ᠤᠢᠷ᠎ᠠ ᠵᠢᠨ ᠡᠳᠦᠷ᠂ 2026 ᠤᠨ ᠤ᠋ ᠦᠪᠦᠷ ᠮᠤᠨᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ 《ᠰᠢᠪᠠᠭᠤᠳ ᠢ᠋ ᠬᠠᠢᠷᠠᠯᠠᠬᠤ ᠭᠠᠷᠠᠭ》 ᠤ᠋ᠨ ᠠᠵᠢᠯᠯᠠᠭ᠎ᠠ ᠵᠢᠨ ᠨᠡᠭᠡᠭᠡᠯᠲᠡ ᠵᠢᠨ ᠶᠤᠰᠤᠯᠠᠯ ᠬᠦᠯᠦᠨ ᠪᠤᠢᠷ ᠬᠤᠲᠠ ᠵᠢᠨ ᠵᠠᠯᠠᠨ ᠠᠢᠯ ᠬᠤᠲᠠ ᠳ᠋ᠤ ᠡᠬᠢᠯᠡᠪᠡ᠃ ᠲᠤᠰ ᠤᠳᠠᠭᠠᠨ ᠤ᠋ ᠠᠵᠢᠯᠯᠠᠭ᠎ᠠ ᠨᠢ ᠪᠦᠬᠦ ᠠᠷᠠᠳ ᠤ᠋ᠨ ᠰᠢᠪᠠᠭᠤᠳ ᠢ᠋ ᠬᠠᠢᠷᠠᠯᠠᠬᠤ ᠠᠮᠢ ᠠᠬᠤᠢ ᠶ᠋ᠢ ᠬᠠᠮᠠᠭᠠᠯᠠᠬᠤ ᠦᠵᠡᠯ ᠤᠬᠠᠮᠰᠠᠷ ᠢ᠋ ᠤᠯᠠᠮ ᠨᠢᠭᠡ ᠠᠯᠬᠤᠮ ᠴᠢᠩᠭᠠᠳᠬᠠᠵᠤ᠂ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠶ᠋ᠢ ᠤᠯᠠᠮ ᠪᠡᠬᠢᠵᠢᠬᠦᠯᠬᠦ ᠶ᠋ᠢ ᠵᠤᠷᠢᠪᠠ᠃
ᠵᠢᠯ ᠪᠦᠷᠢ ᠵᠢᠨ 5 ᠰᠠᠷ᠎ᠠ ᠵᠢᠨ ᠨᠢᠭᠡᠳᠦᠭᠡᠷ ᠭᠠᠷᠠᠭ ᠪᠤᠯ ᠮᠠᠨ ᠤ᠋ ᠤᠷᠤᠨ ᠤ᠋ 《ᠰᠢᠪᠠᠭᠤᠳ ᠢ᠋ ᠬᠠᠢᠷᠠᠯᠠᠬᠤ ᠭᠠᠷᠠᠭ》 ᠪᠤᠯᠤᠨ᠎ᠠ᠃ ᠲᠤᠰ ᠤᠳᠠᠭᠠᠨ ᠤ᠋ ᠠᠵᠢᠯᠯᠠᠭ᠎ᠠ ᠶ᠋ᠢ ᠦᠪᠦᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠤᠢ ᠰᠢᠭᠤᠢ ᠪᠠ ᠨᠤᠲᠤᠭ ᠪᠡᠯᠴᠢᠭᠡᠷ ᠤ᠋ᠨ ᠲᠤᠪᠴᠢᠶ᠎ᠡ᠂ ᠦᠪᠡᠷᠲᠡᠭᠡᠨ ᠵᠠᠰᠠᠬᠤ ᠤᠷᠤᠨ ᠤ᠋ ᠬᠡᠭᠡᠷ᠎ᠡ ᠵᠢᠨ ᠠᠮᠢᠲᠠᠨ ᠤᠷᠭᠤᠮᠠᠯ ᠪᠠ ᠨᠤᠭᠤ ᠭᠠᠵᠠᠷ ᠢ᠋ ᠬᠠᠮᠠᠭᠠᠯᠠᠬᠤ ᠵᠦᠪᠯᠡᠯ ᠡᠴᠡ ᠭᠤᠤᠯᠯᠠᠨ ᠡᠷᠬᠢᠯᠡᠵᠤ᠂ ᠬᠦᠯᠦᠨ ᠪᠤᠢᠷ ᠬᠤᠲᠠ ᠵᠢᠨ ᠤᠢ ᠰᠢᠭᠤᠢ ᠪᠠ ᠨᠤᠲᠤᠭ ᠪᠡᠯᠴᠢᠭᠡᠷ ᠤ᠋ᠨ ᠲᠤᠪᠴᠢᠶ᠎ᠡ᠂ ᠵᠠᠯᠠᠨ ᠠᠢᠯ ᠬᠤᠲᠠ ᠵᠢᠨ ᠠᠷᠠᠳ ᠤ᠋ᠨ ᠵᠠᠰᠠᠭ ᠤ᠋ᠨ ᠤᠷᠳᠤᠨ ᠡᠴᠡ ᠳᠠᠭᠠᠭᠠᠴᠢᠯᠠᠨ ᠡᠷᠬᠢᠯᠡᠪᠡ᠃ ᠠᠵᠢᠯᠯᠠᠭᠠᠨ ᠤ᠋ ᠠᠬᠤᠢ ᠲᠠᠯᠠᠪᠠᠢ ᠳ᠋ᠤ ᠬᠦᠯᠦᠨ ᠪᠤᠢᠷ ᠬᠤᠲᠠ ᠡᠴᠡ ᠪᠦᠬᠦ ᠬᠤᠲᠠ ᠵᠢᠨ ᠡᠬᠡ ᠬᠠᠭᠤᠷᠠᠢ ᠵᠢᠨ ᠠᠮᠢᠲᠠᠨ ᠤᠷᠭᠤᠮᠠᠯ ᠤ᠋ᠨ ᠡᠬᠢ ᠪᠠᠶᠠᠯᠢᠭᠤᠨ ᠪᠠᠢᠴᠠᠭᠠᠯᠲᠠ ᠵᠢᠨ ᠦᠷ᠎ᠡ ᠪᠦᠲᠦᠭᠡᠯ ᠢ᠋ ᠨᠡᠢᠲᠡᠯᠡᠵᠤ᠂ ᠦᠷᠭᠡᠨ ᠤᠯᠠᠨ ᠬᠤᠲᠠ ᠵᠢᠨ ᠠᠷᠠᠳ ᠪᠠ ᠵᠢᠭᠤᠯᠴᠢᠯᠠᠭᠰᠠᠳ ᠤ᠋ᠨ ᠠᠩᠬᠠᠷᠤᠯ ᠢ᠋ ᠶᠡᠬᠡ ᠪᠡᠷ ᠲᠠᠲᠠᠨ᠂ ᠪᠦᠬᠦ ᠠᠷᠠᠳ ᠤ᠋ᠨ ᠰᠢᠪᠠᠭᠤᠨ ᠤ᠋ ᠲᠦᠷᠦᠯ ᠢ᠋ ᠬᠠᠮᠠᠭᠠᠯᠠᠬᠤ ᠰᠠᠢᠨ ᠰᠠᠢᠬᠠᠨ ᠤᠷᠴᠢᠨ ᠢ᠋ ᠪᠤᠢ ᠪᠤᠯᠭᠠᠪᠠ᠃
ᠦᠪᠦᠷ ᠮᠤᠩᠭᠤᠯ 《ᠤᠮᠠᠷᠠᠲᠤ ᠵᠢᠨ ᠭᠤᠷᠪᠠᠨ ᠤᠷᠤᠨ》 ᠢ᠋ ᠰᠤᠨᠳᠠᠯᠠᠵᠤ᠂ ᠪᠦᠬᠦ ᠪᠦᠮᠪᠦᠷᠴᠡᠭ ᠤ᠋ᠨ ᠨᠡᠭᠦᠳᠡᠯ ᠤ᠋ᠨ ᠰᠢᠪᠠᠭᠤᠳ ᠤ᠋ᠨ ᠨᠢᠰᠦᠯᠲᠡ ᠵᠢᠨ ᠴᠢᠬᠤᠯᠠ ᠵᠠᠮ ᠱᠤᠭᠤᠮ ᠪᠠᠢᠵᠤ᠂ ᠪᠦᠬᠦ ᠪᠦᠮᠪᠦᠷᠴᠡᠭ ᠤ᠋ᠨ ᠨᠡᠭᠦᠳᠡᠯ ᠤ᠋ᠨ ᠰᠢᠪᠠᠭᠤᠳ ᠤ᠋ᠨ ᠨᠡᠭᠦᠳᠡᠯ ᠤ᠋ᠨ 3 ᠵᠠᠮ ᠱᠤᠭᠤᠮ ᠮᠠᠨ ᠤ᠋ ᠤᠷᠤᠨ ᠳ᠋ᠤ ᠲᠠᠷᠬᠠᠵᠤ᠂ ᠦᠪᠡᠷᠮᠢᠴᠡ ᠠᠮᠢ ᠠᠬᠤᠢ ᠤᠷᠴᠢᠨ ᠲᠤᠭᠤᠷᠢᠨ ᠨᠢ ᠨᠡᠭᠦᠳᠡᠯ ᠤ᠋ᠨ ᠰᠢᠪᠠᠭᠤᠳ ᠤ᠋ᠨ ᠦᠷᠡᠵᠢᠨ ᠲᠦᠯᠵᠢᠬᠦ ᠳ᠋ᠤ ᠰᠠᠢᠨ ᠰᠠᠢᠬᠠᠨ ᠨᠦᠬᠦᠴᠡᠯ ᠪᠤᠯᠤᠮᠵᠢ ᠶ᠋ᠢ ᠪᠦᠷᠢᠯᠳᠦᠭᠦᠯᠪᠡ᠃ ᠤᠳᠤᠬᠠᠨ ᠳ᠋ᠤ᠂ ᠮᠠᠨ ᠤ᠋ ᠤᠷᠤᠨᠳᠤ 26 ᠬᠡᠭᠡᠷ᠎ᠡ ᠵᠢᠨ ᠠᠮᠢᠲᠠᠨ ᠤᠷᠭᠤᠮᠠᠯ ᠤ᠋ᠨ ᠲᠦᠷᠦᠯ ᠤ᠋ᠨ ᠪᠠᠢᠭᠠᠯᠢ ᠵᠢᠨ ᠬᠠᠮᠠᠭᠠᠯᠠᠯᠲᠠ ᠵᠢᠨ ᠤᠷᠤᠨ᠂ 42 ᠡᠬᠡ ᠬᠠᠭᠤᠷᠠᠢ ᠵᠢᠨ ᠬᠡᠭᠡᠷ᠎ᠡ ᠵᠢᠨ ᠠᠮᠢᠲᠠᠨ ᠤ᠋ ᠴᠢᠬᠤᠯᠠ ᠤᠷᠤᠰᠢᠨ ᠲᠤᠭᠲᠠᠨᠢᠬᠤ ᠭᠠᠵᠠᠷ᠂ 51 ᠬᠡᠭᠡᠷ᠎ᠡ ᠵᠢᠨ ᠠᠮᠢᠲᠠᠨ ᠢ᠋ ᠠᠪᠤᠷᠠᠨ ᠲᠤᠰᠠᠯᠠᠬᠤ ᠪᠠᠢᠭᠤᠯᠤᠮᠵᠢ ᠵᠢᠴᠢ 33 ᠤᠯᠤᠰ ᠤ᠋ᠨ ᠳᠡᠰ ᠤ᠋ᠨ ᠡᠬᠡ ᠬᠠᠭᠤᠷᠠᠢ ᠵᠢᠨ ᠠᠮᠢᠲᠠᠨ ᠤ᠋ ᠬᠢᠵᠢᠭ ᠪᠠᠢᠴᠠᠭᠠᠬᠤ ᠦᠷᠲᠡᠭᠡ ᠲᠠᠢ ᠪᠠᠢᠵᠦ᠂ ᠨᠡᠭᠦᠳᠡᠯ ᠤ᠋ᠨ ᠰᠢᠪᠠᠭᠤᠳ ᠢ᠋ ᠬᠠᠮᠠᠭᠠᠯᠠᠬᠤ ᠪᠦᠬᠦ ᠤᠷᠤᠨ ᠪᠦᠰᠡ ᠵᠢᠨ ᠰᠦᠯᠵᠢᠶ᠎ᠡ ᠶ᠋ᠢ ᠪᠦᠷᠢᠯᠳᠦᠭᠦᠯᠦᠭᠰᠡᠨ ᠪᠠᠢᠨ᠎ᠠ᠃