ᠡᠨᠡ ᠬᠡᠳᠦᠨ ᠡᠳᠦᠷ᠂ ᠠᠯᠠᠱᠠ ᠪᠠᠷᠠᠭᠤᠨ ᠬᠣᠱᠢᠭᠤᠨ ᠤ᠋ ᠮᠠᠨᠳᠤᠯ ᠰᠤᠮᠤ ᠵᠢᠨ ᠱᠠᠯᠠ ᠵᠢᠨ ᠬᠤᠳᠳᠤᠭ ᠭᠠᠴᠠᠭ᠎ᠠ ᠵᠢᠨ ᠵᠠᠭ ᠲᠠᠷᠢᠳᠠᠭ ᠲᠤᠮᠤ ᠡᠷᠦᠬᠡ ᠱᠢᠤᠢ ᠮᠢᠩ ᠸᠸᠨ ᠦ ᠬᠢᠨ ᠥᠷᠯᠥᠭᠡ ᠪᠤᠯᠭᠠᠨ ᠡᠷᠳᠡᠯᠡᠨ ᠥᠪᠡᠷ ᠤ᠋ᠨ ᠵᠠᠭ ᠮᠣᠳᠣᠨ ᠡᠴᠡ ᠪᠡᠨ ᠴᠠᠭᠠᠨ ᠭᠣᠶᠣᠣ ᠲᠡᠭᠦᠭᠡᠳ ᠶᠠᠪ ᠶᠠᠭᠠᠷᠠᠤ᠃
4 ᠰᠠᠷ᠎ᠠ ᠵᠢᠨ 26 ᠤ᠋ ᠡᠳᠦᠷ᠂ ᠰᠤᠷᠪᠤᠯᠵᠢᠯᠠᠭ᠍ᠴᠢ ᠱᠢᠤᠢ ᠮᠢᠩ ᠸᠸᠨ ᠤ᠋ ᠵᠠᠭ ᠤ᠋ᠨ ᠤᠢ ᠳ᠋ᠤ ᠬᠦᠷᠬᠦ ᠳ᠋ᠤ᠂ ᠨᠡᠷᠡᠨᠦ ᠲᠤᠶᠠᠭᠠᠨ ᠳ᠋ᠤ ᠵᠠᠭ ᠮᠣᠳᠣ ᠵᠢᠨ ᠰᠢᠨ᠎ᠡ ᠨᠠᠬᠢᠶ᠎ᠠ ᠨᠣᠭᠣᠭᠠᠷᠠᠵᠤ᠂ ᠡᠯᠡᠰᠦᠨ ᠴᠦᠯ ᠢ᠋ ᠠᠮᠢᠵᠢᠷᠠᠯ ᠤ᠋ᠨ ᠬᠦᠴᠦᠨ ᠵᠢᠡᠷ ᠪᠢᠯᠬᠠᠭᠤᠯᠤᠨ᠎ᠠ᠃ ᠱᠢᠤᠢ ᠮᠢᠩ ᠸᠸᠨ ᠵᠠᠭ ᠮᠣᠳᠣᠨ ᠤ᠋ ᠪᠡᠨ ᠡᠮᠦᠨ᠎ᠡ ᠣᠴᠣᠢᠨ ᠰᠠᠭᠤᠵᠤ᠂ 《 ᠬᠠᠷᠠᠭᠠᠴᠢ᠂ ᠡᠨᠡ ᠴᠠᠭᠠᠨ ᠭᠣᠶᠣᠣ ᠰᠠᠢᠬᠠᠨ ᠤᠷᠭᠤᠭᠰᠠᠨ ᠪᠢᠵᠠ᠂ ᠮᠠᠨ ᠤ᠋ ᠮᠠᠯᠴᠢᠨ ᠲᠠᠷᠢᠶᠠᠴᠢᠨ ᠢ᠋ ᠪᠠᠶᠠᠵᠢᠨ ᠴᠢᠨᠡᠭᠡᠯᠢᠭᠵᠢᠬᠦᠯᠬᠦ ᠡᠷᠳᠡᠨᠢ ᠰᠢᠤ 》 ᠭᠡᠵᠦ᠍ ᠪᠠᠶᠠᠷᠲᠠᠶ ᠬᠡᠯᠡᠨ᠎ᠡ᠃
ᠱᠢᠤᠢ ᠮᠢᠩ ᠸᠸᠨ ᠨᠢᠭᠡᠨᠲᠡ 5 ᠲᠦᠮᠡ ᠭᠠᠷᠤᠢ ᠮᠦ᠍ ᠵᠠᠭ ᠤ᠋ᠨ ᠤᠢ᠂ ᠲᠦᠮᠡᠨ ᠮᠦ᠍ ᠴᠠᠭᠠᠨ ᠭᠣᠶᠣᠣ ᠲᠠᠷᠢᠵᠤ᠂ ᠥᠪᠡᠷ ᠵᠢᠡᠨ ᠪᠠᠶᠠᠵᠢᠭ᠍ᠰᠠᠨ ᠵᠢᠡᠷ ᠪᠠᠷᠠᠬᠤ ᠦᠭᠡᠢ ᠪᠠᠰᠠ ᠲᠠᠷᠢᠮᠠᠯ ᠤ᠋ᠨ ᠬᠤᠷᠱᠢᠶᠠ ᠪᠠᠢᠭᠤᠯᠵᠤ᠂ ᠭᠠᠴᠠᠭ᠎ᠠ ᠵᠢᠨ ᠮᠠᠯᠴᠢᠨ ᠲᠠᠷᠢᠶᠠᠴᠢᠨ ᠵᠢᠡᠨ ᠬᠦᠲᠦᠯᠦᠨ ᠳᠠᠭᠠᠭᠤᠯᠵᠤ ᠠᠮᠢ ᠠᠬᠤᠢ ᠵᠢᠨ ᠡᠯᠡᠰᠦᠨᠦ ᠠᠵᠤ ᠦᠢᠯᠡᠰ ᠢ᠋ ᠬᠥᠭ᠌ᠵᠢᠭᠦᠯᠪᠡ᠃
ᠣᠳᠣᠬᠠᠨ ᠳ᠋ᠤ᠂ ᠮᠠᠨᠳᠤᠯ ᠰᠤᠮᠤ ᠵᠢᠨ ᠬᠢᠨ 55 ᠲᠦᠮᠡᠨ ᠮᠦ᠍ ᠱᠢᠬᠠᠮ ᠵᠠᠭ ᠮᠣᠳᠣ ᠲᠠᠷᠢᠵᠤ᠂ ᠲᠤᠬᠠᠢ ᠵᠢᠨ ᠭᠠᠵᠠᠷ ᠤ᠋ᠨ ᠮᠠᠯᠴᠢᠨ ᠲᠠᠷᠢᠶᠠᠴᠢᠨ ᠵᠠᠭ ᠮᠣᠳᠣ ᠲᠠᠷᠢᠬᠤ᠂ ᠴᠠᠭᠠᠨ ᠭᠣᠶᠣᠣ ᠲᠠᠷᠢᠬᠤ᠂ ᠤᠨᠴᠠᠯᠢᠬ᠍ᠳᠤ ᠠᠵᠤ ᠦᠢᠯᠡᠰ ᠢ᠋ ᠬᠥᠭ᠌ᠵᠢᠭᠦᠯᠬᠦ ᠪᠡᠷ ᠳᠠᠮᠵᠢᠨ ᠬᠥᠮᠦᠨ ᠳᠤᠮᠳᠠᠴᠢ ᠵᠢᠨ ᠵᠢᠯ ᠤ᠋ᠨ ᠣᠷᠣᠯᠭ᠎ᠠ 2.5 ᠲᠦᠮᠡᠨ ᠲᠥᠭᠥᠷᠢᠭ ᠢ᠋ ᠳᠠᠪᠠᠵᠠᠢ᠃ 《ᠪᠢᠳᠡ ᠵᠢᠯ ᠪᠦᠷᠢ ᠴᠠᠭᠠᠨ ᠭᠣᠶᠣᠣ ᠶ᠋ᠢ ᠬᠠᠮᠠᠭᠠᠯᠠᠯᠲᠠ ᠵᠢᠨ ᠴᠢᠨᠠᠷᠲᠠᠶ ᠪᠡᠷ ᠮᠠᠯᠲᠠᠵᠤ᠂ ᠴᠠᠭᠠᠨ ᠭᠣᠶᠣᠣ ᠵᠢᠨ ᠦᠨᠳᠦᠰᠦᠨᠤ ᠱᠢᠰᠲ᠋ᠧᠮ ᠢ᠋ ᠦᠯᠡᠳᠡᠭᠡᠳᠡᠭ᠂ ᠢᠩᠭᠢᠪᠡᠯ ᠴᠠᠭᠠᠨ ᠭᠣᠶᠣᠣ ᠵᠢᠨ ᠢᠷᠡᠬᠦ᠌ ᠵᠢᠯ ᠤ᠋ᠨ ᠤᠷᠭᠤᠯᠲᠠ ᠶ᠋ᠢ ᠪᠠᠲᠤᠯᠠᠵᠤ ᠴᠢᠳᠠᠬᠤ ᠪᠦᠭᠡᠳ ᠠᠮᠢ ᠠᠬᠤᠶ ᠶ᠋ᠢ ᠴᠤ᠌ ᠡᠪᠳᠡᠬᠦ᠌ ᠥᠬᠡᠶ ᠶᠤᠮ》 ᠭᠡᠵᠦ᠍ ᠱᠢᠤᠢ ᠮᠢᠩ ᠸᠸᠨ ᠬᠡᠯᠡᠪᠡ᠃
ᠤᠢ᠍ᠢᠷᠠ ᠵᠢᠨ ᠵᠢᠯ ᠳ᠋ᠤ᠂ ᠠᠯᠠᠱᠠ ᠠᠢᠮᠠᠭ《ᠨᠤᠮᠢᠨ ᠤᠰᠤ ᠬᠦᠬᠡᠮᠳᠦᠭ ᠠᠭᠤᠯᠠ ᠪᠤᠯ ᠠᠯᠲᠠᠨ ᠠᠭᠤᠯᠠ ᠮᠦᠩᠭᠦᠨ ᠬᠠᠢᠷᠬᠠᠨ ᠮᠦᠨ》 ᠭᠡᠬᠦ᠌ ᠤᠢ᠍ᠢᠯᠠᠭᠠᠭ᠍ᠳᠠᠬᠤᠨ ᠢ᠋ ᠪᠠᠲᠤ ᠪᠤᠢ ᠪᠣᠯᠭᠠᠵᠤ᠂ ᠠᠮᠢ ᠠᠬᠤᠢ ᠵᠢᠨ ᠵᠠᠰᠠᠯᠲᠠ ᠪᠡᠷ ᠡᠯᠡᠰᠦᠨᠦ ᠠᠵᠤ ᠦᠢᠯᠡᠰ ᠤ᠋ᠨ ᠬᠥᠭ᠌ᠵᠢᠯᠲᠡ ᠶ᠋ᠢ ᠳᠠᠢᠴᠢᠯᠠᠬᠤ ᠶ᠋ᠢ ᠪᠠᠷᠢᠮᠲᠠᠯᠠᠨ᠂ ᠵᠠᠭ ᠮᠣᠳᠣ ᠴᠠᠭᠠᠨ ᠭᠣᠶᠣᠣ ᠤᠢ ᠰᠢᠭᠤᠢ ᠡᠯᠡᠰᠦᠨᠦ ᠠᠵᠤ ᠦᠢᠯᠡᠰ ᠤ᠋ᠨ ᠰᠠᠭᠤᠷᠢᠨ ᠢ᠋ ᠪᠦᠬᠦ᠌ ᠬᠦᠴᠦᠨ ᠵᠢᠡᠷ ᠵᠢᠡᠨ ᠪᠦᠳᠦᠭᠡᠨ ᠪᠠᠢᠭᠤᠯᠬᠤ ᠵᠢᠨ ᠬᠠᠮᠲᠤ ᠤᠯᠠᠨ ᠵᠦᠢᠯ ᠤ᠋ᠨ ᠬᠠᠷᠠᠭᠠᠯᠵᠠᠯ ᠤ᠋ᠨ ᠲᠦᠷᠦ᠍ ᠵᠢᠨ ᠪᠤᠳᠤᠯᠭ᠎ᠠ ᠲᠣᠭ᠍ᠲᠠᠭᠠᠵᠤ᠂ ᠵᠠᠭ ᠮᠣᠳᠣ ᠲᠠᠷᠢᠬᠤ ᠡᠷᠦᠬᠡ ᠳ᠋ᠤ ᠱᠠᠩᠨᠠᠯ ᠤ᠋ᠨ ᠴᠢᠨᠠᠷᠲᠠᠢ ᠨᠥᠬᠥᠪᠥᠷᠢ ᠥᠭ᠌ᠴᠦ᠂ ᠮᠠᠯᠴᠢᠳ ᠤ᠋ᠨ ᠡᠯᠡᠰᠦᠨᠦ ᠠᠵᠤ ᠦᠢᠯᠡᠰ ᠢ᠋ ᠬᠥᠭ᠌ᠵᠢᠭᠦᠯᠬᠦ᠌ ᠶ᠋ᠢ ᠵᠣᠷᠢᠭ᠍ᠵᠢᠭᠤᠯᠪᠠ᠃ 2025 ᠣᠨ ᠤ᠋ ᠡᠴᠦᠰ ᠪᠣᠯᠲᠠᠯ᠎ᠠ᠂ ᠪᠥᠬᠥ᠌ ᠠᠢᠮᠠᠭ ᠵᠢᠠᠷ ᠵᠢᠠᠨ ᠬᠥᠮᠦᠨᠦ ᠬᠦᠴᠦ ᠪᠡᠷ 1077.04 ᠲᠦᠮᠡᠨ ᠮᠥ᠍ ᠵᠠᠭ ᠮᠣᠳᠣ᠂ 158.29 ᠲᠦᠮᠡᠨ ᠮᠥ᠍ ᠴᠠᠭᠠᠨ ᠭᠣᠶᠣᠣ ᠳᠠᠷᠢᠵᠤ᠂ ᠴᠠᠭᠠᠨ ᠭᠣᠶᠣᠣ ᠵᠢᠨ ᠵᠢᠯ ᠤ᠋ᠨ ᠭᠠᠷᠤᠯᠲᠠ 1.2 ᠲᠦᠮᠡᠨ ᠲᠣᠨ ᠢ᠋ ᠳᠠᠪᠠᠪᠠ᠃
4 ᠰᠠᠷ᠎ᠠ ᠵᠢᠨ ᠳᠤᠮᠳᠠᠴᠢ ᠡᠴᠡ ᠨᠠᠭᠠᠰᠢ᠂ ᠠᠯᠠᠱᠠ ᠵᠡᠭᠦᠨ ᠬᠣᠱᠢᠭᠤᠨ ᠤ᠋ ᠪᠠᠶᠠᠡᠡᠠᠭᠤᠯᠠ ᠭᠠᠴᠠᠭ᠎ᠠ ᠴᠤ᠌ ᠴᠠᠭᠠᠨ ᠭᠤᠶᠤᠤ ᠮᠠᠯᠲᠠᠬᠤ ᠲᠤᠬᠢᠲᠠᠢ ᠴᠠᠭ ᠢ᠋ ᠤᠭ᠍ᠲᠤᠨ ᠠᠪᠤᠯ᠎ᠠ᠃ ᠲᠣᠰ ᠭᠠᠴᠠᠭᠠᠨ ᠤ᠋ ᠲᠠᠷᠢᠮᠠᠯ ᠵᠠᠭ ᠮᠣᠳᠣᠨ ᠤ᠋ ᠤᠢ ᠳ᠋ᠤ ᠬᠦᠷᠬᠦ ᠳ᠋ᠤ᠂ ᠢᠭ᠍ᠴᠤ ᠰᠠᠬᠤᠯᠢᠭ ᠵᠠᠭ ᠮᠣᠳᠣ ᠬᠥᠬᠡᠷᠡᠨ ᠨᠣᠭᠣᠭᠠᠷᠠᠵᠤ᠂ ᠡᠯᠡᠰᠦᠨ ᠴᠥᠯ ᠡᠴᠡ ᠠᠭᠤᠯᠠ ᠳᠤᠯᠤᠭᠠᠳ ᠬᠦᠷᠲᠡᠯ᠎ᠡ ᠦᠷᠭᠦᠯᠵᠢᠯᠡᠭᠰᠡᠨ ᠪᠠᠢᠪᠠ᠃ ᠭᠠᠴᠠᠭᠠᠨ ᠤ᠋ ᠮᠠᠯᠴᠢᠳ ᠡᠳᠦᠷ ᠪᠦᠷᠢ ᠤᠢ ᠵᠢᠨ ᠳᠤᠮᠳᠠᠭᠤᠷ ᠴᠠᠭᠠᠨ ᠭᠣᠶᠣᠣ ᠲᠡᠭᠦᠵᠦ᠍᠂ ᠠᠮᠢ ᠠᠬᠤᠢ ᠵᠢᠨ ᠵᠠᠰᠠᠯᠲᠠ ᠪᠣᠯᠤᠨ ᠠᠵᠤ ᠦᠢᠯᠡᠰ ᠤ᠋ᠨ ᠬᠥᠭ᠌ᠵᠢᠯᠲᠡ ᠵᠢᠨ ᠠᠱᠢᠭ ᠢ᠋ ᠬᠦᠷᠳᠡᠨ᠎ᠠ᠃
《ᠵᠠᠭ ᠮᠣᠳᠣ ᠲᠠᠷᠢᠭᠰᠠᠨ ᠡᠴᠡ ᠬᠤᠢᠰᠢ ᠭᠠᠴᠠᠭᠠᠨ ᠤ᠋ ᠠᠮᠢ ᠠᠬᠤᠢ ᠣᠷᠴᠢᠨ ᠲᠣᠭᠣᠷᠢᠨ ᠶᠠᠪᠤᠬᠤ ᠲᠤᠳᠤᠮ ᠰᠠᠢᠵᠢᠷᠠᠵᠤ᠂ ᠨᠤᠭᠤᠭᠠᠷᠠᠭᠤᠯᠤᠯᠲᠠ ᠵᠢᠨ ᠲᠠᠯᠠᠪᠠᠢ ᠶᠡᠬᠡᠰᠴᠤ᠂ ᠰᠠᠯᠬᠢ ᠱᠢᠭᠤᠷᠭᠠ ᠪᠠᠭᠠᠰᠴᠠᠢ᠂ ᠬᠠᠷᠠᠭᠠᠴᠢ᠂ ᠡᠨᠡ ᠵᠠᠭ ᠮᠣᠳᠣ 2 ᠮᠸᠲᠷ ᠱᠢᠬᠠᠮ ᠥᠨᠳᠥᠷ ᠤᠷᠭᠤᠵᠤ᠂ ᠴᠥᠮ ᠴᠠᠭᠠᠨ ᠭᠣᠶᠣᠣ ᠲᠠᠷᠢᠵᠥ᠍ ᠪᠠᠢᠨ᠎ᠠ ᠁》ᠭᠡᠵᠦ᠍ ᠪᠠᠶᠠᠡᠡᠠᠭᠤᠯᠠ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠫᠠᠨ ᠳ᠋ᠦᠸᠸ ᠶᠦᠨ ᠶᠠᠷᠢᠨ᠎ᠠ᠃
ᠪᠠᠶᠠᠡᠡᠠᠭᠤᠯᠠ ᠭᠠᠴᠠᠭ᠎ᠠ ᠵᠠᠭ ᠮᠣᠳᠣ ᠲᠠᠷᠢᠬᠤ᠂ ᠴᠠᠭᠠᠨ ᠭᠣᠶᠣᠣ ᠲᠠᠷᠢᠬᠤ ᠣᠨᠴᠠᠯᠢᠭ᠍ᠲᠤ ᠡᠯᠡᠰᠦᠨᠦ ᠠᠵᠤ ᠦᠶ᠋ᠯᠡᠰ ᠢ᠋ ᠬᠦᠴᠦᠯᠡᠨ ᠬᠥᠭ᠌ᠵᠢᠭᠦᠯᠵᠦ᠍᠂ ᠠᠮᠢ ᠠᠬᠤᠶ ᠶ᠋ᠢ ᠬᠠᠮᠠᠭᠠᠯᠠᠨ ᠵᠠᠰᠠᠬᠤ ᠵᠢᠨ ᠬᠠᠮᠲᠤ ᠲᠣᠰᠭᠣᠨ ᠤ᠋ ᠠᠷᠠᠳ ᠤ᠋ᠨ ᠪᠠᠶᠠᠵᠢᠯ ᠤ᠋ᠨ ᠵᠠᠮ ᠢ᠋ ᠥᠷᠭᠡᠳᠭᠡᠪᠡ᠃ ᠣᠳᠣᠬᠠᠨ ᠳ᠋ᠤ᠂ ᠲᠤᠰ ᠭᠠᠴᠠᠭ᠎ᠠ 25 ᠲᠦᠮᠡᠨ ᠮᠦ᠍ ᠵᠠᠭ ᠮᠣᠳᠣ᠂ 3 ᠲᠦᠮᠡᠨ ᠮᠦ᠍ ᠴᠠᠭᠠᠨ ᠭᠣᠶᠣᠣ ᠲᠠᠷᠢᠵᠤ ᠪᠤᠢ᠃ ᠤᠳᠤ ᠲᠤᠰ ᠭᠠᠴᠠᠭ᠎ᠠ ᠴᠠᠭᠠᠨ ᠭᠣᠶᠣᠣ ᠵᠢᠴᠢ ᠴᠠᠭᠠᠨ ᠭᠤᠶᠤᠤ ᠵᠢᠨ ᠦᠷ᠎ᠡ ᠪᠣᠷᠣᠯᠠᠭᠤᠯᠬᠤ ᠪᠡᠷ ᠳᠠᠮᠵᠢᠨ᠂ ᠴᠦᠭᠡᠨ ᠲᠠᠷᠢᠵᠦ ᠪᠠᠢᠭ᠎ᠠ ᠡᠷᠦᠬᠡ ᠵᠢᠨ ᠵᠢᠯ ᠤ᠋ᠨ ᠣᠷᠣᠯᠭ᠎ᠠ 3 — 4 ᠲᠦᠮᠡᠨ ᠲᠥᠭᠥᠷᠢᠭ ᠲᠤ᠌ ᠬᠦᠷᠴᠦ᠍᠂ ᠠᠷᠪᠢᠨ ᠲᠠᠷᠢᠵᠦ ᠪᠠᠢᠭ᠎ᠠ ᠡᠷᠦᠬᠡ ᠵᠢᠨ ᠵᠢᠯ ᠤ᠋ᠨ ᠣᠷᠣᠯᠭ᠎ᠠ 10 — 20 ᠲᠦᠮᠡᠨ ᠲᠥᠭᠥᠷᠢᠭ ᠲᠤ᠌ ᠬᠦᠷᠴᠤ ᠪᠤᠢ᠃
《ᠵᠠᠭ ᠮᠣᠳᠣ ᠲᠠᠷᠢᠵᠤ ᠤᠨᠴᠠᠯᠢᠬ᠍ᠳᠤ ᠡᠯᠡᠰᠦᠨᠦ ᠠᠵᠤ ᠦᠢᠯᠡᠰ ᠢ᠋ ᠬᠥᠭ᠌ᠵᠢᠭᠦᠯᠦᠭ᠌ᠰᠡᠨ ᠡᠴᠡ ᠨᠠᠭᠠᠰᠢ᠂ ᠥᠩᠭᠡᠷᠡᠭ᠌ᠰᠡᠨ ᠳ᠋ᠤ ᠠᠪᠬᠤ ᠬᠥᠮᠦᠨ ᠦᠭᠡᠢ ᠪᠠᠢᠭ᠍ᠰᠠᠨ ᠡᠯᠡᠰᠦᠨ ᠴᠦᠯ ᠤᠳᠤ ᠨᠢᠭᠡᠨᠲᠡ ᠮᠠᠯᠴᠢᠳ ᠤ᠋ᠨ ᠪᠤᠯᠢᠶᠠᠯᠳᠤᠬᠤ 〈ᠡᠷᠳᠡᠨᠢᠲᠤ ᠭᠠᠵᠠᠷ〉 ᠪᠤᠯᠵᠤ᠂ ᠥᠩᠭᠡᠷᠡᠭ᠌ᠰᠡᠨ ᠳ᠋ᠤ ᠬᠤᠳᠠ ᠳ᠋ᠤ ᠣᠷᠣᠵᠤ ᠬᠥᠯᠥᠰᠥᠨ ᠠᠵᠢᠯ ᠬᠢᠵᠦ᠍ ᠪᠠᠢᠭ᠍ᠰᠠᠨ ᠮᠠᠯᠴᠢᠳ ᠴᠤ᠌ ᠨᠤᠲᠤᠭᠲᠠᠭᠠᠨ ᠪᠤᠴᠠᠵᠤ ᠵᠠᠭ ᠮᠣᠳᠣ ᠲᠠᠷᠢᠵᠦ ᠡᠬᠢᠯᠡᠪᠡ》 ᠭᠡᠵᠦ᠍ ᠫᠠᠨ ᠳ᠋ᠦᠸᠸ ᠶᠦᠨ ᠬᠡᠯᠡᠨ᠎ᠡ᠃
ᠥᠷᠨᠢᠭᠦᠨ ᠬᠦᠭᠵᠢᠵᠤ ᠪᠠᠢᠭ᠎ᠠ ᠴᠠᠭᠠᠨ ᠭᠣᠶᠣᠣ ᠵᠢᠨ ᠠᠵᠤ ᠦᠢᠯᠡᠰ ᠨᠢᠭᠡᠨᠲᠡ ᠭᠠᠵᠠᠷ ᠣᠷᠣᠨ ᠤ᠋ ᠠᠷᠠᠳ ᠲᠦᠮᠡᠨ ᠢ᠋ ᠬᠦᠲᠦᠯᠦᠨ ᠳᠠᠭᠠᠭᠤᠯᠵᠤ ᠪᠠᠶᠠᠵᠢᠨ ᠴᠢᠨᠡᠭᠡᠯᠢᠭ᠌ᠵᠢᠬᠦ᠌᠂ ᠭᠠᠵᠠᠷ ᠣᠷᠣᠨ ᠤ᠋ ᠠᠮᠢ ᠠᠬᠤᠢ ᠶ᠋ᠢ ᠰᠠᠬᠢᠨ ᠬᠠᠮᠠᠭᠠᠯᠠᠬᠤ ᠤᠨᠴᠠᠯᠢᠬ᠍ᠳᠤ ᠲᠤᠮᠤ ᠠᠵᠤ ᠦᠢᠯᠡᠰ ᠪᠤᠯᠵᠤ ᠬᠦᠭᠵᠢᠪᠡ᠃ ᠣᠳᠣᠬᠠᠨ ᠳ᠋ᠤ᠂ ᠠᠯᠠᠱᠠ ᠠᠢᠮᠠᠭ ᠤ᠋ᠨ ᠱᠢᠭᠤᠳ ᠪᠤᠶᠤ ᠳᠠᠮ ᠵᠢᠡᠷ ᠴᠠᠭᠠᠨ ᠭᠣᠶᠣᠣ ᠪᠡᠷ ᠭᠤᠤᠯ ᠪᠣᠯᠭᠠᠭ᠍ᠰᠠᠨ ᠡᠯᠡᠰᠦᠨᠦ ᠠᠵᠤ ᠦᠶ᠋ᠯᠡᠰ ᠡᠷᠭᠢᠯᠡᠵᠦ᠍ ᠪᠠᠢᠭ᠎ᠠ ᠮᠠᠯᠴᠢᠨ ᠲᠠᠷᠢᠶᠠᠴᠢᠨ ᠪᠠᠷᠤᠭ 3 ᠲᠦᠮᠡᠨ ᠬᠥᠮᠦᠨ ᠪᠠᠢᠵᠤ᠂ ᠡᠷᠦᠬᠡ ᠪᠦᠷᠢ ᠵᠢᠨ ᠵᠢᠯ ᠤ᠋ᠨ ᠳᠤᠮᠳᠠᠴᠢ ᠣᠷᠣᠯᠭ᠎ᠠ ᠨᠢ 3— 5 ᠲᠦᠮᠡᠨ ᠲᠥᠭᠥᠷᠢᠭ᠂ ᠬᠡᠰᠡᠭ ᠮᠠᠯᠵᠢᠬᠤ ᠲᠠᠷᠢᠶᠠᠯᠠᠬᠤ ᠡᠷᠦᠬᠡ ᠵᠢᠨ ᠵᠢᠯ ᠤ᠋ᠨ ᠣᠷᠣᠯᠭ᠎ᠠ ᠨᠢ 10 — 30 ᠲᠦᠮᠡᠨ ᠲᠥᠭᠥᠷᠢᠭ ᠲᠤ᠌ ᠬᠦᠷᠴᠡᠶ᠃ ᠠᠯᠠᠱᠠ ᠠᠢᠮᠠᠭ《ᠡᠯᠡᠰᠦ ᠮᠠᠩᠬ᠎ᠠ ᠶ᠋ᠢ ᠨᠣᠭᠣᠭᠠᠷᠠᠭᠤᠯᠬᠤ᠂ ᠠᠵᠤ ᠦᠢᠯᠡᠰ ᠤ᠋ᠨ ᠦᠷᠲᠡᠭ ᠢ᠋ ᠨᠡᠮᠡᠭ᠌ᠳᠡᠭᠦᠯᠬᠦ᠌᠂ ᠠᠵᠤ ᠠᠬᠤᠢᠯᠠᠯ ᠤ᠋ᠨ ᠦᠷ᠎ᠡ ᠠᠱᠢᠭ ᠢ᠋ ᠨᠡᠮᠡᠭ᠌ᠳᠡᠭᠦᠯᠬᠦ᠌᠂ ᠮᠠᠯᠴᠢᠨ ᠲᠠᠷᠢᠶᠠᠴᠢᠨ ᠤ᠋ ᠣᠷᠣᠯᠭ᠎ᠠ ᠶ᠋ᠢ ᠨᠡᠮᠡᠭ᠌ᠳᠡᠭᠦᠯᠬᠦ᠌》ᠦᠷᠭᠦᠯᠵᠢᠯᠡᠬᠦ᠌ ᠬᠥᠭ᠌ᠵᠢᠯᠲᠡ ᠶ᠋ᠢ ᠪᠡᠶᠡᠯᠡᠭᠦᠯᠵᠦ᠍᠂ ᠥᠪᠡᠷᠮᠢᠴᠡ ᠤᠨᠴᠠᠯᠢᠭᠲᠤ ᠡᠯᠡᠰᠦ ᠮᠠᠩᠬ᠎ᠠ ᠵᠢᠨ ᠠᠮᠢ ᠠᠬᠤᠢ ᠪᠡᠷ ᠠᠷᠠᠳ ᠢ᠋ ᠪᠠᠶᠠᠵᠢᠭᠤᠯᠬᠤ ᠵᠠᠮ ᠢ᠋ ᠨᠡᠭᠡᠭᠡᠵᠡᠢ᠃
ᠰᠤᠷᠪᠤᠯᠵᠢᠯᠠᠭ᠍ᠴᠢ ᠵᠢᠨ ᠡᠪᠦᠷ ᠲᠡᠮᠳᠡᠭ᠌ᠯᠡᠯ
ᠠᠯᠠᠱᠠ ᠵᠢᠨ ᠡᠯᠡᠰᠦᠨ ᠴᠦᠯ ᠵᠢᠡᠷ ᠰᠤᠷᠪᠤᠯᠵᠢᠯᠠᠭᠠᠳ ᠵᠠᠭ ᠤ᠋ᠨ ᠤᠢ ᠲᠤᠳᠤᠷᠠᠬᠢ ᠶᠠᠭᠠᠷᠠᠯᠲᠠᠢ ᠦᠵᠡᠭᠳᠡᠯ ᠡᠴᠡ ᠮᠠᠯᠴᠢᠨ ᠲᠠᠷᠢᠶᠠᠴᠢᠨ ᠤ᠋ ᠴᠢᠷᠠᠢ ᠳᠡᠭᠡᠷᠡᠬᠢ ᠵᠣᠯ ᠵᠢᠷᠭᠠᠯᠲᠤ ᠢᠨᠢᠶᠡᠮᠰᠦᠭ᠌ᠯᠡᠯ ᠬᠦᠷᠲᠡᠯ᠎ᠡ᠂ ᠭᠠᠵᠠᠷ ᠪᠣᠯᠭᠠᠨ ᠳ᠋ᠤ ᠠᠮᠢ ᠠᠬᠤᠢ ᠪᠣᠯᠤᠨ ᠠᠵᠤ ᠦᠢᠯᠡᠰ ᠤ᠋ᠨ ᠠᠭᠤᠰᠤᠯᠴᠠᠯ ᠤ᠋ᠨ ᠥᠷᠨᠢᠭᠦᠨ ᠠᠮᠢᠵᠢᠷᠠᠯ ᠤ᠋ᠨ ᠬᠦᠴᠦᠨ ᠢ᠋ ᠰᠡᠳᠭᠢᠯ ᠵᠢᠡᠷ ᠵᠢᠡᠨ ᠮᠡᠳᠡᠷᠡᠵᠦ᠍᠂《ᠨᠤᠮᠢᠨ ᠤᠰᠤ ᠬᠦᠬᠡᠮᠳᠦᠭ ᠠᠭᠤᠯᠠ ᠪᠤᠯ ᠠᠯᠲᠠᠨ ᠠᠭᠤᠯᠠ ᠮᠦᠩᠭᠦᠨ ᠬᠠᠢᠷᠬᠠᠨ ᠮᠦᠨ》ᠭᠡᠬᠦ᠌ ᠤᠢᠯᠠᠭᠠᠭᠲᠠᠬᠤᠨ ᠤ᠋ ᠲᠤᠬᠠᠢ ᠨᠡᠩ ᠦᠨᠡᠨ ᠪᠣᠳᠠᠲᠠᠢ ᠣᠢᠯᠠᠭᠠᠯᠲᠠᠲᠠᠶ ᠪᠣᠯᠭᠠᠪᠠ᠃
ᠴᠠᠭᠠᠨ ᠭᠣᠶᠣᠣ ᠨᠢ ᠬᠠᠷᠠᠬᠤ ᠳ᠋ᠤ ᠶᠠᠯᠢᠮ ᠦᠬᠡᠢᠭᠡᠨ ᠪᠣᠯᠪᠠᠴᠤ᠌ ᠡᠯᠡᠰᠦ ᠶ᠋ᠢ ᠵᠠᠰᠠᠬᠤ᠂ ᠠᠵᠤ ᠦᠶ᠋ᠯᠡᠰ ᠢ᠋ ᠬᠥᠭ᠌ᠵᠢᠭᠦᠯᠬᠦ᠌᠂ ᠠᠷᠠᠳ ᠢ᠋ ᠪᠠᠶᠠᠵᠢᠭᠤᠯᠬᠤ ᠪᠦᠷᠢᠨ ᠪᠦᠲᠦᠨ ᠬᠡᠯᠬᠢᠶ᠎ᠡ ᠶ᠋ᠢ ᠬᠣᠯᠪᠣᠵᠤ ᠪᠠᠢᠳᠠᠭ᠃ ᠠᠯᠠᠱᠠ ᠠᠢᠮᠠᠬ ᠡᠯᠡᠰᠦᠪᠡᠷ ᠡᠯᠡᠰᠦ ᠶ᠋ᠢ ᠵᠠᠰᠠᠵᠤ᠂ ᠡᠯᠡᠰᠦᠪᠡᠷ ᠠᠷᠠᠳ ᠢ᠋ ᠪᠠᠶᠠᠵᠢᠭᠤᠯᠵᠤ᠂ ᠤᠨᠴᠠᠯᠢᠬ᠍ᠳᠤ ᠡᠯᠡᠰᠦ ᠡᠪᠡᠰᠦᠨᠦ ᠠᠵᠤ ᠦᠢᠯᠡᠰ ᠲᠤ᠌ ᠲᠦᠱᠢᠭ᠌ᠯᠡᠨ᠂ ᠴᠦᠯᠯᠡᠷᠭᠡᠭ ᠭᠠᠵᠠᠷ ᠢ᠋ ᠨᠣᠭᠣᠭᠠᠨ ᠪᠦᠷᠢᠳᠦ ᠪᠣᠯᠭᠠᠨ ᠬᠤᠪᠢᠷᠠᠭᠤᠯᠵᠤ᠂ ᠱᠢᠷᠠ ᠡᠯᠡᠰᠦ ᠶ᠋ᠢ ᠱᠢᠵᠢᠷ ᠠᠯᠳᠠ ᠪᠣᠯᠭᠠᠨ ᠬᠤᠪᠢᠷᠠᠭᠤᠯᠤᠭᠠᠳ᠂ ᠭᠠᠵᠠᠷ ᠣᠷᠣᠨ ᠤ᠋ ᠠᠮᠢ ᠠᠬᠤᠢ ᠵᠢᠨ ᠠᠮᠤᠷ ᠲᠦᠪᠱᠢᠨᠦ ᠬᠠᠯᠬᠠᠪᠴᠢ ᠶ᠋ᠢ ᠪᠠᠲᠤ ᠴᠣᠭ᠍ᠴᠠᠯᠠᠭ᠍ᠰᠠᠨ ᠵᠢᠡᠷ ᠪᠠᠷᠠᠬᠤ ᠦᠭᠡᠢ᠂ ᠨᠡᠩ ᠴᠤ᠌ ᠡᠯᠡᠰᠦᠷᠬᠡᠭ ᠣᠷᠣᠨ ᠤ᠋ 3 ᠲᠦᠮᠡ ᠭᠠᠷᠤᠢ ᠮᠠᠯᠴᠢᠨ ᠲᠠᠷᠢᠶᠠᠴᠢᠨᠳᠤ《ᠠᠮᠢ ᠠᠬᠤᠢ ᠵᠢᠨ ᠪᠤᠳᠠᠭᠠᠨ ᠠᠶᠠᠭ᠎ᠠ》 ᠵᠢ ᠯᠠᠪᠳᠠᠭᠤᠨ ᠠᠳᠭᠤᠭᠤᠯᠪᠠ᠃
ᠰᠤᠷᠪᠤᠯᠵᠢᠯᠠᠭ᠍ᠴᠢ ᠡᠯᠡᠰᠦᠨ ᠴᠦᠯ ᠤ᠋ᠨ ᠨᠣᠭᠣᠭᠠᠨ ᠬᠤᠪᠢᠷᠠᠯᠲᠠ ᠶ᠋ᠢ ᠭᠡᠷᠡᠴᠢᠯᠡᠵᠦ᠍᠂ ᠨᠠᠩ ᠴᠤ᠌ 《ᠨᠤᠮᠢᠨ ᠤᠰᠤ ᠬᠦᠬᠡᠮᠳᠦᠭ ᠠᠭᠤᠯᠠ ᠪᠤᠯ ᠠᠯᠲᠠᠨ ᠠᠭᠤᠯᠠ ᠮᠦᠩᠭᠦᠨ ᠬᠠᠢᠷᠬᠠᠨ ᠮᠦᠨ》 ᠭᠡᠬᠦ᠌ ᠠᠮᠢᠳᠤᠯᠢᠭ ᠦᠶ᠋ᠯᠡᠳᠦᠯᠭᠡ ᠶ᠋ᠢ ᠤᠢᠯᠠᠭᠠᠪᠠ᠃ ᠵᠢᠵᠢᠭ᠌ᠬᠡᠨ ᠴᠠᠭᠠᠨ ᠭᠣᠶᠣᠣ ᠨᠢ ᠡᠯᠡᠰᠦᠷᠬᠡᠭ ᠣᠷᠣᠨ ᠤ᠋ ᠠᠷᠠᠳ ᠲᠦᠮᠡᠨᠦ ᠪᠠᠶᠠᠵᠢᠯ ᠤ᠋ᠨ ᠵᠡᠭᠦᠳᠦ᠍ ᠶ᠋ᠢ ᠲᠡᠷᠭᠡᠯᠱᠢᠭᠦᠯᠬᠦ ᠪᠡᠷ ᠪᠠᠷᠠᠬᠤ ᠦᠬᠡᠢ᠂ ᠨᠡᠩ ᠴᠤ᠌ ᠡᠯᠡᠰᠦᠷᠬᠡᠭ ᠣᠷᠣᠨ ᠤ᠋ ᠦᠷᠭᠦᠯᠵᠢᠯᠡᠬᠦ᠌ ᠬᠥᠭ᠌ᠵᠢᠯᠲᠡ ᠵᠢᠨ ᠰᠠᠢ᠌ᠨ ᠰᠠᠢᠬᠠᠨ ᠢᠷᠡᠭᠡᠳᠦᠢ ᠶ᠋ᠢ ᠴᠣᠭ᠍ᠴᠠᠯᠠᠵᠤ ᠪᠠᠢᠨ᠎ᠠ᠃