨ ᠬᠢᠨ ᠬᠢᠴᠢᠶᠡᠯ᠎ᠦᠨ ᠲᠠᠩᠬᠢᠮ᠎ᠤᠨ ᠵᠢᠭᠠᠨ ᠰᠤᠷᠭᠠᠯᠲᠠ ᠪᠠᠨ ᠰᠢᠯᠢᠳᠡᠭᠵᠢᠭᠦᠯᠦᠭᠰᠡᠨ ᠵᠢᠡᠷ ᠪᠠᠷᠠᠬᠤ ᠦᠭᠡᠢ᠂ ᠨᠡᠩ ᠴᠤ᠌ ᠨᠣᠮ ᠤᠩᠰᠢᠬᠤ ᠨᠠᠢᠷ᠂ ᠶᠠᠷᠢᠶ᠎ᠠ ᠢᠯᠡᠳᠬᠡᠯ ᠎ᠤᠨ ᠤᠷᠤᠯᠳᠤᠭᠠᠨ᠂ ᠰᠣᠩᠭᠣᠳᠠᠭ ᠵᠣᠬᠢᠶᠠᠯ ᠎ᠤᠨ ᠤᠩᠰᠢᠯᠭ᠎ᠠ᠂ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠦᠨ ᠰᠣᠨᠣᠰᠴᠤ ᠪᠢᠴᠢᠬᠦ ᠤᠷᠤᠯᠳᠤᠭᠠᠨ ᠵᠡᠷᠭᠡ ᠰᠢᠷᠢᠰ ᠠᠵᠢᠯᠯᠠᠭ᠎ᠠ᠎ᠶᠢ ᠡᠷᠬᠢᠯᠡᠬᠦ᠎ᠪᠡᠷ ᠲᠠᠮᠵᠢᠨ ᠰᠤᠷᠤᠭ᠍ᠴᠢᠳ᠎ᠲᠤ ᠳᠡᠯᠭᠡᠨ ᠦᠵᠡᠭᠦᠯᠬᠦ ᠰᠣᠯᠢᠯᠴᠠᠬᠤ ᠲᠠᠪᠴᠠᠩ ᠎ᠢ ᠪᠠᠢᠭᠤᠯᠤᠨ ᠦᠭᠴᠦ᠂ ᠰᠤᠷᠤᠭ᠍ᠴᠢᠳ᠎ᠤᠨ ᠰᠣᠶᠣᠯ᠎ᠤᠨ ᠢᠲᠡᠭᠡᠯ᠎ᠢ  ᠨᠡᠮᠡᠭᠳᠡᠭᠦᠯᠵᠦ᠂  ᠰᠣᠶᠣᠯ᠎ᠤᠨ ᠬᠡᠪ ᠪᠤᠯᠪᠠᠰᠤᠷᠠᠯ᠎ᠢ ᠨᠢ ᠳᠡᠬᠡᠭᠰᠢᠯᠡᠬᠦᠯᠵᠦ ᠪᠤᠢ᠃

《ᠮᠠᠨ᠎ᠤ ᠰᠤᠷᠭᠠᠭᠤᠯᠢ ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠦᠨ ᠵᠢᠭᠠᠨ ᠰᠤᠷᠭᠠᠯᠲᠠ  ᠶ᠋ᠢᠨ ᠠᠵᠢᠯ ᠢ᠋ ᠢᠮᠠᠭᠲᠠ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠦ ᠪᠠᠢᠨ᠎ᠠ᠂ ᠳᠠᠷᠠᠭᠠᠴᠢ ᠪᠡᠷ ᠰᠤᠷᠭᠠᠭᠤᠯᠢ ᠵᠢᠨ ᠬᠢᠨ ᠵᠢᠭᠠᠨ ᠰᠤᠷᠭᠠᠯᠲᠠ  ᠶ᠋ᠢᠨ ᠠᠴᠢᠶᠠᠯᠠᠪᠤᠷᠢ᠎ᠪᠠᠨ ᠦᠷᠭᠦᠯᠵᠢᠯᠡᠨ ᠪᠠᠶᠠᠯᠢᠭ᠍ᠵᠢᠭᠤᠯᠵᠤ᠂ ᠬᠢᠴᠢᠶᠡᠯ᠎ᠦᠨ ᠲᠠᠩᠬᠢᠮ᠎ᠤᠨ ᠦᠢᠯᠡᠳᠦᠯᠭᠡ᠎ᠪᠡᠨ ᠭᠦᠨᠵᠡᠭᠡᠢᠷᠡᠭᠦᠯᠦᠨ᠂ ᠤᠯᠤᠰ᠎ᠤᠨ ᠨᠡᠢᠳᠡᠮ ᠬᠡᠷᠡᠭᠯᠡᠬᠦ ᠦᠬᠡ ᠬᠡᠯᠡ ᠦᠰᠦᠭ ᠪᠢᠴᠢᠭ᠎ᠤᠨ ᠵᠢᠭᠠᠨ ᠰᠤᠷᠭᠠᠯᠲᠠ ᠶ᠋ᠢᠨ ᠲᠦᠷᠦᠯ ᠳᠡᠮᠳᠡᠭ᠎ᠢ ᠦᠷᠬᠦᠯᠵᠢᠯᠡᠨ ᠬᠦᠴᠦᠷᠬᠡᠭᠵᠢᠬᠦᠯᠵᠦ᠂ ᠰᠤᠷᠤᠭ᠍ᠴᠢᠳ᠎ᠤᠨ ᠪᠦᠬᠦ ᠲᠠᠯ᠎ᠠ  ᠶ᠋ᠢᠨ ᠬᠥᠭᠵᠢᠯᠲᠡ᠎ᠵᠢ ᠠᠬᠢᠭᠤᠯᠤᠨ᠎ᠠ》 ᠭᠡᠵᠦ ᠠᠯᠠᠱᠠ ᠵᠡᠭᠦᠨ ᠬᠣᠰᠢᠭᠤᠨ᠎ᠤ ᠭᠤᠷᠪᠠᠳᠤᠭᠠᠷ ᠪᠠᠭ᠎ᠠ ᠰᠤᠷᠭᠠᠭᠤᠯᠢ᠎ᠶᠢᠨ ᠶᠣᠰᠣ᠌ ᠰᠤᠷᠲᠠᠬᠤᠨ᠎ᠤ ᠬᠥᠮᠦᠵᠢᠯ᠎ᠦᠨ ᠳᠡᠳ᠋ ᠵᠠᠬᠢᠷᠤᠯ ᠸᠠᠩ ᠯᠢ ᠵᠢᠤᠸᠠᠨ ᠬᠡᠯᠡᠪᠡ᠃

ᠣᠳᠣᠬᠠᠨ᠎ᠳᠤ᠂ ᠠᠯᠠᠱᠠ ᠵᠡᠭᠦᠨ ᠬᠣᠰᠢᠭᠤᠨ᠎ᠤ ᠡᠯ᠎ᠡ ᠰᠤᠷᠭᠠᠭᠤᠯᠢ᠎ᠶᠢᠨ ᠬᠦᠷᠢᠶᠡᠨ᠎ᠳᠦ  ᠤᠯᠤᠰ᠎ᠤᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠤᠨ ᠷᠢᠳᠢ ᠰᠢᠳᠢ ᠨᠢ ᠬᠥᠮᠥᠨ᠎ᠢ ᠬᠥᠮᠥᠵᠢᠭᠦᠯᠬᠦ ᠴᠢᠳᠠᠪᠤᠷᠢᠲᠠᠨ ᠪᠣᠯᠬᠤ᠎ᠶᠢᠨ ᠬᠦᠴᠦᠷᠬᠡᠭ ᠶᠡᠬᠡ ᠬᠥᠳᠡᠯᠭᠡᠬᠦ ᠬᠦᠴᠦᠨ ᠪᠤᠯᠵᠤ᠂ ᠬᠡᠦᠬᠡᠳ᠎ᠦᠨ ᠦᠰᠦᠨ ᠪᠣᠢᠵᠢᠯᠳᠠ ᠵᠢᠨ ᠵᠠᠮ᠎ᠳᠤ ᠬᠦᠨ ᠵᠤᠵᠠᠭᠠᠨ ᠰᠣᠶᠣᠯ᠎ᠤᠨ ᠳᠡᠪᠢᠰᠬᠡᠷ ᠥᠩᠭᠡ᠎ᠶᠢ ᠨᠡᠮᠡᠷᠢᠯᠡᠵᠦ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号