ᠰᠣᠶᠣᠯ᠎ᠢᠶᠡᠷ ᠴᠢᠨᠠᠷ ᠰᠠᠢᠲᠠᠶ ᠬᠥᠭ᠌ᠵᠢᠯᠲᠡ᠎ᠶ᠋ᠢᠨ ᠵᠠᠮ ᠢ᠋ ᠭᠡᠷᠡᠯᠲᠦᠭᠦᠯᠰᠦᠬᠡᠢ
2026-05-11 09:44:43
ᠵᠣᠬᠢᠶᠠᠭ᠍ᠴᠢ᠄
ᠱᠢᠨᠬᠤᠸᠠ ᠬᠤᠷᠢᠶ᠎ᠠ᠎ᠵᠢᠨ ᠰᠤᠷᠪᠤᠯᠵᠢᠯᠠᠭ᠍ᠴᠢ ᠶᠠᠩ ᠰᠧ ᠴᠢ
ᠣᠩᠱᠢᠭ᠍ᠰᠠᠨ ᠣᠳᠠᠭ᠎ᠠ᠄
★★★☆☆

ᠱᠢᠨᠬᠤᠸᠠ ᠬᠤᠷᠢᠶ᠎ᠠ᠎ᠵᠢᠨ ᠤᠯᠤᠰ᠎ᠤᠨ ᠳᠡᠭᠡᠳᠦ ᠲᠡᠰ᠎ᠤᠨ ᠤᠶᠤᠨ᠎ᠤ ᠬᠥᠮᠥᠷᠭᠡ 7 ᠎ᠤ᠋ ᠡᠳᠦᠷ ᠭᠷᠧᠭ᠎ᠦᠨ ᠠᠲᠸᠨ ᠳ᠋ᠦ᠍ 《ᠰᠣᠶᠣᠯ ᠎ᠵᠢᠡᠷ ᠡᠨᠧᠷᠭᠢ ᠣᠯᠭᠣᠬᠤ ᠤᠨᠤᠯ — ᠳᠤᠮᠳᠠᠳᠤ ᠤᠯᠤᠰ᠎ᠤᠨ ᠴᠢᠨᠠᠷ ᠰᠠᠢᠲᠠᠢ ᠬᠥᠭ᠌ᠵᠢᠯᠲᠡ ᠲᠡᠢᠰᠢ ᠤᠷᠤᠭ᠍ᠰᠢᠯᠠᠭ᠍ᠰᠠᠨ ᠰᠣᠶᠣᠯ᠎ᠤᠨ ᠤᠬᠠᠮᠰᠠᠷ》 ᠤ᠋ᠨ ᠤᠶᠤᠨ᠎ᠤ ᠬᠥᠮᠥᠷᠭᠡ᠎ᠶ᠋ᠢᠨ ᠮᠡᠳᠡᠭᠦᠯᠦᠯᠲᠡ᠎ᠶ᠋ᠢ ᠨᠡᠢᠲᠡᠯᠡᠵᠦ᠍᠂ ᠳᠤᠮᠳᠠᠳᠤ ᠤᠯᠤᠰ᠎ᠤᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠰᠣᠶᠣᠯ᠎ᠤᠨ ᠳᠠᠷᠪᠠᠭᠤᠯ᠎ᠢ ᠦᠨᠳᠦᠷ ᠮᠠᠨᠳᠤᠭᠤᠯᠤᠭᠰᠠᠨ᠎ᠢ ᠭᠦᠨᠵᠡᠭᠡᠢ ᠲᠣᠳᠣᠷᠬᠠᠢᠯᠠᠨ ᠥᠭᠦᠯᠡᠵᠦ᠍᠂ ᠰᠣᠶᠣᠯ᠎ᠵᠢᠡᠷ ᠠᠵᠤ ᠠᠬᠤᠢ ᠨᠡᠢᠭᠡᠮ᠎ᠦᠨ ᠬᠥᠭ᠌ᠵᠢᠯᠲᠡ ᠳ᠋ᠦ ᠡᠨᠧᠷᠭᠢ ᠣᠯᠭᠣᠬᠤ᠎ᠵᠢᠨ ᠪᠦᠷᠢᠯᠳᠦᠭ᠌ᠰᠡᠨ ᠯᠣᠭᠢᠭ᠂ ᠳᠤᠮᠳᠠᠳᠤ ᠤᠯᠤᠰ᠎ᠤᠨ ᠦᠢᠯᠡᠳᠦᠯᠭᠡ᠂ ᠠᠷᠭ᠎ᠠ᠎ᠶ᠋ᠢᠨ ᠤᠨᠤᠯ ᠪᠣᠯᠤᠨ ᠪᠦᠬᠦ᠌ ᠪᠥᠮᠪᠥᠷᠴᠡᠭ᠎ᠦᠨ ᠰᠡᠩᠬᠡᠷᠡᠭᠦᠯᠦᠯ᠎ᠢ ᠱᠢᠰᠲ᠋ᠧᠮ᠎ᠲᠡᠶ ᠵᠠᠳᠠᠯᠪᠠ᠃

ᠰᠣᠶᠣᠯ᠎ᠢᠶᠠᠷ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠡᠨᠧᠷᠭᠢ ᠣᠯᠭᠣᠬᠤ ᠪᠣᠯ ᠰᠣᠶᠣᠯ᠎ᠤᠨ ᠢᠲᠡᠭᠡᠯ᠎ᠢᠶᠡᠨ ᠪᠠᠲᠤᠳᠭᠠᠬᠤ᠂ ᠪᠣᠯᠪᠠᠰᠤᠨ᠎ᠤ ᠡᠭᠦᠷᠭᠡᠯᠡᠯ᠎ᠢ ᠢᠯᠡᠷᠡᠭᠦᠯᠬᠦ᠌᠎ᠶ᠋ᠢᠨ ᠠᠮᠢᠳᠤᠯᠢᠭ ᠢᠯᠡᠷᠡᠯ ᠮᠥᠨ᠂ ᠮᠦᠨ ᠴᠤ᠌ ᠳᠤᠮᠳᠠᠳᠤ ᠤᠯᠤᠰ᠎ᠤᠨ ᠠᠵᠤ ᠠᠬᠤᠢ᠎ᠶ᠋ᠢᠨ  ᠬᠡᠯᠪᠡᠷᠢ᠎ᠪᠡᠨ ᠭᠦᠨᠵᠡᠭᠡᠢ ᠬᠤᠪᠢᠷᠠᠭᠤᠯᠬᠤ᠂ ᠰᠣᠶᠣᠯ᠎ᠤᠨ ᠬᠦᠴᠦᠷᠬᠡᠭ ᠤᠯᠤᠰ᠎ᠤᠨ ᠪᠦᠳᠦᠭᠡᠨ ᠪᠠᠢᠭᠤᠯᠤᠯᠲᠠ ᠪᠣᠯᠤᠨ ᠪᠦᠬᠦ᠌ ᠪᠥᠮᠪᠥᠷᠴᠡᠭ᠎ᠦᠨ ᠠᠵᠤ ᠦᠢᠯᠡᠰ᠎ᠦᠨ ᠲᠡᠰ ᠳᠡᠪᠱᠢᠭ᠌ᠰᠡᠨ ᠠᠬᠤᠢ ᠪᠠᠢᠳᠠᠯ ᠳᠣᠣᠷ᠎ᠠ ᠬᠢᠭ᠌ᠰᠡᠨ ᠵᠠᠢᠯᠠᠰᠢ ᠦᠭᠡᠢ ᠪᠠᠢᠯᠳᠤᠬᠤ ᠪᠤᠳᠤᠯᠭ᠎ᠠ᠎ᠶ᠋ᠢᠨ ᠰᠣᠩᠭᠣᠯᠲᠠ ᠮᠥᠨ᠃ ᠰᠣᠶᠣᠯ᠎ᠤᠨ ᠦᠵᠡᠭᠳᠡᠰᠢ ᠦᠬᠡᠢ ᠰᠢᠳᠢ ᠬᠦᠴᠦᠨ᠎ᠢ ᠴᠢᠨᠠᠷ ᠰᠠᠢᠲᠠᠢ ᠬᠥᠭ᠌ᠵᠢᠯᠲᠡ ᠳ᠋ᠤ ᠠᠭᠤᠰᠬᠠᠪᠠᠯ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠨᠡᠩ ᠰᠦᠷ ᠳᠠᠯᠠᠢᠴᠠᠲᠠᠢ ᠬᠥᠳᠡᠯᠭᠡᠬᠦ᠌ ᠡᠨᠧᠷᠭᠢ᠎ᠶ᠋ᠢ ᠬᠤᠷᠠᠮᠳᠤᠭᠤᠯᠬᠤ ᠪᠣᠯᠤᠨ᠎ᠠ᠃

ᠰᠣᠶᠣᠯ ᠪᠣᠯ ᠠᠵᠤ ᠠᠬᠤᠢ᠎ᠶ᠋ᠢᠨ ᠬᠥᠭ᠌ᠵᠢᠯᠲᠡ᠎ᠶ᠋ᠢᠨ 《ᠲᠦᠯᠬᠢᠭ᠌ᠴᠢ ᠬᠦᠴᠦᠨ》 ᠮᠥᠨ᠃ ᠠᠵᠤ ᠦᠶ᠋ᠯᠡᠰ᠎ᠦᠨ ᠶᠠᠰᠤ ᠴᠢᠨᠠᠷ᠎ᠢ ᠳᠡᠭᠡᠭ᠌ᠰᠢᠯᠡᠭᠦᠯᠦᠨ ᠲᠠᠰ ᠳᠡᠪᠱᠢᠭᠦᠯᠬᠦ᠌᠎ᠶ᠋ᠢ ᠠᠬᠢᠭᠤᠯᠬᠤ᠎ᠳᠤ᠂ ᠳᠤᠮᠳᠠᠳᠤ ᠤᠯᠤᠰ ᠰᠣᠶᠣᠯ᠎ᠢᠶᠠᠷ ᠦᠶ᠋ᠯᠡᠰ᠎ᠢᠶᠡᠨ ᠬᠥᠭ᠌ᠵᠢᠭᠦᠯᠦᠨ ᠴᠡᠴᠡᠭᠯᠡᠭᠦᠯᠵᠦ᠍ ᠪᠠᠢᠨ᠎ᠠ᠄ ᠳᠤᠮᠳᠠᠳᠤ ᠮᠠᠶᠢᠭ᠎ᠤᠨ ᠭᠤᠤ᠎ᠠ ᠰᠠᠢᠬᠠᠨ᠎ᠤ ᠤᠬᠠᠭᠠᠨ᠎ᠢᠶᠠᠷ ᠬᠤᠪᠴᠠᠰᠤ ᠵᠠᠰᠠᠯ᠎ᠤᠨ ᠵᠢᠷᠤᠭ ᠲᠥᠯᠥᠪᠯᠡᠭᠡ᠎ᠶ᠋ᠢ ᠪᠡᠶᠡᠯᠡᠬᠦᠯᠵᠤ᠂ ᠤᠯᠠᠮᠵᠢᠯᠠᠯᠲᠤ ᠮᠡᠷᠭᠡᠵᠢᠯ᠎ᠵᠢᠡᠷ ᠣᠲᠣ ᠦᠶ᠎ᠡ᠎ᠶ᠋ᠢᠨ ᠪᠠᠷᠢᠯᠭ᠎ᠠ᠎ᠶ᠋ᠢ ᠪᠥᠲᠥᠭᠡᠨ ᠪᠠᠢᠭᠤᠯᠬᠤ ᠳ᠋ᠤ ᠡᠨᠧᠷᠭᠢ ᠤᠯᠭᠤᠵᠤ᠂ 《ᠰᠣᠶᠣᠯ +》 ᠠᠵᠤ ᠦᠶ᠋ᠯᠡᠰ᠎ᠦᠨ ᠬᠦᠪᠡᠭᠡ ᠬᠢᠵᠠᠭᠠᠷ᠎ᠢ ᠦᠷᠭᠦᠯᠵᠢᠯᠡᠨ ᠥᠷᠭᠡᠳᠭᠡᠵᠦ ᠪᠠᠢᠨ᠎ᠠ᠃ ᠨᠡᠩ ᠭᠦᠨ ᠳᠠᠪᠬᠤᠷᠭ᠎ᠠ᠎ᠡᠴᠡ ᠠᠪᠴᠤ᠌ ᠦᠵᠡᠪᠡᠯ᠂  ᠰᠣᠶᠣᠯ ᠨᠢ ᠠᠵᠤ ᠠᠬᠤᠢ᠎ᠶ᠋ᠢᠨ ᠠᠵᠢᠯᠯᠠᠭ᠎ᠠ᠎ᠳᠤ ᠦᠨᠡᠨᠴᠢ ᠢᠲᠡᠭᠡᠮᠵᠢ᠎ᠶ᠋ᠢᠨ ᠵᠣᠷᠢᠭ ᠰᠠᠨᠠᠭ᠎ᠠ ᠪᠠ ᠢᠲᠡᠭᠡᠮᠵᠢ᠎ᠶ᠋ᠢᠨ ᠣᠷᠴᠢᠨ ᠨᠥᠬᠥᠴᠡᠯ ᠣᠯᠭᠣᠵᠤ᠂ ᠬᠥᠭ᠌ᠵᠢᠯᠲᠡ᠎ᠶ᠋ᠢ ᠨᠡᠩ ᠡᠮᠬᠢ ᠲᠢᠭᠯᠢᠮ᠎ᠲᠠᠶ᠂ ᠨᠡᠩ ᠪᠦᠲᠦᠮᠵᠢᠲᠡᠢ᠂ ᠨᠡᠩ ᠰᠦᠭ ᠰᠦᠨᠡᠰᠦ᠎ᠲᠡᠶ ᠪᠣᠯᠭᠠᠪᠠ᠃

ᠰᠣᠶᠣᠯ ᠨᠢ ᠬᠡᠷᠡᠭᠯᠡᠭᠡ᠎ᠵᠢᠨ ᠠᠮᠢᠵᠢᠷᠠᠯ᠎ᠤᠨ ᠬᠦᠴᠦᠨ᠎ᠢ ᠬᠥᠭ᠌ᠵᠢᠭᠡᠨ᠎ᠡ᠃ ᠬᠥᠮᠦᠰ《ᠡᠳ᠋ ᠪᠣᠳᠠᠰ᠎ᠤᠨ ᠡᠯᠪᠡᠭ ᠪᠠᠶᠠᠯᠢᠭ》ᠢ᠋ ᠬᠥᠭᠡᠭᠡᠴᠡᠯᠳᠦᠵᠦ᠍ ᠪᠠᠢᠭ᠍ᠰᠠᠨ᠎ᠡᠴᠡ᠎ᠪᠠᠨ 《ᠤᠶᠤᠨ ᠰᠠᠨᠠᠭᠠᠨ᠎ᠤ ᠪᠠᠶᠠᠨ》 ᠢ᠋ ᠬᠦᠰᠡᠨ ᠬᠥᠭᠡᠭᠡᠴᠡᠯᠳᠦᠬᠦ᠌ ᠪᠤᠯᠵᠤ᠂ ᠰᠣᠶᠣᠯ᠎ᠤᠨ ᠠᠭᠤᠯᠤᠭ᠍ᠳᠠᠬᠤᠨ᠎ᠢ ᠠᠴᠢᠶᠠᠯᠠᠭ᠍ᠰᠠᠨ ᠬᠠᠩᠭᠠᠯᠭ᠎ᠠ ᠨᠢ ᠶᠠᠪᠤᠬᠤ ᠲᠤᠳᠤᠮ 《ᠬᠠᠲᠠᠭᠤ ᠬᠡᠷᠡᠭ᠌ᠴᠡᠭᠡ》 ᠪᠣᠯᠤᠭ᠍ᠰᠠᠨ ᠪᠠᠢᠨ᠎ᠠ᠃ 《ᠬᠠᠴᠢᠨ ᠲᠤᠮᠤᠭ᠄ ᠪᠠᠴᠢᠨ ᠪᠠᠭᠰᠢ》᠂ 《ᠨᠸ ᠵᠠ — ᠤᠪᠢᠳᠠᠰᠲᠤ ᠬᠡᠤᠬᠡᠳ ᠲᠠᠯᠠᠢ᠎ᠶ᠋ᠢ ᠲᠦᠢᠪᠡᠭᠡᠭ᠌ᠰᠡᠨ ᠨᠢ》 ᠵᠡᠷᠬᠡ ᠪᠦᠳᠦᠬᠡᠯ ᠨᠢ ᠲᠣᠭᠠᠴᠢᠯᠠᠭ᠍ᠰᠠᠨ ᠱᠢᠨ᠎ᠡ ᠡᠭᠦᠳᠦᠯᠲᠡ᠎ᠪᠡᠷ ᠳᠤᠮᠳᠠᠳᠤ ᠤᠯᠤᠰ᠎ᠤᠨ ᠦᠯᠢᠬᠡᠷ᠎ᠢ ᠶᠠᠷᠢᠵᠤ᠂ ᠰᠢ ᠠᠨ᠎ᠤ ᠴᠠᠩ ᠠᠨ ᠠᠷᠪᠠᠨ ᠬᠣᠶᠠᠷ ᠴᠠᠭ᠎ᠤᠨ ᠭᠣᠣᠯ ᠰᠡᠳᠦᠪᠲᠦ ᠵᠡᠭᠡᠯᠢ ᠵᠢᠨ ᠲᠣᠭᠣᠷᠢᠭ ᠨᠢ ᠭᠦᠨᠵᠡᠭᠡᠢ ᠪᠡᠶᠡᠴᠢᠯᠡᠨ ᠣᠢᠯᠠᠭᠠᠬᠤ ᠤᠷᠴᠢᠨ᠎ᠢ ᠡᠭᠦᠳᠴᠦ᠍᠂ ᠡᠯ᠎ᠡ ᠭᠠᠵᠠᠷ᠎ᠤᠨ ᠮᠦᠽᠧᠢ᠎ᠳᠦ ᠲᠣᠭᠠᠴᠢᠯᠠᠯᠲᠠ᠎ᠵᠢᠨ ᠬᠠᠯᠠᠭᠤᠨ ᠥᠷᠨᠢᠯᠲᠡ ᠭᠠᠷᠴᠤ᠂ 《ᠲᠣᠰᠭᠣᠨ᠎ᠤ ᠬᠦᠯ ᠪᠦᠮᠪᠦᠭᠡ᠎ᠵᠢᠨ ᠬᠤᠯᠪᠤᠭᠠᠲᠤ ᠤᠷᠤᠯᠳᠤᠭᠠᠨ》᠂  《ᠲᠣᠰᠭᠣᠨ᠎ᠤ ᠴᠠᠭᠠᠨ ᠰᠠᠷ᠎ᠠ᠎ᠵᠢᠨ ᠦᠳᠡᠰᠢᠯᠡᠭᠡ》 ᠨᠢ ᠨᠤᠲᠤᠭ᠎ᠤᠨ ᠰᠤᠷᠲᠠᠯ ᠡᠷᠲᠡᠨ᠎ᠦ ᠬᠡᠪ ᠨᠠᠮᠪᠠ᠎ᠶ᠋ᠢ ᠬᠠᠳᠠᠭᠠᠯᠠᠪᠠ ᠁ ᠱᠢᠯᠢᠳᠡᠭ ᠰᠣᠶᠣᠯ᠎ᠤᠨ ᠬᠠᠩᠭᠠᠯᠭ᠎ᠠ ᠪᠣᠯᠤᠨ ᠤᠯᠠᠨ ᠡᠱᠢᠲᠦ ᠬᠡᠷᠡᠭᠯᠡᠭᠡ᠎ᠵᠢᠨ ᠦᠵᠡᠭᠳᠡᠯ ᠪᠠᠢᠳᠠᠯ᠎ᠢ ᠭᠦᠨᠵᠡᠭᠡᠢ ᠠᠭᠤᠰᠤᠯᠴᠠᠭᠤᠯᠬᠤ ᠨᠢ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠢ ᠱᠢᠨ᠎ᠡ ᠬᠡᠷᠡᠯ ᠭᠢᠯᠪᠠᠭ᠎ᠠ ᠰᠠᠴᠤᠷᠠᠭᠤᠯᠤᠬᠰᠠᠨ᠎ᠵᠢᠡᠷ ᠪᠠᠷᠠᠬᠤ ᠦᠬᠡᠢ ᠪᠠᠰᠠ ᠰᠣᠶᠣᠯ᠎ᠤᠨ ᠡᠬᠢ ᠪᠠᠶᠠᠯᠢᠭ᠎ᠢ ᠦᠨᠡᠨ ᠬᠦ᠌ ᠠᠵᠤ ᠦᠢᠯᠡᠰ᠎ᠦᠨ ᠱᠢᠨ᠎ᠡ ᠨᠡᠮᠡᠭ᠌ᠳᠡᠯ᠎ᠦᠨ ᠲᠤᠢᠯ ᠪᠣᠯᠭᠠᠨ ᠬᠤᠪᠢᠷᠠᠭᠤᠯᠪᠠ᠃

ᠰᠣᠶᠣᠯ ᠨᠢ ᠨᠡᠢᠭᠡᠮ᠎ᠢ ᠰᠠᠢᠲᠤᠷ ᠵᠠᠰᠠᠬᠤ᠎ᠳ᠋ᠤ ᠲᠤᠰᠠᠯᠠᠨ᠎ᠠ᠃ ᠵᠠᠰᠠᠯᠲᠠ᠎ᠶ᠋ᠢᠨ ᠦᠷ᠎ᠡ ᠪᠦᠲᠦᠮᠵᠢ ᠬᠠᠮᠢᠭ᠎ᠠ᠎ᠡᠴᠡ ᠢᠷᠡᠳᠡᠭ ᠪᠤᠢ? ᠬᠠᠷᠢᠭᠤᠯᠲᠠ ᠨᠢ ᠶᠡᠷᠦ᠍ ᠨᠢ ᠰᠣᠶᠣᠯ᠎ᠤᠨ ᠱᠢᠮᠡᠯᠢᠭ ᠬᠥᠷᠥᠰᠥᠨ᠎ᠳᠦ ᠬᠠᠳᠠᠭᠠᠯᠠᠭ᠍ᠳᠠᠵᠤ ᠪᠠᠢᠳᠠᠭ᠃ ᠤᠯᠠᠨ ᠨᠡᠢᠲᠡ᠎ᠶ᠋ᠢᠨ ᠰᠣᠶᠣᠯ᠎ᠤᠨ ᠦᠢᠯᠡᠴᠢᠯᠡᠭᠡ᠎ᠶ᠋ᠢ ᠲᠡᠭᠦᠯᠳᠡᠷᠵᠢᠭᠦᠯᠬᠦ᠌᠂ ᠤᠶᠤᠨ᠎ᠤ ᠪᠣᠯᠪᠠᠰᠤᠨ᠎ᠤ ᠵᠢᠭ᠍ᠰᠠᠭᠠᠯ᠎ᠤᠨ ᠭᠠᠵᠠᠷ᠎ᠢ ᠪᠠᠲᠤ ᠴᠣᠭ᠍ᠴᠠᠯᠠᠬᠤ᠎ᠡᠴᠡ ᠪᠦᠬᠦ᠌ ᠠᠷᠠᠳ᠎ᠤᠨ ᠪᠣᠯᠪᠠᠰᠤᠨ᠎ᠤ ᠬᠡᠪ ᠪᠣᠯᠪᠠᠰᠤᠷᠠᠯ᠎ᠢ ᠳᠡᠭᠡᠭ᠌ᠰᠢᠯᠡᠭᠦᠯᠬᠦ᠌᠂ ᠥᠭᠡᠳᠡᠯᠡᠨ ᠳᠠᠪᠱᠢᠬᠤ ᠰᠠᠢ᠌ᠨ ᠰᠠᠢᠬᠠᠨ ᠬᠡᠪ ᠰᠤᠷᠲᠠᠯ᠎ᠢ ᠪᠤᠢ ᠪᠤᠯᠭᠠᠬᠰᠠᠨ ᠬᠦᠷᠲᠡᠯ᠎ᠡ᠂ ᠲᠠᠬᠢᠭᠠᠳ ᠱᠢᠯᠢᠳᠡᠭ ᠤᠯᠠᠮᠵᠢᠯᠠᠯᠲᠤ ᠰᠣᠶᠣᠯ᠎ᠡᠴᠡ ᠵᠠᠰᠠᠯᠲᠠ᠎ᠶ᠋ᠢᠨ ᠤᠶᠤᠨ ᠤᠬᠠᠭᠠᠨ᠎ᠢ ᠱᠢᠩᠭᠡᠭᠡᠨ ᠠᠪᠤᠬᠰᠠᠨ ᠬᠦᠷᠲᠡᠯ᠎ᠡ᠂ ᠰᠣᠶᠣᠯ ᠨᠢ ᠶᠠᠭ ᠦᠨᠳᠦᠰᠦᠨ ᠱᠠᠲᠤᠨ᠎ᠤ ᠵᠠᠰᠠᠯᠲᠠ᠎ᠶ᠋ᠢᠨ ᠤᠶᠠᠨ ᠬᠠᠳᠠᠨ ᠬᠦᠴᠦᠨ ᠪᠤᠯᠵᠤ ᠬᠤᠪᠢᠷᠠᠵᠤ ᠪᠠᠢᠨ᠎ᠠ᠃ ᠳᠤᠮᠳᠠᠳᠤ ᠤᠯᠤᠰ ᠰᠣᠶᠣᠯ᠎ᠢ ᠦᠨᠳᠦᠰᠦᠨ ᠱᠠᠲᠤᠨ᠎ᠤ ᠵᠠᠰᠠᠯᠲᠠ᠎ᠶ᠋ᠢᠨ ᠪᠦᠬᠦ᠌ ᠶᠠᠪᠤᠴᠠ᠎ᠳᠤ ᠠᠭᠤᠰᠤᠯᠴᠠᠭᠤᠯᠵᠤ᠂ ᠨᠡᠢᠭᠡᠮ᠎ᠦᠨ ᠵᠠᠰᠠᠯᠲᠠ᠎ᠶ᠋ᠢᠨ ᠦᠷ᠎ᠡ ᠪᠦᠲᠦᠮᠵᠢ᠎ᠶ᠋ᠢ ᠪᠦᠲᠦᠮᠵᠢᠲᠡᠢ ᠳᠡᠭᠡᠭ᠌ᠰᠢᠯᠡᠭᠦᠯᠵᠦ᠍᠂ ᠰᠣᠶᠣᠯ᠎ᠤᠨ ᠬᠠᠮᠲᠤ᠎ᠶ᠋ᠢᠨ ᠲᠠᠨᠢᠯᠲᠠ᠎ᠶ᠋ᠢ ᠨᠡᠮᠡᠭ᠌ᠳᠡᠭᠦᠯᠬᠦ᠌ ᠳᠤᠮᠳᠠ ᠨᠡᠢᠭᠡᠮ᠎ᠦᠨ ᠡᠶ᠎ᠡ ᠵᠣᠬᠢᠴᠠᠩᠭᠤᠢ᠎ᠶ᠋ᠢᠨ ᠰᠠᠭᠤᠷᠢ᠎ᠶ᠋ᠢ ᠪᠡᠬᠢᠵᠢᠭᠦᠯᠵᠦ᠍᠂ ᠤᠯᠠᠨ ᠡᠱᠢᠵᠢᠭᠰᠡᠨ ᠬᠦᠷ ᠬᠥᠭ᠌ᠵᠢᠶᠡᠨ᠎ᠲᠡᠶ ᠴᠠᠭ ᠦᠶ᠎ᠡ᠎ᠳᠦ ᠨᠡᠢᠭᠡᠮ᠎ᠦᠨ ᠪᠦᠬᠦᠯᠢ ᠴᠣᠭ᠍ᠴᠠᠲᠤ ᠴᠢᠨᠠᠷ ᠪᠣᠯᠤᠨ ᠲᠥᠪᠯᠡᠩᠭᠦᠢ ᠬᠦᠴᠦᠨ᠎ᠢ ᠪᠠᠲᠤᠯᠠᠪᠠ᠃

ᠣᠳᠣᠬᠠᠨ᠎ᠳᠤ᠂ ᠪᠦᠬᠦ᠌ ᠪᠥᠮᠪᠥᠷᠴᠡᠭ᠎ᠢ ᠪᠠᠷᠠᠯᠠᠬᠤᠶ᠎ᠠ᠂ ᠣᠳᠣᠬᠢᠴᠢᠯᠠᠯᠲᠠ ᠨᠢ ᠶᠡᠷᠦ᠍᠎ᠡᠴᠡ 《ᠪᠣᠳᠠᠰ》 ᠤ᠋ᠨ ᠣᠳᠣᠬᠢᠴᠢᠯᠠᠯᠲᠠ ᠲᠡᠳᠦᠢ ᠪᠢᠰᠢ᠂ ᠨᠡᠩ ᠴᠤ᠌ 《ᠬᠥᠮᠦᠨ》 ᠤ᠋ ᠣᠳᠣᠬᠢᠴᠢᠯᠠᠯᠲᠠ ᠪᠣᠯᠬᠤ ᠶᠤᠮ᠃ ᠰᠣᠶᠣᠯ᠎ᠢᠶᠠᠷ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠡᠨᠧᠷᠭᠢ ᠣᠯᠭᠣᠵᠤ᠂ ᠬᠥᠮᠦᠨ᠎ᠢᠶᠡᠷ ᠦᠨᠳᠦᠰᠦ ᠪᠣᠯᠭᠠᠬᠤ᠎ᠶ᠋ᠢ ᠪᠠᠷᠢᠮᠲᠠᠯᠠᠵᠤ᠂ ᠰᠣᠶᠣᠯ᠎ᠢᠶᠠᠷ ᠬᠥᠮᠦᠨ᠎ᠢ ᠤᠬᠠᠭᠠᠷᠠᠭᠤᠯᠵᠤ᠂ ᠲᠥᠪ ᠶᠣᠰᠣ᠎ᠶ᠋ᠢ ᠪᠠᠷᠢᠮᠲᠠᠯᠠᠨ ᠱᠢᠨ᠎ᠡ᠎ᠶ᠋ᠢ ᠡᠭᠦᠳᠴᠦ᠍᠂ ᠬᠥᠮᠦᠨ᠎ᠦ ᠪᠦᠬᠦ᠌ ᠲᠠᠯ᠎ᠠ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠪᠣᠯ ᠳᠤᠮᠳᠠᠳᠤ ᠤᠯᠤᠰ᠎ᠤᠨ ᠴᠢᠨᠠᠷ ᠰᠠᠢᠲᠠᠢ ᠬᠥᠭ᠌ᠵᠢᠯᠲᠡ ᠲᠡᠢᠰᠢ ᠤᠷᠤᠭ᠍ᠰᠢᠯᠠᠬᠤ ᠴᠢᠬᠤᠯᠠ ᠠᠷᠭ᠎ᠠ᠎ᠶ᠋ᠢᠨ ᠤᠨᠤᠯ ᠪᠣᠯᠬᠤ ᠪᠥᠭᠡᠳ ᠳᠡᠯᠡᠬᠡᠢ ᠳ᠋ᠠᠬᠢᠨ᠎ᠳᠤ ᠬᠦᠷᠦᠨᠭ᠌ᠭᠡ᠎ᠶ᠋ᠢᠨ ᠯᠣᠭᠢᠭ᠎ᠡᠴᠡ ᠳᠠᠪᠠᠭ᠍ᠰᠠᠨ ᠳᠤᠮᠳᠠᠳᠤ ᠤᠯᠤᠰ᠎ᠤᠨ ᠤᠶᠤᠨ ᠤᠬᠠᠭᠠᠨ᠎ᠢ ᠬᠠᠩᠭᠠᠪᠠ᠃ ᠰᠣᠶᠣᠯ᠎ᠤᠨ ᠰᠢᠳᠢ ᠬᠦᠴᠦᠨ᠎ᠢᠶᠡᠷ ᠤᠷᠤᠭ᠍ᠰᠢᠯᠠᠯᠳᠠ ᠵᠢᠨ ᠵᠠᠮ᠎ᠢ ᠭᠡᠷᠡᠯᠳᠦᠬᠦᠯᠪᠡᠯ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠠᠶᠠᠨ ᠯᠠᠪᠳᠠᠭᠤᠨ᠎ᠢᠶᠠᠷ ᠬᠤᠯᠠ ᠠᠶᠠᠯᠠᠵᠦ ᠴᠢᠳᠠᠬᠤ ᠨᠢ ᠯᠠᠪᠲᠠᠢ ᠶᠤᠮ᠃

(ᠱᠢᠨᠬᠤᠸᠠ ᠬᠤᠷᠢᠶ᠎ᠠ᠎ᠵᠢᠨ ᠪᠡᠭᠡᠵᠢᠩ᠎ᠦᠨ 5 ᠰᠠᠷ᠎ᠠ᠎ᠶ᠋ᠢᠨ 7 ᠎ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号