— ᠪᠥᠬᠥ᠌ ᠤᠯᠤᠰ᠎ᠤᠨ 《5·1》 ᠤ᠋ ᠬᠥᠳᠡᠯᠮᠦᠷᠢ᠎ᠶ᠋ᠢᠨ ᠱᠠᠩᠨᠠᠯ᠎ᠤᠨ ᠮᠸᠳᠡᠯ ᠬᠦᠷᠲᠡᠭ᠌ᠴᠢ ᠭᠦᠸᠧ ᠶᠤᠸᠠᠢ ᠱᠢᠶᠠ ᠶ᠋ᠢ ᠲᠡᠮᠳᠡᠭ᠌ᠯᠡᠪᠡ
ᠵᠤᠨ᠎ᠤ ᠡᠬᠢᠨ ᠵᠢᠡᠷ ᠬᠠᠮᠤᠭ ᠪᠤᠳᠠᠰ ᠡᠰᠡᠨᠢᠨ ᠲᠦᠯᠵᠢᠵᠦ᠂ ᠡᠬᠡ ᠲᠡᠯᠡᠬᠡᠢ ᠠᠮᠢᠵᠢᠷᠠᠯ᠎ᠤᠨ ᠬᠦᠴᠦᠨ᠎ᠢᠶᠡᠷ ᠪᠢᠯᠬᠠᠨ᠎ᠠ᠃ 5 ᠰᠠᠷ᠎ᠠ᠎ᠶ᠋ᠢᠨ 8 ᠤ᠋ ᠡᠳᠦᠷ᠂ ᠤᠯᠠᠭᠠᠨᠴᠠᠪ ᠲᠡᠬᠢ ᠥᠪᠥᠷ ᠮᠣᠩᠭᠣᠯ᠎ᠤᠨ ᠵᠥᠩ ᠵᠢᠶᠠ ᠲᠠᠷᠢᠶᠠᠯᠠᠩ᠎ᠤᠨ ᠠᠮᠢᠳᠤ ᠪᠣᠳᠠᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠶ᠋ᠢᠨ ᠬᠦᠯᠡᠮᠵᠢ᠎ᠳᠦ ᠪᠥᠬᠥ᠌ ᠤᠯᠤᠰ᠎ᠤᠨ 《5·1》 ᠤ᠋ ᠬᠥᠳᠡᠯᠮᠦᠷᠢ᠎ᠶ᠋ᠢᠨ ᠱᠠᠩᠨᠠᠯ ᠤ᠋ᠨ ᠮᠸᠳᠡᠯ ᠬᠦᠷᠲᠡᠭ᠌ᠴᠢ᠂ ᠺᠣᠮᠫᠠᠨᠢ᠎ᠶ᠋ᠢᠨ ᠡᠭᠦᠯᠳᠡᠷ ᠪᠣᠢᠵᠢᠭᠤᠯᠬᠤ ᠲᠤᠰᠭᠠᠶ ᠲᠤᠱᠢᠶᠠᠯᠲᠠᠨ ᠭᠦᠸᠧ ᠶᠤᠸᠠᠢ ᠱᠢᠶᠠ ᠲᠥᠮᠥᠰᠥᠨ᠎ᠦ ᠬᠤᠤᠷ ᠥᠬᠡᠢᠳᠡᠭᠦᠯᠦᠭ᠌ᠰᠡᠨ ᠴᠢᠬᠢ᠎ᠶ᠋ᠢ ᠨᠠᠷᠢᠨ ᠨᠢᠮᠪᠠᠶ ᠵᠠᠢᠯᠠᠬᠤ ᠳ᠋ᠠᠭᠠᠨ᠄《ᠴᠢᠬᠢ᠎ᠶ᠋ᠢᠨ ᠬᠣᠭᠣᠷᠣᠨᠳᠣᠬᠢ ᠵᠠᠶ ᠵᠢ 5 ᠰᠠᠨᠲ᠋ᠢᠮᠧᠲ᠋ᠷ᠂ ᠮᠥᠷ᠎ᠦᠨ ᠵᠠᠶ ᠵᠢ 8 ᠰᠠᠨᠲ᠋ᠢᠮᠧᠲ᠋ᠷ ᠵᠢᠡᠷ ᠵᠠᠢᠯᠠᠪᠠᠯ ᠨᠢᠭᠡ ᠴᠢᠬᠢ ᠪᠣᠢᠵᠢᠭᠤᠯᠬᠤ ᠣᠷᠣ 77 ᠮᠥᠷ ᠴᠢᠬᠢ ᠪᠠᠭ᠍ᠲᠠᠭᠠᠨ᠎ᠠ》 ᠬᠡᠵᠤ ᠲᠠᠢᠯᠪᠤᠷᠢᠯᠠᠵᠤ ᠪᠠᠢᠯ᠎ᠠ᠃
ᠭᠠᠷᠤᠯᠲᠠ ᠠᠷᠪᠢᠨ᠂ ᠴᠢᠨᠠᠷ ᠰᠠᠢᠲᠠᠶ ᠲᠥᠮᠥᠰᠥᠨ᠎ᠤ ᠱᠢᠨ᠎ᠡ ᠡᠭᠦᠯᠳᠡᠷ ᠢ᠋ ᠰᠣᠩᠭᠣᠨ ᠪᠣᠢᠵᠢᠭᠤᠯᠵᠤ᠂ᠲᠠᠷᠢᠶᠠᠴᠢᠳ᠎ᠲᠤ ᠲᠤᠰᠠᠯᠠᠨ ᠣᠷᠣᠯᠭ᠎ᠠ᠎ᠶ᠋ᠢ ᠨᠢ ᠨᠡᠮᠡᠭ᠌ᠳᠡᠭᠦᠯᠬᠦ᠌ ᠵᠢᠨ ᠲᠥᠯᠥᠭᠡ᠂ ᠵᠢᠯ ᠲᠤᠷᠰᠢ ᠲᠤᠷᠱᠢᠯᠲᠠ᠎ᠶ᠋ᠢᠨ ᠲᠠᠷᠢᠶ᠎ᠠ ᠪᠠ ᠲᠤᠷᠱᠢᠯᠲᠠ᠎ᠶ᠋ᠢᠨ ᠲᠠᠰᠤᠭ ᠤ᠋ᠨ ᠬᠤᠭᠤᠷᠤᠨᠳᠤ ᠵᠠᠮᠨᠠᠨ᠂ ᠥᠷᠯᠥᠭᠡ ᠦᠳᠡᠰᠢ᠎ᠶ᠋ᠢ ᠢᠯᠭᠠᠯ ᠥᠬᠡᠶ᠂ ᠳᠥᠷᠪᠡᠨ ᠤᠯᠠᠷᠢᠯᠲᠤᠷᠰᠢ ᠲᠠᠷᠢᠶᠠᠯᠠᠬᠤ ᠨᠢ 39 ᠨᠠᠰᠤᠲᠠᠢ ᠭᠦᠸᠧ ᠶᠤᠸᠠᠢ ᠱᠢᠶᠠ ᠵᠢᠨ ᠵᠤᠷᠰᠢᠯ ᠪᠤᠯᠵᠠᠢ᠃ ᠲᠡᠭᠦᠨ᠎ᠤ ᠡᠶᠡᠯᠳᠡᠭ ᠯᠠᠪᠳᠠᠭᠤᠨ ᠦᠭᠡ ᠶᠠᠷᠢᠶ᠎ᠠ ᠦᠢᠯᠡ ᠬᠥᠳᠡᠯᠦᠯ ᠳ᠋ᠤᠨᠢ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠠᠵᠢᠯᠲᠠᠨ᠎ᠤ ᠴᠢᠩᠭ᠎ᠠ ᠨᠢᠮᠪᠠᠶ ᠵᠠᠡᠭ ᠴᠢᠨᠠᠷ ᠢᠯᠡᠷᠡᠬᠦ ᠵᠢᠨ ᠬᠠᠮᠲᠤ ᠨᠤᠲᠤᠭ ᠤᠰᠤ ᠪᠠᠨ ᠬᠡᠰᠡᠨ ᠬᠠᠢᠷ᠎ᠠ ᠰᠡᠳᠭᠢᠯᠭᠡ ᠨᠢ ᠮᠡᠳᠡᠭᠳᠡᠨ᠎ᠡ᠃ ᠳᠥᠷᠪᠡᠳ ᠬᠣᠱᠢᠭᠤᠨ᠎ᠤ ᠬᠥᠳᠡᠭᠡ ᠲᠣᠰᠭᠣᠨ᠎ᠳᠤ ᠲᠦᠷᠦᠵᠦ᠍ ᠥᠰᠦᠭ᠌ᠰᠡᠨ ᠲᠡᠷᠡ ᠨᠤᠲᠤᠭ ᠤᠰᠤᠨ᠎ᠳᠠᠭᠠᠨ ᠦᠨᠳᠦᠰᠦ ᠬᠠᠳᠭᠤᠵᠤ᠂ ᠰᠢᠯᠢᠳᠡᠭ ᠲᠦᠮᠦᠰᠤᠨ ᠡᠭᠦᠯᠳᠡᠷ ᠪᠣᠢᠵᠢᠭᠤᠯᠬᠤ ᠦᠢᠯᠡᠰ᠎ᠢ ᠰᠣᠩᠭᠣᠵᠠᠢ᠃
ᠭᠦᠸᠧ ᠶᠤᠸᠠᠢ ᠱᠢᠶᠠ᠄ 《ᠳᠥᠷᠪᠡᠳ ᠬᠣᠱᠢᠭᠤ ᠪᠣᠯ ᠡᠷᠭᠦᠭᠳᠡᠴᠡ ᠥᠨᠳᠥᠷ᠂ ᠠᠭᠤᠷ ᠠᠮᠢᠰᠬᠤᠯ ᠬᠦᠶ᠋ᠲᠡᠨ᠂ ᠭᠠᠩ ᠬᠠᠭᠤᠷᠠᠶ ᠭᠠᠵᠠᠷ ᠤᠷᠤᠨ ᠶᠤᠮ᠃ ᠪᠢ ᠬᠥᠳᠡᠭᠡ ᠲᠣᠰᠭᠣᠨ᠎ᠳᠤ ᠳᠦᠷᠦᠵᠦ᠍ ᠦᠰᠦᠭᠰᠡᠨ ᠲᠤᠯᠠ ᠬᠦᠳᠡᠭᠡ ᠨᠤᠲᠤᠭ ᠤ᠋ᠨ ᠪᠠᠢᠳᠠᠯ ᠢ᠋ ᠰᠠᠢᠨ ᠮᠡᠳᠡᠨ᠎ᠠ᠂ ᠲᠡᠷᠡ ᠦᠶ᠎ᠠ ᠳ᠋ᠤ ᠮᠠᠨ ᠤ᠋ ᠬᠢᠨ ᠲᠠᠷᠢᠶᠠᠨ ᠳ᠋ᠠᠭᠠᠨ ᠲᠥᠮᠥᠰᠥ᠍ ᠳᠠᠷᠢᠵᠤ ᠪᠠᠢᠵᠠᠢ᠃ ᠥᠩᠭᠡᠷᠡᠭ᠌ᠰᠡᠨ᠎ᠳᠦ ᠭᠠᠷᠤᠯᠲᠠ ᠪᠠᠭ᠎ᠠ ᠪᠤᠯᠬᠤᠷ ᠬᠤᠷᠢᠶᠠᠭᠰᠠᠨ ᠲᠦᠮᠦᠰᠤ ᠦᠪᠡᠷ ᠤ᠋ᠨ ᠢᠳᠡᠬᠦ ᠪᠠᠨ ᠵᠦᠳᠡᠭᠦᠤ ᠬᠠᠡᠭᠭᠠᠳᠠᠭ᠃ ᠳᠠᠳᠤᠯᠭ᠎ᠠ᠎ᠶ᠋ᠢᠨ ᠬᠤᠭᠤᠴᠠᠭᠠᠨ᠎ᠳᠤ ᠪᠢ ᠲᠥᠮᠥᠰᠥ᠍ᠨᠤ ᠡᠭᠦᠯᠳᠡᠷ ᠪᠣᠢᠵᠢᠭᠤᠯᠬᠤ ᠠᠵᠢᠯ ᠲᠠᠢ ᠤᠢᠷᠡᠳᠴᠤ᠂ ᠱᠢᠯᠢᠳᠡᠭ ᠡᠭᠦᠯᠳᠡᠷ᠎ᠨᠢ ᠲᠥᠮᠥᠰᠥᠨ ᠭᠠᠷᠤᠯᠲᠠ᠎ᠶ᠋ᠢ ᠳᠠᠬᠢᠨ᠎ᠢᠶᠠᠷ ᠨᠡᠮᠡᠭ᠌ᠳᠡᠭᠦᠯᠵᠦ᠍᠂ ᠨᠠᠩ ᠴᠤ᠌ ᠲᠠᠷᠢᠶᠠᠴᠢᠳ᠎ᠤᠨ ᠤᠷᠤᠯᠭ᠎ᠠ ᠵᠢ ᠨᠡᠮᠡᠭᠳᠡᠭᠦᠯᠦᠨ᠂ ᠬᠥᠳᠡᠭᠡ ᠲᠣᠰᠭᠣᠨ᠎ᠢ ᠬᠥᠭ᠌ᠵᠢᠭᠦᠯᠬᠦ᠎ᠵᠢᠨ ᠵᠠᠩᠭᠢᠯᠠᠭ᠎ᠠ ᠪᠣᠯᠤᠨᠠᠭᠡᠳᠡᠭᠢᠶ᠋ᠢ ᠭᠦᠨᠵᠡᠭᠡᠶ ᠣᠢᠯᠠᠭᠠᠯ᠎ᠠ᠃ ᠲᠡᠭᠡᠭᠡᠳ ᠪᠢ ᠬᠥᠳᠡᠭᠡ ᠨᠤᠲᠤᠭ᠎ᠲᠠᠭᠠᠨ ᠦᠨᠳᠤᠰᠤᠯᠠᠵᠤ᠂ ᠬᠥᠳᠡᠭᠡ ᠠᠵᠤ ᠠᠬᠤᠢ᠎ᠶ᠋ᠢ ᠬᠥᠭ᠌ᠵᠢᠭᠦᠯᠦᠨ ᠮᠠᠨᠳᠤᠭᠤᠯᠬᠤ ᠳ᠋ᠤ ᠦᠪᠡᠷ ᠤ᠋ᠨ ᠬᠦᠴᠤᠨ ᠴᠢᠳᠠᠯ ᠵᠢᠡᠨ ᠨᠡᠮᠡᠷᠢᠯᠡᠶ᠎ᠠ ᠬᠡᠵᠤ ᠪᠤᠳᠤᠭᠠᠳ᠂ ᠨᠤᠲᠤᠭ᠎ᠲᠠᠭᠠᠨ ᠢᠷᠡᠵᠦ᠂ ᠲᠥᠮᠥᠰᠥᠨ᠎ᠦ ᠡᠭᠦᠯᠳᠡᠷ ᠪᠣᠢᠵᠢᠭᠤᠯᠬᠤ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠢᠯᠡᠰ ᠢ᠋ ᠰᠤᠡᠭᠭᠤᠯᠠ︾ ᠬᠡᠵᠤ ᠰᠤᠷᠪᠤᠯᠵᠢᠯᠠᠭᠴᠢ᠎ᠳᠤ ᠪᠤᠳᠤᠯ ᠵᠢᠡᠨ ᠲᠡᠯᠭᠡᠪᠠ᠃
2020 ᠣᠨ᠎ᠳᠤ᠂ ᠭᠦᠸᠧ ᠶᠤᠸᠠᠢ ᠱᠢᠶᠠ ᠥᠪᠥᠷ ᠮᠣᠩᠭᠣᠯ᠎ᠤᠨ ᠵᠥᠩ ᠵᠢᠶᠠ ᠲᠠᠷᠢᠶᠠᠯᠠᠩ᠎ᠤᠨ ᠠᠮᠢᠳᠤ ᠪᠣᠳᠠᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠶ᠋ᠢᠨ ᠡᠭᠦᠯᠳᠡᠷ ᠪᠣᠢᠵᠢᠭᠤᠯᠬᠤ ᠲᠤᠰᠭᠠᠶ ᠲᠤᠱᠢᠶᠠᠯᠲᠠᠨ ᠪᠣᠯᠪᠠ᠃ ᠠᠵᠢᠯ ᠤ᠋ᠨ ᠭᠠᠷᠤᠭ᠎ᠠ ᠪᠠᠨ ᠠᠡᠭᠬ᠎ᠠ ᠠᠪᠬᠤ ᠦᠶ᠎ᠠ ᠳ᠋ᠤ᠂ ᠲᠡᠷᠡ ᠲᠥᠮᠥᠰᠥᠨ᠎ᠦ ᠡᠭᠦᠯᠳᠡᠷ ᠢ᠋ ᠵᠣᠬᠢᠶᠠᠨ ᠪᠠᠢᠭᠤᠯᠵᠤ ᠪᠣᠢᠵᠢᠭᠤᠯᠬᠤ᠎ᠠᠴᠠ ᠭᠠᠷᠳᠠᠨ ᠬᠢᠵᠦ᠍᠂ ᠱᠢᠷᠭᠠᠭᠤ ᠬᠠᠲᠠᠭᠤᠵᠢᠯᠲᠠᠢ ᠰᠤᠳᠤᠯᠵᠤ ᠰᠤᠷᠤᠯᠴᠠᠨ᠂ ᠰᠡᠳᠬᠢᠯ ᠲᠠᠯᠪᠢᠵᠦ ᠠᠵᠢᠯᠯᠠᠭᠰᠠᠨ ᠤ᠋ ᠠᠴᠢ ᠪᠡᠷ ᠤᠳᠠᠯ ᠦᠭᠡᠢ ᠰᠤᠳᠤᠯᠤᠨ ᠨᠡᠭᠡᠭᠡᠬᠦ᠌ ᠮᠡᠷᠭᠡᠵᠢᠯ᠎ᠦᠨ ᠲᠥᠪ᠎ᠲᠦ ᠠᠵᠢᠯ ᠱᠢᠯᠵᠢᠭᠡᠳ᠂ ᠲᠥᠮᠥᠰᠥᠨ᠎ᠤ ᠱᠢᠨ᠎ᠡ ᠡᠭᠦᠯᠳᠡᠷ᠎ᠢ ᠰᠤᠳᠤᠯᠤᠨ ᠨᠡᠭᠡᠭᠡᠬᠦ᠌ ᠪᠣᠭᠣᠮᠲᠠ ᠱᠢᠪᠲᠤᠯᠬᠤ ᠡᠮᠦᠨ᠎ᠡ ᠹᠷᠣᠨᠲ᠎ᠲᠤ ᠬᠦᠷᠴᠤ ᠠᠵᠢᠯᠯᠠᠵᠠᠢ᠃
ᠴᠢᠨᠠᠷ ᠰᠠᠢᠲᠠᠶ ᠲᠥᠮᠥᠰᠥᠨ᠎ᠤ ᠱᠢᠨ᠎ᠡ ᠡᠭᠦᠯᠳᠡᠷ᠎ᠢ ᠰᠤᠳᠤᠯᠵᠤ ᠭᠠᠷᠭᠠᠬᠤ᠎ᠳᠤ ᠶᠡᠷᠦ᠍ ᠨᠢ ᠬᠡᠳᠦᠨ ᠵᠢᠯ ᠴᠢᠨᠠᠭ᠍ᠰᠢᠯᠠᠪᠠᠯ ᠠᠷᠪᠠ ᠭᠠᠷᠤᠶ ᠵᠢᠯ᠎ᠦᠨ ᠱᠢᠷᠭᠠᠭᠤ ᠬᠠᠲᠠᠭᠤᠵᠢᠯᠲᠠᠶ ᠱᠢᠪᠲᠤᠯᠤᠯᠲᠠ᠎ᠶ᠋ᠢ ᠥᠩᠭᠡᠷᠡᠭᠡᠳᠡᠭ᠃ ᠡᠭᠦᠯᠳᠡᠷ ᠪᠣᠢᠵᠢᠭᠤᠯᠬᠤ ᠵᠠᠮ ᠳᠡᠭᠡᠷ᠎ᠡ ᠲᠦᠳᠡ ᠵᠠᠮ ᠭᠡᠵᠦ᠍ ᠪᠠᠢᠬᠤ ᠦᠭᠡᠢ᠂ ᠤᠭ ᠰᠠᠨᠠᠭ᠎ᠠ᠎ᠪᠠᠨ ᠪᠠᠲᠤ ᠰᠠᠬᠢᠬᠤ ᠲᠣᠭ᠍ᠲᠠᠯ ᠬᠦᠴᠦᠨ᠂ ᠴᠥᠬᠥᠷᠡᠰᠢ ᠦᠭᠡᠢ ᠴᠢᠷᠮᠠᠢᠬᠤ ᠬᠠᠳᠠᠨ ᠵᠣᠷᠢᠭᠪᠠᠢᠬᠤ ᠬᠡᠷᠡᠭ᠌ᠲᠡᠢ ᠪᠥᠭᠡᠳ ᠨᠡᠩ ᠴᠤ᠌ ᠵᠣᠷᠢᠭ᠍ᠲᠠᠢ ᠬᠢᠵᠦ᠍ ᠵᠣᠷᠢᠭ᠍ᠲᠠᠢ ᠲᠤᠷᠱᠢᠵᠤ᠂ ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ᠂ ᠱᠢᠨ᠎ᠡ᠎ᠶ᠋ᠢ ᠡᠭᠦᠳᠬᠦ᠌ ᠢᠲᠡᠭᠡᠯ ᠬᠦᠴᠦᠨᠪᠠᠢᠬᠤ ᠬᠡᠷᠡᠭ᠌ᠲᠡᠢ ᠭᠡᠳᠡᠭ᠎ᠢ ᠭᠦᠸᠧ ᠶᠤᠸᠠᠢ ᠱᠢᠶᠠ ᠭᠦᠨ ᠣᠢᠯᠠᠭᠠᠵᠤ ᠪᠠᠢᠯ᠎ᠠ᠃
ᠲᠡᠷᠡ ᠴᠠᠭ ᠮᠥᠴᠡ ᠪᠠᠨ ᠬᠠᠭᠠᠰ ᠢ᠋ ᠨᠢ ᠲᠠᠷᠢᠶᠠᠨ ᠭᠠᠵᠠᠷ ᠲᠤ᠌᠂ ᠬᠠᠭᠠᠰ ᠢ᠋ ᠨᠢ ᠲᠤᠷᠱᠢᠯᠲᠠ᠎ᠶ᠋ᠢᠨ ᠳᠠᠰᠤᠭ᠎ᠲᠤ ᠦᠡᠭᠭᠡᠷᠡᠭᠡᠭᠰᠡᠭᠡᠷ ᠢᠷᠡᠵᠠᠢ᠃ ᠲᠠᠷᠢᠶᠠᠨ ᠭᠠᠵᠠᠷ ᠲᠤ᠌ ᠲᠡᠷᠡ ᠲᠥᠮᠥᠰᠥᠨ ᠴᠢᠬᠢ ᠵᠢᠨ ᠥᠨᠳᠥᠷ ᠪᠤᠭᠤᠨᠢ᠂ ᠡᠰᠢ ᠵᠢᠨ ᠪᠦᠳᠦᠭᠦᠨ ᠨᠠᠷᠢᠨ᠂ ᠨᠠᠪᠴᠢ᠎ᠶ᠋ᠢᠨ ᠲᠣᠭ᠎ᠠ ᠵᠡᠷᠭᠡ ᠥᠰᠥᠯᠲᠡ᠎ᠶ᠋ᠢᠨ ᠲᠣᠭ᠎ᠠ ᠪᠠᠷᠢᠮᠲᠠ᠎ᠶ᠋ᠢ ᠲᠡᠮᠳᠡᠭ᠌ᠯᠡᠵᠦ᠍᠂ ᠡᠷᠯᠢᠰᠡᠵᠢᠭᠦᠯᠦᠨ ᠲᠣᠭᠣᠰᠣ ᠬᠦᠷᠲᠡᠭᠡᠬᠦ᠌ ᠵᠠᠩᠭᠢᠯᠠᠭ᠎ᠠ᠎ᠶ᠋ᠢᠨ ᠠᠵᠢᠯ᠎ᠢ ᠬᠢᠳᠡᠭ᠃ ᠲᠥᠮᠥᠰᠥ᠎ᠶ᠋ᠢ ᠡᠷᠯᠢᠰᠡᠵᠢᠭᠦᠯᠦᠨ ᠲᠣᠭᠣᠰᠣ ᠬᠦᠷᠲᠡᠭᠡᠬᠦ᠌ ᠠᠵᠢᠯ᠎ᠤᠨ ᠶᠠᠪᠤᠴᠠ ᠨᠢ ᠴᠢᠡᠭᠭ᠎ᠠ ᠱᠠᠭᠠᠷᠳᠠᠯᠭ᠎ᠠ ᠲᠠᠢ ᠪᠠᠢᠵᠤ᠂ ᠴᠡᠴᠡᠭ ᠪᠣᠯᠭᠠᠨ᠎ᠳᠤ ᠲᠣᠭᠣᠰᠣ ᠬᠦᠷᠲᠡᠭᠡᠬᠦ᠌ ᠴᠠᠭ᠂ ᠲᠣᠭᠣᠰᠣ ᠬᠦᠷᠲᠡᠭᠡᠬᠦ᠌ ᠬᠡᠮᠵᠢᠶ᠎ᠡ ᠵᠡᠷᠭᠡ ᠶᠠᠪᠤᠴᠠ᠎ᠳᠤ ᠥᠴᠦᠬᠡᠨ ᠴᠦ᠍ ᠠᠯᠳᠠᠭ᠎ᠠ ᠭᠠᠷᠭᠠᠵᠤ ᠪᠤᠯᠬᠤ ᠦᠭᠡᠢ᠂ ᠪᠠᠭ᠎ᠠ ᠯᠠ ᠴᠠᠯᠠᠭᠠᠢᠳᠠᠪᠠᠯ ᠡᠭᠦᠯᠳᠡᠷ᠎ᠦᠨ ᠴᠢᠨᠠᠷ ᠴᠢᠨᠰᠠᠭ᠎ᠠ ᠵᠢ ᠨᠥᠯᠥᠭᠡᠯᠡᠳᠡᠭ᠃ ᠲᠣᠭᠣᠰᠣ ᠬᠦᠷᠲᠡᠭᠡᠬᠦ᠌ ᠵᠠᠩᠭᠢᠯᠠᠭ᠎ᠠ᠎ᠶ᠋ᠢᠨ ᠴᠠᠭ ᠪᠣᠯᠬᠤ ᠪᠦᠷᠢ ᠭᠦᠸᠧ ᠶᠤᠸᠠᠢ ᠱᠢᠶᠠ ᠬᠠᠮᠲᠤ ᠠᠵᠢᠯᠲᠠᠳ᠎ᠲᠠᠶ᠎ᠪᠠᠨ ᠥᠷᠯᠥᠭᠡ ᠡᠷᠲᠡ ᠵᠢᠨ ᠲᠠᠪᠤ᠂ ᠵᠢᠷᠭᠤᠭᠠᠨ ᠴᠠᠭ᠎ᠲᠤ ᠲᠠᠷᠢᠶᠠᠨ ᠭᠠᠵᠠᠷ᠎ᠲᠤ ᠬᠦᠷᠴᠦ᠍᠂ ᠦᠳᠡ ᠳ᠋ᠤ ᠲᠦᠭᠦᠮ ᠬᠤᠭᠤᠯᠠ ᠪᠡᠷ ᠥᠯ ᠳᠠᠷᠤᠨ᠂ ᠤᠷᠤᠢ ᠵᠢᠨ ᠬᠣᠭᠣᠯᠠᠨ᠎ᠤ ᠴᠠᠭ᠎ᠠᠴᠠ ᠬᠣᠴᠣᠷᠬᠤ ᠨᠢ ᠡᠡᠭ ᠤ᠋ᠨ ᠶᠠᠪᠤᠳᠠᠯ ᠪᠢᠯᠡ᠃ ᠰᠠᠯᠬᠢ ᠱᠢᠭᠤᠷᠭ᠎ᠠ ᠳᠡᠭ᠌ᠳᠡᠭ᠌ᠡᠳ ᠨᠢᠳᠤ ᠨᠡᠭᠡᠭᠡᠬᠦ ᠵᠢᠨ ᠠᠷᠭ᠎ᠠ ᠦᠭᠡᠢ ᠬᠠᠪᠤᠷ᠎ᠤᠨ ᠬᠠᠭᠤᠷᠠᠢ ᠴᠠᠭ ᠲᠦ᠍ ᠭᠡᠰᠡᠨ᠂ ᠤᠷᠤᠢ ᠳᠡᠭᠡᠷ᠎ᠡ ᠨᠠᠷᠠ ᠲᠦᠭᠡᠨᠡᠭᠰᠡᠨ ᠠᠭᠠᠭᠢᠮ᠎ᠠ ᠬᠠᠯᠠᠭᠤᠨ ᠵᠤᠨ ᠤ᠋ ᠡᠳᠦᠷ ᠴᠤ᠌ ᠭᠡᠰᠡᠨ᠂ ᠲᠡᠷᠡ ᠲᠠᠷᠢᠶᠠᠨ ᠭᠠᠵᠠᠷ ᠲᠦ᠍ ᠬᠠᠯᠠᠱᠢᠷᠠᠯ ᠦᠭᠡᠢ ᠠᠵᠢᠯᠯᠠᠨ᠂ ᠦᠷ᠎ᠡ᠎ᠶ᠋ᠢᠨ ᠴᠢᠬᠢ ᠪᠦᠷᠢ᠎ᠶ᠋ᠢᠨ ᠥᠰᠥᠯᠲᠡ ᠬᠤᠪᠢᠷᠠᠯᠲᠠ᠎ᠶ᠋ᠢ ᠠᠵᠢᠭᠯᠠᠵᠤ ᠲᠡᠮᠲᠡᠭᠯᠡᠨ᠎ᠡ᠃
ᠱᠢᠨ᠎ᠡ ᠡᠭᠦᠯᠳᠡᠷ᠎ᠢ ᠰᠣᠩᠭᠣᠨ ᠪᠣᠢᠵᠢᠭᠤᠯᠬᠤ ᠪᠠ ᠲᠦᠭᠡᠮᠡᠯᠵᠢᠭᠦᠯᠵᠦ ᠳᠡᠯᠭᠡᠷᠡᠭᠦᠯᠬᠦ᠌ ᠵᠠᠮ ᠳᠡᠭᠡᠷ᠎ᠡ ᠭᠦᠸᠧ ᠶᠤᠸᠠᠢ ᠱᠢᠶᠠ ᠪᠦᠯᠬᠦᠮ᠎ᠢᠶᠡᠨ ᠳᠠᠭᠠᠭᠤᠯᠤᠨ᠂ 100 ᠭᠠᠷᠤᠶ ᠡᠷᠯᠢᠰᠡᠵᠢᠭᠦᠯᠦᠭᠰᠡᠨ ᠬᠠᠮᠰᠠᠯᠢ ᠨᠠᠷᠢᠨ ᠨᠢᠮᠪᠠᠶ ᠲᠣᠬᠢᠷᠠᠭᠤᠯᠵᠤ᠂ ᠬᠠᠮᠰᠠᠯ ᠪᠦᠷᠢ᠎ᠶ᠋ᠢᠨ ᠬᠣᠢᠴᠢ ᠦᠶ᠎ᠡ᠎ᠶ᠋ᠢᠨ ᠤᠷᠭᠤᠮᠠᠯ᠎ᠢ ᠨᠢᠭᠡᠳ ᠨᠢᠭᠡ᠎ᠪᠡᠷ ᠴᠢᠩᠭ᠎ᠠ ᠱᠢᠭ᠌ᠰᠢᠨ ᠰᠣᠩᠭᠣᠵᠤ᠂ ᠬᠢᠨᠠᠨ ᠲᠣᠭ᠍ᠲᠠᠭᠠᠵᠤ᠂ ᠦᠨᠡᠯᠡᠨ ᠵᠢᠱ᠌ᠢᠳᠡᠭ᠃ ᠲᠤᠷᠰᠢᠯᠲᠡ ᠵᠢᠨ ᠲᠠᠷᠢᠶᠠᠨ ᠳ᠋ᠤ ᠲᠡᠷᠡ ᠲᠠᠷᠢᠮᠠᠯ᠎ᠤᠨ ᠤᠷᠭᠤᠴᠠ᠂ ᠭᠡᠮᠲᠦᠯ᠎ᠤᠨ ᠬᠥᠨᠥᠭᠡᠯ ᠵᠡᠷᠭᠡ ᠪᠠᠢᠳᠠᠯ᠎ᠢ ᠨᠠᠷᠢᠨ ᠪᠠᠢᠴᠠᠭᠠᠨ᠎ᠠ᠃ ᠲᠤᠷᠱᠢᠯᠲᠠ᠎ᠶ᠋ᠢᠨ ᠲᠠᠰᠤᠭ᠎ᠲᠤ ᠲᠡᠷᠡ ᠮᠣᠯᠧᠺᠦ᠋ᠯ ᠤ᠋ᠨ ᠲᠡᠮᠳᠡᠭ ᠢ᠋ ᠱᠢᠯᠭᠠᠨ ᠪᠠᠢᠴᠠᠭᠠᠬᠤ ᠪᠠ ᠶᠠᠰᠤ ᠴᠢᠨᠠᠷ᠎ᠢ ᠰᠤᠳᠤᠯᠤᠨ ᠮᠠᠭᠠᠳᠯᠠᠬᠤ ᠠᠵᠢᠯ᠎ᠢ ᠬᠢᠵᠦ᠂ ᠱᠠᠲᠤ ᠱᠠᠲᠤ᠎ᠪᠠᠷ ᠬᠠᠷᠢᠭᠤᠴᠠᠨ᠂ ᠳᠠᠬᠢᠨ ᠳᠠᠪᠲᠠᠨ ᠬᠢᠨᠠᠨ ᠱᠢᠯᠭᠠᠨ᠎ᠠ᠃
ᠣᠯᠠᠨ ᠵᠢᠯ ᠨᠢᠭᠡ ᠯᠡ ᠰᠡᠳᠭᠢᠯ᠎ᠢᠶᠡᠷ ᠪᠣᠭᠣᠮᠲᠠ ᠱᠢᠪᠲᠤᠯᠵᠤ᠂ ᠳᠠᠬᠢᠨ ᠳᠠᠪᠲᠠᠨ ᠲᠤᠷᠱᠢᠯᠲᠠ ᠬᠢᠬᠦ᠌᠎ᠪᠡᠷ ᠳᠠᠮᠵᠢᠭᠠᠳ᠂ ᠭᠦᠸᠧ ᠶᠤᠸᠠᠢ ᠱᠢᠶᠠ ᠵᠢᠨ ᠲᠦᠷᠦᠭᠦᠯᠡᠨ ᠪᠣᠢᠵᠢᠭᠤᠯᠤᠭ᠍ᠰᠠᠨ 《ᠵᠥᠩ ᠵᠢᠶᠠ 5 ᠨᠤᠮᠸᠷᠲᠤ》᠂ 《ᠵᠥᠩ ᠵᠢᠶᠠ N4 ᠨᠤᠮᠸᠷᠲᠤ》 ᠲᠥᠮᠥᠰᠥᠨ᠎ᠤ ᠱᠢᠨ᠎ᠡ ᠡᠭᠦᠯᠳᠡᠷ ᠨᠢ ᠬᠦᠳᠡᠭᠡ ᠠᠵᠤ ᠠᠬᠤᠢ ᠪᠠ ᠬᠥᠳᠡᠭᠡ ᠲᠣᠰᠭᠣᠨ᠎ᠤ ᠶᠠᠮᠤᠨ᠎ᠤ ᠤᠷᠭᠤᠮᠠᠯ᠎ᠤᠨ ᠱᠢᠨ᠎ᠡ ᠡᠭᠦᠯᠳᠡᠷ ᠤ᠋ᠨ ᠡᠷᠬᠡ᠎ᠶ᠋ᠢᠨ ᠦᠨᠡᠮᠯᠡᠯ ᠪᠣᠯᠤᠨ ᠡᠭᠦᠯᠳᠡᠷ ᠤ᠋ᠨ ᠳᠡᠩᠰᠡᠯᠠᠭᠤᠯᠤᠭᠰᠠᠨ ᠦᠨᠡᠮᠯᠡᠯ᠎ᠢ ᠣᠯᠵᠠᠢ᠃ ᠡᠭᠦᠨ᠎ᠳᠦ᠂ 《ᠵᠦᠩ ᠵᠢᠶᠠ 5 ᠨᠤᠮᠸᠷᠲᠤ》 ᠨᠢ ᠨᠡᠩ ᠰᠠᠢᠨ ᠪᠠᠢᠵᠤ᠂ ᠮᠦ᠍ ᠳᠤᠮᠳᠠᠴᠢ ᠵᠢᠨ ᠤᠨᠠᠯᠲᠠ ᠨᠢ 7000 ᠵᠢᠩ᠎ᠳᠦ ᠬᠦᠷᠴᠦ᠍᠂ ᠭᠠᠷᠤᠯᠲᠠ ᠨᠢ ᠲᠣᠭ᠍ᠲᠠᠭᠤᠨ ᠪᠦᠭᠡᠳ ᠠᠷᠪᠢᠨ᠂ ᠭᠡᠮ᠎ᠢ ᠡᠰᠡᠷᠭᠦᠴᠡᠬᠦ᠌ ᠴᠢᠳᠠᠪᠤᠷᠢ ᠨᠢ ᠰᠠᠢᠨ᠂ ᠴᠢᠨᠠᠷ ᠰᠠᠢᠲᠠᠢ ᠵᠡᠷᠭᠡ ᠤᠨᠴᠠᠯᠢᠭ᠎ᠲᠠᠶ ᠡᠭᠦᠯᠳᠡᠷ ᠪᠤᠯᠵᠠᠢ᠃ ᠡᠭᠦᠨ᠎ᠳᠤ 2022 ᠣᠨ ᠡᠴᠡ ᠡᠬᠢᠯᠡᠨ ᠳᠡᠯᠭᠡᠷᠡᠭᠦᠯᠦᠭ᠌ᠡᠳ᠂ ᠣᠲᠣ ᠪᠣᠯᠲᠠᠯ᠎ᠠ ᠲᠣᠰ ᠡᠭᠦᠯᠳᠡᠷ ᠤ᠋ᠨ ᠲᠠᠷᠢᠮᠠᠯ᠎ᠤᠨ ᠲᠠᠯᠠᠪᠠᠶ ᠨᠢ ᠨᠡᠢᠲᠡ 13.2 ᠲᠦᠮᠡᠨ ᠮᠤ᠌᠎ᠳᠦ ᠬᠦᠷᠴᠦ᠍᠂ ᠮᠥ᠍ ᠪᠦᠷᠢ᠎ᠨᠢ ᠲᠠᠷᠢᠶᠠᠯᠠᠬᠤ ᠡᠷᠦᠬᠡ᠎ᠶ᠋ᠢᠨ ᠣᠷᠣᠯᠭ᠎ᠠ᠎ᠶ᠋ᠢ 500 ᠲᠥᠭᠥᠷᠢᠭ᠎ᠡᠴᠡ ᠳᠡᠭᠡᠭ᠌ᠰᠢ ᠨᠡᠮᠡᠭ᠌ᠳᠡᠭᠦᠯᠵᠦ᠍᠂ ᠨᠡᠯᠢᠶᠡᠳ ᠰᠠᠢᠨ ᠠᠵᠤ ᠠᠬᠤᠶ᠎ᠶ᠋ᠢᠨ ᠦᠷ᠎ᠡ ᠠᠱᠢᠭ᠎ᠢ ᠡᠭᠦᠳᠦᠭ᠌ᠰᠡᠨ ᠮᠥᠷᠲᠡᠭᠡᠨ ᠨᠠᠩ ᠴᠤ᠌ ᠠᠷᠠᠳ᠎ᠤᠨ ᠠᠮᠢᠳᠤᠷᠠᠯ᠎ᠳᠤ ᠨᠡᠢᠳᠡᠮ ᠠᠱᠢᠭ ᠬᠦᠷᠲᠡᠭᠡᠬᠦ᠌ ᠨᠡᠢᠭᠡᠮ᠎ᠦᠨ ᠦᠷ᠎ᠡ ᠠᠱᠢᠭ᠎ᠢ ᠣᠯᠤᠭ᠍ᠰᠠᠨ ᠪᠠᠢᠨ᠎ᠠ᠃
ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ᠂ ᠥᠪᠥᠷ ᠮᠣᠩᠭᠣᠯ᠎ᠤᠨ ᠵᠦᠩ ᠵᠢᠶᠠ ᠲᠠᠷᠢᠶᠠᠯᠠᠩ᠎ᠤᠨ ᠠᠮᠢᠳᠤ ᠪᠣᠳᠠᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠢᠵᠠᠭᠠᠷᠲᠤ ᠺᠣᠮᠫᠠᠨᠢ᠎ᠶ᠋ᠢᠨ ᠰᠤᠳᠤᠯᠤᠨ ᠨᠡᠭᠡᠭᠡᠬᠦ᠌ ᠮᠡᠷᠭᠡᠵᠢᠯ᠎ᠦᠨ ᠶᠡᠷᠦᠩᠬᠡᠢ ᠬᠢᠨᠠᠭ᠍ᠴᠢ ᠯᠢᠦᠢ ᠸᠸᠨ ᠱᠢᠶᠠ᠄《ᠭᠦᠸᠧ ᠶᠤᠸᠠᠢ ᠱᠢᠶᠠ ᠨᠠᠷᠢᠨ ᠬᠢᠨᠠᠮᠠᠭᠠᠢ ᠪᠦᠭᠡᠳ ᠬᠠᠯᠠᠭᠤᠨ ᠤᠷᠮ᠎ᠠ᠎ᠲᠡᠶ ᠠᠵᠢᠯᠯᠠᠳᠠᠭ᠂ ᠵᠣᠷᠢᠭ᠍ᠲᠠᠢ ᠬᠠᠷᠢᠭᠤᠴᠠᠯᠭ᠎ᠠ ᠡᠭᠦᠷᠭᠡᠯᠡᠨ᠂ ᠳᠠᠷᠤᠤ ᠬᠢᠴᠢᠶᠡᠩᠭᠦᠢ ᠪᠣᠳᠠᠲᠠᠢ᠎ᠶ᠋ᠢ ᠡᠷᠬᠢᠮᠯᠡᠵᠦ᠍᠂ ᠬᠠᠮᠲᠤ ᠠᠵᠢᠯᠲᠠᠳ ᠪᠣᠯᠤᠨ ᠤᠯᠠᠨ ᠲᠦᠮᠡᠨ᠎ᠦ ᠬᠦᠷᠢᠶᠡᠯᠡᠯ᠎ᠢ ᠶᠡᠬᠡᠳᠡ ᠤᠯᠵᠠᠢ》 ᠬᠡᠵᠤ ᠰᠤᠷᠪᠤᠯᠵᠢᠯᠠᠭᠴᠢ᠎ᠳᠤ ᠶᠠᠷᠢᠪᠠ᠃
ᠡᠭᠦᠯᠳᠡᠷ ᠪᠣᠢᠵᠢᠭᠤᠯᠬᠤ ᠠᠵᠢᠯ ᠡᠴᠡ ᠭᠠᠳᠠᠨ᠎ᠠ᠂ ᠭᠦᠸᠧ ᠶᠤᠸᠠᠢ ᠱᠢᠶᠠ ᠪᠠᠰᠠ ᠲᠥᠮᠥᠰᠥᠨ᠎ᠦ ᠶᠠᠰᠤ ᠴᠢᠨᠠᠷ᠎ᠢ ᠬᠠᠮᠢᠶᠠᠷᠤᠨ ᠡᠵᠡᠮᠳᠡᠬᠦ᠌ ᠪᠠ ᠱᠢᠯᠭᠠᠨ ᠪᠠᠢᠴᠠᠭᠠᠵᠤ ᠱᠢᠯᠭᠠᠨ ᠬᠡᠮᠵᠢᠬᠦ᠌ ᠬᠦᠷᠢᠶᠡᠨ᠎ᠳᠦ ᠪᠦᠯᠬᠦᠮ᠎ᠢᠶᠡᠨ ᠳᠠᠭᠠᠭᠤᠯᠤᠨ᠂ ᠪᠠᠢᠴᠠᠭᠠᠨ ᠱᠢᠯᠭᠠᠬᠤ ᠪᠠᠷᠢᠮᠵᠢᠶ᠎ᠠ᠎ᠪᠠᠨ ᠦᠷᠭᠦᠯᠵᠢᠯᠡᠨ ᠲᠡᠭᠦᠯᠳᠡᠷᠵᠢᠭᠦᠯᠵᠦ᠍᠂ ᠪᠠᠢᠴᠠᠭᠠᠨ ᠱᠢᠯᠭᠠᠬᠤ ᠬᠠᠷᠠᠭ᠎ᠠ᠎ᠪᠠᠨ ᠥᠷᠭᠡᠳᠭᠡᠵᠡᠢ᠃ ᠣᠲᠣ ᠲᠤᠷᠱᠢᠯᠲᠠ᠎ᠶ᠋ᠢᠨ ᠲᠠᠰᠤᠭ᠎ᠤᠨ ᠪᠠᠢᠴᠠᠭᠠᠨ ᠱᠢᠯᠭᠠᠬᠤ ᠬᠡᠪᠴᠢᠶ᠎ᠡ᠎ᠨᠢ ᠨᠢᠭᠡᠨᠲᠡ ᠬᠥᠷᠥᠰᠥ᠍ ᠱᠢᠷᠣᠶ ᠵᠢᠨ ᠨᠠᠢᠷᠠᠯᠭ᠎ᠠ ᠵᠢ ᠬᠡᠮᠵᠢᠬᠦ᠂ ᠦᠷ᠎ᠡ᠎ᠶ᠋ᠢᠨ ᠲᠥᠮᠥᠰᠥᠨ᠎ᠤ ᠶᠠᠰᠤ ᠴᠢᠨᠠᠷ᠎ᠢ ᠪᠠᠢᠴᠠᠭᠠᠨ ᠱᠢᠯᠭᠠᠬᠤ᠂ ᠲᠥᠮᠥᠰᠥᠨ᠎ᠤ ᠶᠠᠰᠤ ᠴᠢᠨᠠᠷ᠎ᠢ ᠵᠠᠳᠠᠯᠬᠤ ᠵᠡᠷᠭᠡ ᠣᠯᠠᠨ ᠬᠦᠷᠢᠶ᠎ᠡ᠎ᠶ᠋ᠢ ᠬᠠᠮᠤᠷᠴᠤ᠌᠂ ᠤᠯᠤᠰ᠎ᠤᠨ ᠳᠣᠲᠣᠭᠠᠳᠤ᠎ᠶ᠋ᠢᠨ ᠠᠩᠬᠠᠳᠠᠭ᠍ᠴᠢ ᠲᠥᠮᠥᠰᠥᠨ᠎ᠤ ᠪᠥᠬᠥ᠌ ᠠᠵᠤ ᠦᠶ᠋ᠯᠡᠰ᠎ᠦᠨ ᠬᠡᠯᠬᠢᠶᠡᠨ᠎ᠳᠦ ᠠᠩᠬᠠᠷᠤᠯ᠎ᠢᠶᠠᠨ ᠲᠥᠪᠯᠡᠷᠡᠭᠦᠯᠦᠭ᠌ᠰᠡᠨ ᠭᠤᠷᠪᠠᠳᠠᠬᠢ ᠡᠲᠡᠭᠡᠳ᠎ᠦᠨ ᠪᠠᠢᠴᠠᠭᠠᠨ ᠱᠢᠯᠭᠠᠵᠤ ᠬᠡᠮᠵᠢᠬᠦ᠌ ᠮᠡᠷᠭᠡᠵᠢᠯ᠎ᠦᠨ ᠦᠶ᠋ᠯᠡᠴᠢᠯᠡᠭᠡᠨ᠎ᠦ ᠪᠠᠢᠭᠤᠯᠤᠮᠵᠢ ᠪᠣᠯᠵᠣ᠂ ᠦᠷ᠎ᠡ᠎ᠶ᠋ᠢᠨ ᠦᠶ᠋ᠯᠡᠰ᠎ᠦᠨ ᠡᠷᠡᠭᠦᠯ᠎ᠢᠶᠡᠷ ᠬᠥᠭ᠌ᠵᠢᠬᠦ᠌᠎ᠳᠦ ᠪᠠᠲᠤᠯᠠᠭ᠎ᠠ ᠬᠠᠩᠭᠠᠪᠠ᠃
ᠭᠦᠸᠧ ᠶᠤᠸᠠᠢ ᠱᠢᠶᠠ ᠣᠢᠷ᠎ᠠ᠎ᠳᠤ ᠪᠥᠬᠥ᠌ ᠤᠯᠤᠰ᠎ᠤᠨ 《5·1》 ᠤ᠋ ᠬᠥᠳᠡᠯᠮᠦᠷᠢ᠎ᠶ᠋ᠢᠨ ᠱᠠᠩᠨᠠᠯ᠎ᠤᠨ ᠮᠧᠳᠠᠯ ᠵᠢᠡᠷ ᠡᠩᠭᠡᠷ ᠵᠢᠡᠨ ᠮᠢᠯᠢᠶᠠᠯᠭᠠᠯ᠎ᠠ᠃ ᠢᠷᠠᠭᠤ ᠠᠯᠳᠠᠷ᠎ᠤᠨ ᠡᠮᠦᠨ᠎ᠡ ᠲᠡᠷᠡ《ᠡᠨᠡ ᠬᠦ᠌ ᠢᠷᠠᠭᠤ ᠠᠯᠳᠠᠷ ᠮᠢᠨᠦ᠍ ᠬᠤᠪᠢ ᠬᠥᠮᠦᠨ᠎ᠤ ᠬᠢ ᠪᠢᠰᠢ᠂ ᠬᠠᠷᠢᠨ ᠪᠦᠬᠦᠢᠯᠡ ᠡᠭᠦᠯᠳᠡᠷ ᠪᠣᠢᠵᠢᠭᠤᠯᠬᠤ ᠪᠦᠯᠬᠦᠮ᠎ᠤᠨ ᠢᠷᠡᠭᠤ ᠠᠯᠳᠠᠷ ᠪᠤᠯᠤᠨ᠎ᠠ᠃ ᠪᠢ ᠵᠥᠪᠬᠡᠨ ᠠᠵᠢᠯ᠎ᠤᠨ ᠪᠠᠢᠷᠢ᠎ᠪᠠᠨ ᠪᠠᠲᠤ ᠰᠠᠬᠢᠵᠤ᠂ ᠡᠭᠦᠷᠭᠡ ᠬᠠᠷᠢᠭᠤᠴᠠᠯᠭ᠎ᠠ ᠪᠠᠨ ᠰᠠᠢᠨ ᠬᠦᠢᠴᠡᠳᠭᠡᠭᠰᠡᠨ ᠯᠡ ᠲᠡᠳᠤᠢ᠃ ᠡᠨᠡ ᠬᠦ᠌ ᠢᠷᠠᠭᠤ ᠠᠯᠳᠠᠷ ᠨᠠᠳᠠ ᠳ᠋ᠤ ᠲᠤᠢᠯ᠎ᠤᠨ ᠶᠡᠬᠡ ᠵᠣᠷᠢᠭ᠍ᠵᠢᠭᠤᠯᠤᠯ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠬᠥᠳᠡᠯᠭᠡᠬᠦ᠌ ᠬᠦᠴᠦᠨ ᠪᠣᠯᠬᠤ ᠶᠤᠮ᠃ ᠬᠣᠢᠱᠢᠳᠠ ᠪᠢ ᠨᠢᠭᠡ ᠯᠡ ᠰᠡᠳᠭᠢᠯ᠎ᠢᠶᠡᠷ ᠱᠢᠨᠵᠢᠯᠡᠬᠦ᠌ ᠤᠬᠠᠭᠠᠨ᠎ᠤ ᠰᠤᠳᠤᠯᠭᠠᠨ ᠬᠢᠵᠦ᠍᠂ ᠪᠦᠯᠬᠦᠮ ᠨᠢᠭᠡᠴᠢ᠎ᠲᠡᠶ᠎ᠪᠡᠨ ᠬᠠᠮᠲᠤ ᠨᠡᠩ ᠤᠯᠠᠨ ᠭᠠᠷᠤᠯᠲᠠ ᠰᠠᠢᠨ᠂ ᠴᠢᠨᠠᠷ ᠰᠠᠢᠨ᠂ ᠭᠡᠮ᠎ᠢ ᠡᠰᠡᠷᠭᠦᠴᠡᠬᠦ᠌᠎ᠳᠡᠭᠡᠨ ᠴᠢᠳᠠᠮᠠᠭᠠᠢ᠂ ᠦᠷ᠎ᠡ ᠠᠱᠢᠭ᠎ᠢᠶᠠᠷ ᠥᠨᠳᠥᠷ ᠲᠥᠮᠥᠰᠥᠨ᠎ᠤ ᠱᠢᠨ᠎ᠡ ᠡᠭᠦᠯᠳᠡᠷ᠎ᠢ ᠪᠣᠢᠵᠢᠭᠤᠯᠵᠤ᠂ ᠰᠢᠯᠢᠳᠡᠭ ᠡᠭᠦᠯᠳᠡᠷ᠎ᠢ ᠲᠠᠷᠢᠶᠠᠨ ᠭᠠᠵᠠᠷ᠎ᠲᠤ ᠦᠨᠳᠦᠰᠦᠯᠡᠭᠦᠯᠵᠦ᠍᠂ ᠲᠦᠭ ᠲᠦᠮᠡᠨ ᠠᠢᠯ ᠡᠷᠦᠬᠡ᠎ᠳᠦ ᠠᠱᠢᠭ ᠬᠦᠷᠲᠡᠭᠡᠨ᠎ᠡ》 ᠬᠡᠵᠤ ᠳᠠᠷᠤᠤ ᠬᠢᠴᠢᠶᠡᠩᠭᠦᠢ ᠶᠠᠷᠢᠭᠰᠠᠨ ᠪᠠᠢᠨ᠎ᠠ᠃