ᠬᠣᠶᠠᠷ ᠰᠠᠯᠠᠭ᠎ᠠ ᠮᠥᠴᠢᠷ ᠬᠠᠮᠲᠤᠷᠠᠨ ᠰᠤᠷᠭᠠᠭᠤᠯᠢ᠎ᠶᠢᠨ ᠭᠠᠳᠠᠨᠠᠬᠢ ᠪᠣᠯᠪᠠᠰᠤᠷᠠᠯ᠎ᠤᠨ ᠪᠠᠢᠭᠤᠯᠤᠮᠵᠢ᠎ᠳᠤ ᠮᠡᠳᠡᠭᠳᠡᠬᠦ ᠪᠢᠴᠢᠭ᠎ᠲᠠᠷᠬᠠᠭᠠᠵᠡᠢ
2026-05-11 10:40:33
ᠵᠣᠬᠢᠶᠠᠭ᠍ᠴᠢ᠄
​ᠨᠠᠪᠴᠢ
ᠣᠩᠱᠢᠭ᠍ᠰᠠᠨ ᠣᠳᠠᠭ᠎ᠠ᠄
★★★☆☆

2026 ᠣᠨ᠎ᠤ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠳ᠋ᠤ ᠰᠣᠷᠣᠭ᠍ᠴᠢ ᠡᠯᠰᠡᠬᠦ ᠰᠢᠯᠭᠠᠯᠲᠠ᠂ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ ᠤᠳᠠᠯ ᠦᠭᠡᠢ ᠬᠦᠷᠴᠦ ᠢᠷᠡᠬᠦ ᠳᠠᠰᠢᠷᠠᠮ ᠵᠢᠡᠷ᠂ ᠰᠢᠯᠭᠠᠭᠤᠯᠤᠭ᠍ᠴᠢ ᠵᠢᠴᠢ ᠭᠡᠷ᠎ᠦᠨ ᠠᠬᠠᠮᠠᠳ᠎ᠤᠨ ᠡᠷᠬᠡ ᠠᠰᠢᠭ᠋᠎ᠢ ᠬᠠᠮᠠᠭᠠᠯᠠᠵᠤ᠂ 《ᠠᠮᠤᠷ ᠲᠦᠪᠰᠢᠨ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ》᠂ 《ᠠᠮᠤᠷ ᠲᠦᠪᠰᠢᠨ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ》 ᠵᠢᠨ ᠬᠠᠷᠠᠯᠲᠠ᠎ᠶᠢ ᠪᠡᠶᠡᠯᠡᠭᠦᠯᠬᠦ᠎ᠶᠢ ᠦᠨᠡᠨ ᠬᠦ᠌ ᠪᠠᠲᠤᠯᠠᠬᠤ᠎ᠶᠢᠨ ᠲᠥᠯᠥᠭᠡ᠂ ᠲᠦᠷᠦᠬᠦᠬᠡᠨ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ᠂ ᠥᠪᠡᠷᠲᠡᠭᠡᠨ ᠵᠠᠰᠠᠬᠤ ᠣᠷᠣᠨ᠎ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ ᠬᠠᠮᠲᠤᠷᠠᠨ ᠪᠥᠬᠥ ᠣᠷᠣᠨ᠎ᠤ ᠰᠢᠯᠭᠠᠯᠲᠠ᠎ᠳᠤ ᠬᠣᠯᠪᠣᠭᠳᠠᠭᠰᠠᠨ ᠰᠤᠷᠭᠠᠭᠤᠯᠢ᠎ᠶᠢᠨ ᠭᠠᠳᠠᠨᠠᠬᠢ ᠪᠣᠯᠪᠠᠰᠤᠷᠠᠯ᠎ᠤᠨ ᠪᠠᠢᠭᠤᠯᠤᠮᠵᠢ᠎ᠳᠤ ᠮᠡᠳᠡᠭᠳᠡᠬᠦ  ᠪᠢᠴᠢᠭ  ᠢ᠋ ᠨᠡᠢᠲᠡᠯᠡᠵᠦ᠂ ᠰᠠᠢᠨ ᠰᠠᠢᠬᠠᠨ ᠰᠣᠷᠣᠭ᠍ᠴᠢ ᠡᠯᠰᠡᠬᠦ  ᠣᠷᠴᠢᠨ ᠠᠬᠤᠢ  ᠵᠢ  ᠪᠤᠢ  ᠪᠤᠯᠭᠠᠬᠤ  ᠪᠡᠷ  ᠪᠠᠢᠨ᠎ᠠ᠃

ᠮᠡᠳᠡᠭᠳᠡᠬᠦ ᠪᠢᠴᠢᠭ᠎ᠲᠦ᠂ ᠰᠢᠯᠭᠠᠯᠲᠠ᠎ᠳᠤ ᠬᠣᠯᠪᠣᠭᠳᠠᠬᠤ ᠬᠠᠮᠢᠶ᠎ᠠ ᠪᠦᠬᠦᠢ ᠪᠣᠯᠪᠠᠰᠤᠷᠠᠯ᠎ᠳᠤ ᠬᠤᠳᠠᠯ ᠬᠠᠭᠤᠷᠮᠠᠭ ᠤᠬᠠᠭᠤᠯᠭ᠎ᠠ ᠬᠢᠬᠦ᠂ ᠪᠣᠯᠪᠠᠰᠤᠷᠠᠯ᠎ᠤᠨ ᠦᠷ᠎ᠡ ᠪᠦᠲᠦᠮᠵᠢ᠎ᠶᠢ ᠶᠡᠬᠡᠰᠬᠡᠬᠦ ᠪᠤᠶᠤ ᠰᠣᠷᠣᠭ᠍ᠴᠢ ᠵᠢᠴᠢ ᠭᠡᠷ᠎ᠦᠨ ᠠᠬᠠᠮᠠᠳ᠎ᠢ ᠥᠳᠥᠭᠡᠨ ᠬᠥᠲᠥᠯᠵᠦ ᠪᠣᠯᠬᠤ ᠦᠭᠡᠢ᠃ ᠶᠠᠮᠠᠷᠪᠠ ᠬᠡᠯᠪᠡᠷᠢ᠎ᠪᠡᠷ ᠰᠢᠯᠭᠠᠯᠳᠠ ᠳ᠋ᠤ ᠬᠡᠮ ᠬᠢᠬᠦ ᠵᠢ ᠬᠥᠲᠥᠯᠥᠨ ᠵᠢᠯᠤᠭᠣᠳᠬᠤ᠂ ᠬᠠᠪᠰᠤᠷᠬᠤ᠂ ᠣᠷᠣᠯᠴᠠᠬᠤ ᠪᠤᠶᠤ ᠵᠣᠬᠢᠶᠠᠨ ᠪᠠᠢᠭᠤᠯᠵᠤ ᠪᠣᠯᠬᠤ ᠦᠭᠡᠢ᠃ ᠰᠢᠯᠭᠠᠯᠲᠠ ᠪᠠ ᠰᠣᠷᠣᠭ᠍ᠴᠢ ᠡᠯᠰᠡᠬᠦ᠎ᠳᠦ ᠬᠣᠯᠪᠣᠭᠳᠠᠭᠰᠠᠨ ᠬᠤᠳᠠᠯ ᠬᠠᠭᠤᠷᠮᠠᠭ ᠪᠤᠶᠤ ᠰᠡᠷᠭᠡᠭ ᠮᠡᠳᠡᠭᠡ ᠵᠠᠩᠭᠢ ᠵᠢ ᠵᠣᠬᠢᠶᠠᠨ ᠲᠠᠷᠬᠠᠭᠠᠵᠤ᠂ ᠰᠤᠷᠭᠠᠨ ᠬᠥᠮᠦᠵᠢᠯ᠎ᠦᠨ ᠵᠣᠪᠠᠨᠢᠯ᠎ᠢ ᠪᠣᠶ ᠪᠣᠯᠭᠠᠵᠤ᠂ ᠰᠢᠯᠭᠠᠯᠲᠠ᠎ᠪᠠᠷ ᠰᠣᠷᠣᠭ᠍ᠴᠢ ᠡᠯᠰᠡᠬᠦ ᠡᠮᠬᠢ ᠵᠢᠷᠤᠮ᠎ᠢ ᠡᠪᠳᠡᠵᠦ ᠪᠣᠯᠬᠤ ᠦᠭᠡᠢ᠃ 《ᠰᠢᠯᠭᠠᠯᠲᠠ᠎ᠶᠢᠨ ᠰᠡᠳᠦᠪ》᠂ 《ᠬᠠᠷᠢᠭᠤᠯᠲᠠ》᠂ 《ᠳᠣᠲᠣᠭᠠᠳᠤ᠎ᠶᠢᠨ ᠰᠣᠷᠣᠭ᠍ᠴᠢ ᠡᠯᠰᠡᠬᠦ ᠭᠦᠢᠴᠡᠳᠬᠡᠯ ᠲᠣᠭ᠎ᠠ 》 ᠵᠡᠷᠭᠡ᠎ᠶᠢ ᠬᠤᠳᠠᠯᠳᠤᠬᠤ ᠮᠡᠬᠡᠯᠡᠯ᠎ᠦᠨ ᠴᠢᠨᠠᠷᠲᠠᠢ ᠦᠶ᠋ᠯᠡ ᠠᠵᠢᠯᠯᠠᠭ᠎ᠠ᠎ᠪᠠᠷ ᠳᠠᠮᠵᠢᠭᠤᠯᠤᠨ ᠰᠢᠯᠭᠠᠯᠲᠠ᠎ᠳᠤ ᠬᠣᠯᠪᠣᠭᠳᠠᠬᠤ ᠪᠠ ᠰᠣᠷᠣᠭ᠍ᠴᠢ ᠡᠯᠰᠡᠬᠦ᠎ᠳᠦ ᠬᠣᠯᠪᠣᠭᠳᠠᠬᠤ ᠮᠡᠬᠡᠯᠡᠯ᠎ᠦᠨ ᠠᠵᠢᠯᠯᠠᠭ᠎ᠠ ᠬᠢᠵᠦ ᠪᠣᠯᠬᠤ ᠦᠭᠡᠢ᠃ ᠰᠢᠯᠭᠠᠯᠲᠠ᠎ᠶᠢᠨ ᠲᠠᠯᠠᠪᠤᠷ᠎ᠲᠤ ᠣᠷᠣᠵᠤ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ ᠰᠤᠷᠤᠭᠴᠢ ᠡᠯᠰᠡᠬᠦ ᠰᠢᠯᠭᠠᠯᠲᠠ᠂ ᠶᠡᠬᠡ ᠳᠡᠬᠡᠳᠤ ᠰᠤᠷᠭᠠᠭᠤᠯᠢ ᠳ᠋ᠤ ᠰᠤᠷᠤᠭᠴᠢ ᠡᠯᠰᠡᠬᠦ ᠤᠯᠤᠰ᠎ᠤᠨ ᠨᠢᠬᠡᠳᠦᠯᠳᠡᠢ ᠰᠢᠯᠭᠠᠯᠳᠠ  ᠵᠢᠨ ᠰᠡᠳᠦᠪ᠎ᠢ ᠴᠤᠭᠯᠠᠭᠤᠯᠵᠤ ᠪᠤᠯᠬᠤ ᠦᠬᠡᠢ᠃ ᠰᠢᠯᠭᠠᠯᠲᠠ᠎ᠶᠢᠨ ᠴᠡᠭ᠂ ᠰᠤᠷᠭᠠᠭᠤᠯᠢ᠎ᠶᠢᠨ ᠡᠷᠬᠢᠨ ᠲᠣᠭᠣᠷᠢᠨ᠎ᠳᠦ ᠰᠣᠷᠣᠭ᠍ᠴᠢ ᠡᠯᠰᠡᠬᠦ ᠤᠬᠠᠭᠤᠯᠭ᠎ᠠ᠎ᠶᠢᠨ ᠮᠠᠲᠧᠷᠢᠶᠠᠯ ᠲᠠᠷᠬᠠᠭᠠᠵᠤ  ᠪᠣᠯᠬᠤ  ᠦᠭᠡᠢ ᠬᠡᠵᠦ ᠳᠤᠳᠤᠷᠬᠠᠢᠯᠠᠪᠠ᠃

ᠮᠡᠳᠡᠭᠳᠡᠬᠦ ᠪᠢᠴᠢᠭ᠎ᠲᠦ᠂ 《ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ ᠳ᠋ᠤ ᠰᠤᠷᠤᠭᠴᠢ ᠡᠯᠰᠡᠬᠦ ᠰᠢᠯᠭᠠᠯᠲᠠ ᠪᠠ  ᠶᠡᠬᠡ  ᠳᠡᠭᠡᠳᠦ  ᠰᠤᠷᠭᠠᠭᠤᠯᠢ ᠎ᠳᠤ  ᠰᠣᠷᠣᠭ᠍ᠴᠢ ᠡᠯᠰᠡᠬᠦ ᠰᠢᠯᠭᠠᠯᠲᠠ᠎ᠶᠢᠨ ᠮᠠᠩᠯᠠᠢ》᠂ 《ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠳ᠋ᠤ  ᠰᠤᠷᠤᠭᠴᠢ ᠡᠯᠰᠡᠬᠦ ᠰᠢᠯᠭᠠᠯᠲᠠ ᠪᠠ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ᠎ᠶᠢᠨ ᠪᠠᠶᠠᠷᠳᠤ ᠮᠡᠳᠡᠬᠡ》᠂《ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ ᠪᠠ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠭᠰᠡᠨ ᠨᠣᠷᠮ᠎ᠠ》᠂ 《ᠥᠨᠳᠥᠷ ᠬᠤᠪᠢ ᠣᠯᠣᠭᠰᠠᠨ ᠰᠢᠯᠭᠠᠭᠤᠯᠤᠭ᠍ᠴᠢ》 ᠵᠢᠴᠢ ᠲᠣᠰ ᠪᠠᠢᠭᠤᠯᠤᠮᠵᠢ᠎ᠶᠢᠨ《ᠨᠡᠷᠡᠰ᠎ᠦᠨ ᠵᠢᠭ᠍ᠰᠠᠭᠠᠯᠲᠠ》᠂ 《ᠰᠤᠷᠤᠭᠴᠢ ᠡᠯᠰᠡᠭᠰᠡᠨ ᠨᠣᠷᠮ᠎ᠠ》 ᠵᠡᠷᠭᠡ᠎ᠶᠢ ᠤᠬᠠᠭᠤᠯᠵᠤ ᠬᠥᠭᠡᠷᠭᠡᠳᠡᠵᠦ ᠪᠣᠯᠬᠤ ᠦᠭᠡᠢ ;ᠦᠨᠳᠦᠷ ᠵᠡᠷᠬᠡ ᠵᠢᠨ ᠳᠤᠮᠳᠠᠳᠤ ᠰᠤᠷᠭᠠᠭᠤᠯᠢ᠎ᠳ᠋ᠤ ᠰᠣᠷᠣᠭ᠍ᠴᠢ ᠡᠯᠰᠡᠬᠦ ᠰᠢᠯᠭᠠᠯᠲᠠ᠂ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ᠎ᠶᠢᠨ ᠲᠥᠷᠥ᠎ᠶᠢᠨ ᠪᠣᠳᠣᠯᠭ᠎ᠠ᠎ᠶᠢ ᠭᠠᠵᠢᠭᠤᠳᠠᠭᠤᠯᠤᠨ ᠤᠬᠠᠭᠤᠯᠵᠤ ᠪᠤᠯᠬᠤ ᠦᠬᠡᠢ; ᠲᠣᠭᠲᠠᠭᠠᠯ ᠠ᠋ᠴᠠ ᠵᠥᠷᠢᠴᠡᠨ ᠥᠨᠳᠥᠷ ᠵᠡᠷᠬᠡ ᠵᠢᠨ ᠳᠤᠮᠳᠠᠳᠤ᠎ᠰᠤᠷᠭᠠᠭᠤᠯᠢ ᠪᠠ ᠶᠡᠬᠡ ᠳᠡᠭᠡᠳᠦ ᠰᠤᠷᠭᠠᠭᠤᠯᠢ᠎ᠳᠤ ᠰᠣᠷᠣᠭ᠍ᠴᠢ ᠡᠯᠰᠡᠬᠦ ᠰᠢᠯᠭᠠᠯᠲᠠ᠎ᠶᠢᠨ ᠡᠷᠡᠮᠡᠯᠵᠡᠯ ᠲᠠᠭᠯᠠᠬᠤ ᠵᠡᠷᠭᠡ ᠵᠥᠪᠯᠡᠯᠭᠡ ᠥᠭᠬᠦ ᠦᠢᠯᠡᠴᠢᠯᠡᠭᠡ᠎ᠶᠢ ᠥᠷᠨᠢᠭᠦᠯᠵᠦ ᠪᠣᠯᠬᠤ ᠦᠭᠡᠢ᠃ ᠵᠠᠰᠠᠭ᠎ᠤᠨ ᠣᠷᠳᠣᠨ᠎ᠤ ᠪᠠᠢᠭᠤᠯᠤᠮᠵᠢ ᠂ ᠠᠵᠢᠯ ᠦᠢᠯᠡᠰ᠎ᠦᠨ ᠨᠢᠭᠡᠴᠢ ᠪᠣᠯᠣᠨ ᠰᠣᠷᠣᠭ᠍ᠴᠢ ᠡᠯᠰᠡᠬᠦ ᠨᠢᠭᠡᠴᠢ᠎ᠶᠢᠨ ᠠᠯᠪᠠᠨ᠎ᠤ ᠰᠦᠯᠵᠢᠶ᠎ᠡ ᠵᠡᠷᠭᠡ᠎ᠶᠢ ᠬᠠᠭᠤᠷᠮᠠᠭᠯᠠᠨ ᠳᠠᠭᠤᠷᠢᠶᠠᠨ ᠰᠢᠯᠭᠠᠯᠲᠠ᠎ᠪᠠᠷ ᠰᠣᠷᠣᠭ᠍ᠴᠢ ᠡᠯᠰᠡᠬᠦ ᠵᠡᠷᠭᠡ ᠦᠶ᠋ᠯᠡ ᠠᠵᠢᠯᠯᠠᠭ᠎ᠠ᠎ᠶᠢ ᠲᠣᠭᠲᠠᠭᠠᠯ  ᠠ᠋ᠴᠠ ᠵᠥᠷᠢᠴᠡᠨ ᠥᠷᠨᠢᠭᠦᠯᠵᠦ ᠪᠣᠯᠬᠤ ᠦᠭᠡᠢ  ᠬᠡᠵᠦ ᠵᠢᠭᠠᠵᠤ ᠭᠠᠷᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号