ᠦᠪᠡᠷᠳᠡᠭᠡᠨ ᠵᠠᠰᠠᠬᠤ ᠤᠷᠤᠨ ᠎ᠤ ᠠᠷᠪᠠᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ᠎ᠤᠨ ᠴᠤᠬᠯᠠᠭᠠᠨ 8 ᠰᠠᠷ᠎ᠠ᠎ᠳᠦ ᠡᠬᠢᠯᠡᠬᠦ ᠪᠡᠷ ᠪᠤᠢ
2026-05-12 11:14:51
ᠵᠣᠬᠢᠶᠠᠭ᠍ᠴᠢ᠄
ᠸ·ᠭᠡᠷᠡᠯᠳᠤ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠬᠴᠢ ᠤᠢᠷ᠎ᠠ ᠵᠢᠨ ᠡᠳᠦᠷ ᠪᠤᠭᠤᠳᠤ ᠬᠤᠳᠠ ᠳ᠋ᠤ ᠬᠤᠷᠠᠯᠳᠤᠬᠰᠠᠨ ᠦᠪᠡᠷᠳᠡᠭᠡᠨ ᠵᠠᠰᠠᠬᠤ ᠤᠷᠤᠨ ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠠ ᠵᠢᠨ ᠲᠠᠮᠢᠷ ᠎ᠤᠨ ᠴᠤᠬᠯᠠᠭᠠᠨ᠎ᠤ ᠤᠷᠤᠯᠳᠤᠭᠠᠨ ᠎ᠢ ᠵᠤᠬᠢᠶᠠᠨ ᠪᠠᠢᠭᠤᠯᠤᠬᠰᠠᠨ  ᠪᠠᠢᠳᠠᠯ᠎ᠤᠨ ᠲᠤᠬᠠᠢ ᠰᠤᠨᠢᠨ ᠮᠡᠳᠡᠭᠡ ᠨᠡᠢᠳᠡᠯᠡᠬᠦ ᠬᠤᠷᠠᠯ ᠡᠴᠡ ᠤᠢᠯᠠᠭᠠᠬᠰᠠᠨ ᠵᠢᠡᠷ᠂ ᠦᠪᠡᠷᠳᠡᠭᠡᠨ ᠵᠠᠰᠠᠬᠤ ᠤᠷᠤᠨ᠎ᠤ ᠠᠷᠪᠠᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ 8 ᠰᠠᠷ᠎ᠠ ᠵᠢᠨ 8 ᠎ᠪ ᠡᠳᠦᠷ ᠵᠢᠩᠬᠢᠨᠢ ᠪᠡᠷ ᠡᠬᠢᠯᠡᠬᠦ ᠪᠤᠯᠤᠨ᠎ᠠ᠃

ᠤᠷᠤᠯᠳᠤᠭᠠᠨ᠎ᠤ ᠲᠦᠷᠤᠯ ᠎ᠢ᠋ ᠲᠤᠬᠢᠷᠠᠭᠤᠯᠤᠬᠰᠠᠨ ᠲᠠᠯ᠎ᠠ ᠪᠡᠷ᠂ ᠲᠤᠰ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠨᠢ ᠠᠢᠮᠠᠬ ᠬᠤᠳᠠ ᠪᠡᠷ ᠨᠢᠭᠡᠴᠢ ᠪᠤᠯᠭᠠᠨ ᠪᠦᠯᠬᠦᠮ ᠪᠠᠢᠭᠤᠯᠵᠦ ᠤᠷᠤᠯᠳᠤᠭᠠᠨ ᠳ᠋ᠤ ᠤᠷᠤᠯᠴᠠᠭᠤᠯᠤᠨ᠂ ᠤᠷᠤᠯᠳᠤᠭᠠᠨ᠎ᠤ ᠲᠤᠭᠤᠢᠯᠠᠩ ᠪᠤᠯᠤᠨ ᠤᠯᠠᠨ ᠲᠦᠮᠡᠨ᠎ᠤ ᠲᠤᠭᠤᠢᠯᠠᠩ ᠬᠤᠶᠠᠷ ᠶᠡᠬᠡ ᠲᠤᠭᠤᠢᠯᠠᠩ ᠬᠤᠪᠢᠶᠠᠵᠦ᠂ ᠨᠡᠢᠳᠡ 37 ᠶᠡᠬᠡ ᠲᠦᠷᠤᠯ᠂ 860 ᠪᠠᠭ᠎ᠠ ᠲᠦᠷᠤᠯ ᠤ᠋ᠨ ᠤᠷᠤᠯᠳᠤᠭᠠᠨ ᠲᠤᠬᠢᠷᠠᠭᠤᠯᠵᠦ᠂ ᠲᠦᠰᠦᠪᠯᠡᠬᠦ ᠪᠡᠷ 10400 ᠲᠠᠮᠢᠷᠴᠢᠨ᠂ 1600 ᠲᠠᠰᠬᠠᠯᠵᠢᠭᠤᠯᠤᠬᠴᠢ ᠤᠷᠤᠯᠳᠤᠭᠠᠨ ᠳ᠋ᠤ ᠤᠷᠤᠯᠴᠠᠬᠤ ᠪᠤᠯᠤᠨ᠎ᠠ᠃ ᠡᠭᠦᠨ᠎ᠤ ᠲᠤᠳᠤᠷ᠎ᠠ ᠤᠷᠤᠯᠳᠤᠭᠠᠨ ᠎ᠤ ᠲᠤᠭᠤᠢᠯᠠᠩ᠎ᠤᠨ ᠲᠦᠷᠤᠯ ᠨᠢ ᠤᠯᠢᠮᠫᠢᠺ᠎ᠤᠨ ᠲᠠᠮᠢᠷ᠎ᠤᠨ ᠴᠤᠬᠯᠠᠭᠠᠨ᠂ ᠪᠦᠬᠦ ᠤᠯᠤᠰ᠎ᠤᠨ ᠪᠡᠶ᠎ᠠ ᠵᠢᠨ ᠲᠠᠮᠢᠷ ᠤ᠋ᠨ ᠴᠤᠬᠯᠠᠭᠠᠨ ᠲᠠᠢ ᠪᠠᠷᠢᠮᠵᠢᠶ᠎ᠠ ᠨᠡᠢᠴᠡᠬᠦᠯᠵᠦ᠂ ᠮᠠᠨ ᠎ᠤ ᠤᠷᠤᠨ ᠪ ᠤᠨᠴᠠᠯᠢᠭ ᠲᠠᠢ ᠤᠶᠠᠯᠳᠤᠭᠤᠯᠤᠨ᠂ ᠨᠡᠢᠳᠡ 26 ᠶᠡᠬᠡ ᠲᠦᠷᠤᠯ᠂ 809 ᠪᠠᠭ᠎ᠠ ᠲᠦᠷᠤᠯ ᠎ᠤᠨ ᠤᠷᠤᠯᠳᠤᠭᠠᠨ ᠭᠠᠷᠭᠠᠵᠠᠢ᠃ ᠤᠯᠠᠨ ᠲᠦᠮᠡᠨ ᠎ᠤ ᠲᠤᠭᠤᠢᠯᠠᠩ ᠨᠢ ᠨᠡᠢᠳᠡ 11 ᠶᠡᠬᠡ ᠲᠦᠷᠤᠯ᠂ 51 ᠪᠠᠭ᠎ᠠ ᠲᠦᠷᠤᠯ ᠤ᠋ᠨ ᠤᠷᠤᠯᠳᠤᠭᠠᠨ ᠭᠠᠷᠭᠠᠵᠦ᠂ ᠲᠦᠷᠤᠯ ᠎ᠤᠨ ᠲᠤᠬᠢᠷᠠᠭᠤᠯᠤᠯᠳᠠ ᠨᠢ ᠤᠯᠠᠨ ᠲᠦᠮᠡᠨ᠎ᠤ ᠪᠡᠶ᠎ᠠ ᠴᠢᠬᠢᠷᠠᠭᠵᠢᠭᠤᠯᠬᠤ ᠬᠡᠷᠡᠭᠴᠡᠭᠡ ᠲᠠᠢ ᠤᠢᠷᠠᠳᠤᠭᠤᠯᠵᠦ᠂ ᠤᠯᠠᠨ ᠲᠦᠮᠡᠨ᠎ᠤ ᠲᠤᠷ᠎ᠠ ᠪᠠᠬᠠᠳᠠᠢ ᠬᠦᠳᠡᠯᠭᠡᠭᠡᠨ ᠎ᠤ ᠲᠦᠷᠤᠯ᠎ᠢ ᠪᠦᠬᠦᠨ᠎ᠢ  ᠬᠠᠮᠤᠷᠴᠦ᠂ ᠪᠡᠶ᠎ᠠ ᠵᠢᠨ ᠲᠠᠮᠢᠷ ᠎ᠤᠨ ᠴᠤᠬᠯᠠᠭᠠᠨ᠎ᠤ ᠤᠷᠤᠯᠳᠤᠭᠠᠨ ᠡᠷᠬᠢᠯᠡᠬᠦ ᠤᠢᠯᠠᠭᠠᠬᠳᠠᠬᠤᠨ᠎ᠢ ᠪᠦᠷᠢᠮᠦᠰᠤᠨ ᠢᠯᠡᠷᠡᠭᠦᠯᠦᠭᠰᠡᠨ ᠪᠠᠢᠨ᠎ᠠ᠃

ᠤᠷᠤᠯᠳᠤᠭᠠᠨ᠎ᠤ ᠲᠠᠯᠠᠪᠤᠷ᠎ᠢ ᠪᠠᠳᠤᠯᠠᠬᠤ ᠲᠠᠯ᠎ᠠ ᠪᠡᠷ᠂ ᠠᠷᠪᠢᠴᠢ ᠭᠠᠮᠳᠠᠢ ᠪᠡᠷ ᠤᠷᠤᠯᠳᠤᠭᠠᠨ ᠡᠷᠬᠢᠯᠡᠬᠦ ᠵᠠᠷᠴᠢᠮ ᠶᠤᠰᠤᠭᠠᠷ᠂ ᠦᠪᠡᠷᠳᠡᠭᠡᠨ ᠵᠠᠰᠠᠬᠤ ᠤᠷᠤᠨ᠎ᠤ ᠠᠷᠪᠠᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ ᠤᠷᠤᠯᠳᠤᠭᠠᠨ ᠎ᠤ ᠲᠦᠷᠤᠯ ᠨᠢ 《ᠭᠤᠤᠯ ᠤᠷᠤᠯᠳᠤᠭᠠᠨ ᠎ᠤ ᠲᠠᠯᠠᠪᠤᠷ ᠲᠠᠭᠠᠭᠠᠨ ᠡᠷᠬᠢᠯᠡᠬᠦ + ᠬᠤᠪᠢᠶᠠᠷᠢ ᠤᠷᠤᠯᠳᠤᠭᠠᠨ ᠎ᠤ ᠲᠠᠯᠠᠪᠤᠷ ᠬᠠᠮᠵᠢᠨ ᠡᠷᠬᠢᠯᠡᠬᠦ》 ᠵᠠᠬᠪᠤᠷ ᠎ᠢ ᠬᠡᠷᠡᠭᠯᠡᠵᠦ᠂ ᠪᠦᠬᠦ ᠤᠷᠤᠨ᠎ᠤ ᠤᠷᠤᠯᠳᠤᠭᠠᠨ ᠡᠷᠬᠢᠯᠡᠬᠦ ᠡᠬᠢ ᠪᠠᠶᠠᠯᠢᠭ ᠎ᠢ ᠨᠡᠢᠳᠬᠡᠨ᠂ ᠪᠠᠶ᠎ᠠ ᠵᠢᠨ ᠲᠠᠮᠢᠷ ᠎ᠤᠨ ᠲᠠᠯᠠᠪᠤᠷ ᠤᠷᠳᠤᠨ ᠪᠤᠯᠤᠨ ᠲᠠᠮᠢᠷᠴᠢᠳ ᠎ᠤ᠋ᠨ ᠪᠠᠢᠷᠢ ᠵᠢ ᠰᠢᠨ᠎ᠠ ᠪᠡᠷ ᠪᠠᠢᠭᠤᠯᠤᠬᠰᠠᠨ ᠦᠭᠡᠢ᠃

ᠪᠤᠭᠤᠲᠤ ᠵᠢᠨ ᠭᠤᠤᠯ ᠤᠷᠤᠯᠳᠤᠭᠠᠨ᠎ᠤ  ᠲᠤᠭᠤᠷᠢᠭ ᠨᠢ 21 ᠶᠡᠬᠡ ᠲᠦᠷᠤᠯ᠂ 639 ᠪᠠᠭ᠎ᠠ ᠲᠦᠷᠤᠯ ᠎ᠤᠨ ᠤᠷᠤᠯᠳᠤᠭᠠᠨ ᠡᠷᠬᠢᠯᠡᠬᠦ ᠡᠭᠦᠷᠭᠡ ᠵᠢ ᠬᠠᠷᠢᠭᠤᠴᠠᠵᠦ᠂ ᠪᠤᠭᠤᠳᠤ ᠬᠤᠳᠠ ᠳ᠋ᠤ ᠤᠷᠤᠯᠳᠤᠭᠠᠨ᠎ᠤ ᠲᠠᠯᠠᠪᠤᠷ ᠎ᠤᠨ ᠨᠦᠬᠦᠴᠡᠯ ᠬᠦᠷᠬᠦ ᠦᠭᠡᠢ ᠲᠦᠷᠤᠯ᠎ᠢ 5 ᠬᠤᠪᠢᠶᠠᠷᠢ ᠤᠷᠤᠯᠳᠤᠭᠠᠨ ᠎ᠤ ᠲᠠᠯᠠᠪᠤᠷ ᠵᠢᠡᠷ ᠲᠠᠭᠠᠭᠠᠴᠢᠯᠠᠨ ᠡᠷᠬᠢᠯᠡᠬᠦᠯᠵᠠᠢ᠃ ᠡᠭᠦᠨ ᠎ᠤ ᠲᠤᠳᠤᠷ᠎ᠠ᠂ ᠬᠠᠷᠪᠤᠭ᠎ᠠ ᠪᠤᠯᠤᠨ ᠪᠤᠢᠺᠦ ᠪᠦᠮᠪᠦᠭᠡ ᠵᠢᠨ ᠲᠦᠷᠤᠯ ᠵᠦᠢᠯ᠎ᠢ  ᠲᠤᠰᠪᠤᠷᠢ ᠬᠦᠬᠡᠬᠤᠳᠠ ᠪᠤᠯᠤᠨ ᠲᠦᠩᠯᠢᠶᠤᠤ ᠬᠤᠳᠠ ᠵᠢᠨ ᠤᠷᠤᠯᠳᠤᠭᠠᠨ ᠎ᠤ ᠲᠤᠭᠤᠷᠢᠭ ᠲᠤ᠌ ᠡᠷᠬᠢᠯᠡᠨ ᠶᠠᠪᠤᠬᠳᠠᠭᠤᠯᠤᠨ᠎ᠠ᠃ ᠬᠤᠷᠳᠤᠨ ᠲᠡᠰᠢᠯᠳᠠ᠂ ᠦᠨᠳᠤᠷ ᠠᠭᠤᠯᠠᠨ ᠎ᠤ ᠴᠠᠨᠠᠯᠠᠯᠳᠠ ᠵᠡᠷᠭᠡ 7 ᠡᠪᠦᠯ ᠎ᠤᠨ ᠤᠯᠠᠷᠢᠯ ᠎ᠤᠨ ᠲᠦᠷᠤᠯ ᠎ᠢ᠋  ᠬᠦᠯᠤᠨ ᠪᠤᠢᠷ ᠬᠤᠳᠠ᠂ ᠤᠯᠠᠭᠠᠨᠬᠠᠳᠠ ᠬᠤᠳᠠ᠂ ᠤᠯᠠᠭᠠᠨᠴᠠᠪ ᠬᠤᠳᠠ 3 ᠤᠷᠤᠯᠳᠤᠭᠠᠨ᠎ᠤ ᠲᠤᠭᠤᠷᠢᠭ ᠲᠤ᠌ ᠡᠷᠬᠢᠯᠡᠨ ᠶᠠᠪᠤᠬᠳᠠᠭᠤᠯᠤᠨ᠎ᠠ᠃ ᠤᠳᠤ ᠪᠦᠬᠦ ᠤᠷᠤᠯᠳᠤᠭᠠᠨ ᠎ᠤ ᠲᠠᠯᠠᠪᠤᠷ ᠤᠷᠳᠤᠨ ᠎ᠤ ᠲᠡᠰ ᠲᠡᠪᠰᠢᠭᠦᠯᠦᠨ ᠦᠭᠡᠷᠡᠴᠢᠯᠡᠬᠦ᠂ ᠰᠡᠯᠪᠢᠨ ᠵᠠᠰᠠᠬᠤ ᠪᠤᠯᠤᠨ ᠲᠤᠨᠤᠬᠯᠠᠯ ᠪᠠᠭᠠᠵᠢ ᠵᠢ ᠲᠤᠬᠢᠷᠠᠭᠤᠯᠬᠤ ᠵᠢ ᠨᠢᠭᠡᠨᠳᠡ ᠪᠡᠶᠡᠯᠡᠬᠦᠯᠵᠦ᠂ ᠪᠦᠬᠦ ᠤᠷᠳᠤᠨ ᠲᠠᠯᠠᠪᠤᠷ ᠪᠤᠯᠤᠨ ᠤᠷᠤᠯᠳᠤᠭᠠᠨ ᠎ᠤ ᠬᠡᠷᠡᠭᠰᠡᠯ ᠪᠠᠭᠠᠵᠢ ᠨᠢ ᠪᠦᠷ ᠤᠷᠤᠯᠳᠤᠭᠠᠨ ᠎ᠤ ᠪᠠᠷᠢᠮᠵᠢᠶ᠎ᠠ ᠳ᠋ᠤ ᠨᠡᠢᠴᠡᠭᠰᠡᠨ ᠪᠠᠢᠨ᠎ᠠ᠃

ᠪᠠᠶ᠎ᠠ ᠵᠢᠨ ᠲᠠᠮᠢᠷ᠎ᠤᠨ ᠴᠤᠬᠯᠠᠭᠠᠨ ᠎ᠤ ᠡᠪᠤᠯ ᠎ᠤᠨ ᠤᠷᠤᠯᠳᠤᠭᠠᠨ ᠎ᠤ ᠲᠦᠷᠤᠯ ᠨᠢ 1 ᠰᠠᠷ᠎ᠠ ᠵᠢᠨ 12᠎ᠤᠨ ᠡᠳᠦᠷ ᠤᠷᠤᠯᠳᠤᠭᠠᠨ ᠡᠬᠢᠯᠡᠵᠦ᠂ ᠤᠳᠤᠬᠠᠨ ᠪᠤᠯᠳᠠᠯ᠎ᠠ ᠤᠷᠤᠯᠳᠤᠭᠠᠨ ᠎ᠤ ᠲᠤᠭᠤᠢᠯᠠᠩ ᠎ᠤᠨ ᠡᠪᠤᠯ ᠎ᠤᠨ ᠤᠯᠠᠷᠢᠯ ᠎ᠤᠨ ᠲᠤᠭᠤᠢᠯᠠᠩ ᠨᠢ ᠨᠢᠭᠡᠨᠳᠡ 7 ᠶᠡᠬᠡ ᠲᠦᠷᠤᠯ᠂ 102 ᠪᠠᠭ᠎ᠠ ᠲᠦᠷᠤᠯ ᠎ᠤᠨ ᠤᠷᠤᠯᠳᠤᠭᠠᠨ ᠎ᠢ ᠳᠠᠭᠤᠰᠬᠠᠵᠤ᠂ ᠤᠯᠠᠨ ᠲᠦᠮᠡᠨ ᠎ᠤ ᠲᠤᠭᠤᠢᠯᠠᠩ ᠨᠢ 1 ᠶᠡᠬᠡ ᠲᠦᠷᠤᠯ᠂  2  ᠪᠠᠭ᠎ᠠ ᠲᠦᠷᠤᠯ ᠎ᠤᠨ ᠤᠷᠤᠯᠳᠤᠭᠠᠨ ᠎ᠢ  ᠳᠠᠭᠤᠰᠬᠠᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号