ᠶᠡᠬᠡ ᠳᠤᠮᠳᠠᠳᠤ ᠪᠠᠭ᠎ᠠ ᠰᠤᠷᠭᠠᠭᠤᠯᠢ᠎ᠶᠢᠨ ᠦᠵᠡᠯ ᠰᠠᠨᠠᠭ᠎ᠠ ᠤᠯᠤᠰ ᠲᠥᠷᠥ᠎ᠶᠢᠨ ᠬᠢᠴᠢᠶᠡᠯ᠎ᠢ ᠨᠢᠭᠡ ᠴᠣᠭᠴᠠᠵᠢᠭᠤᠯᠬᠤ ᠪᠠᠢᠭᠤᠯᠤᠯᠲᠠ᠎ᠶᠢ ᠭᠦᠨᠵᠡᠭᠡᠢ ᠠᠬᠢᠭᠤᠯᠵᠤ᠂ ᠦᠵᠡᠯ ᠰᠠᠨᠠᠭ᠎ᠠ ᠤᠯᠤᠰ ᠲᠥᠷᠥ᠎ᠶᠢᠨ ᠬᠥᠮᠦᠵᠢᠯ ᠦᠢᠯᠡᠳᠦᠯᠭᠡ᠎ᠶᠢᠨ ᠬᠡᠯᠪᠡᠷᠢ᠎ᠶᠢᠨ ᠰᠢᠨ᠎ᠡ᠎ᠶᠢ ᠡᠭᠦᠳᠴᠦ᠂ ᠦᠵᠡᠯ ᠰᠠᠨᠠᠭ᠎ᠠ ᠤᠯᠤᠰ ᠲᠥᠷᠥ᠎ᠶᠢᠨ ᠬᠥᠮᠦᠵᠢᠯ᠎ᠢ ᠣᠨᠣᠯ᠎ᠠᠴᠠ ᠦᠢᠯᠡᠳᠦᠯᠭᠡ᠎ᠳᠦ ᠬᠦᠨᠵᠡᠭᠡᠢᠷᠡᠬᠦᠯᠬᠦ᠎ᠶᠢᠨ ᠲᠥᠯᠥᠭᠡ ᠦᠪᠦᠷ ᠮᠤᠩᠭᠤᠯ ᠤᠢᠷ᠎ᠠ ᠳ᠋ᠤ ᠶᠡᠬᠡ ᠳᠤᠮᠳᠠᠳᠤ ᠪᠠᠭ᠎ᠠ ᠰᠤᠷᠭᠠᠭᠤᠯᠢ᠎ᠶᠢᠨ 《ᠵᠠᠯᠠᠭᠤᠴᠤᠳ᠎ᠤᠨ ᠬᠠᠷᠠᠭᠠᠨ ᠳ᠋ᠡᠬᠢ ᠳᠤᠮᠳᠠᠳᠤ ᠤᠯᠤᠰ·ᠮᠦᠽᠸᠢ ᠤᠷᠳᠤᠨ ᠳ᠋ᠡᠬᠢ ᠦᠵᠡᠯ ᠰᠠᠨᠠᠭ᠎ᠠ ᠤᠯᠤᠰ ᠲᠦᠷᠦ ᠵᠢᠨ ᠬᠢᠴᠢᠶᠡᠯ》 ᠤ᠋ᠨ ᠵᠠᠭᠪᠤᠷ᠎ᠢ ᠬᠡᠷᠡᠭᠵᠢᠬᠦᠯᠪᠡ᠃
ᠠᠵᠢᠯᠯᠠᠭ᠎ᠠ ᠨᠢ ᠤᠯᠠᠮᠵᠢᠯᠠᠯᠲᠤ ᠦᠵᠡᠯ ᠰᠠᠨᠠᠭ᠎ᠠ ᠤᠯᠤᠰ ᠲᠥᠷᠥ᠎ᠶᠢᠨ ᠬᠢᠴᠢᠶᠡᠯ᠎ᠦᠨ ᠬᠢᠵᠠᠭᠠᠷᠯᠠᠯ᠎ᠢ ᠲᠠᠪᠠᠵᠤ᠂ ᠮᠦᠽᠧᠢ᠂ ᠳᠤᠷᠠᠰᠬᠠᠯ᠎ᠤᠨ ᠣᠷᠳᠣᠨ᠂ ᠤᠷᠠᠨ ᠵᠢᠷᠤᠭ᠎ᠤᠨ ᠣᠷᠳᠣᠨ᠂ ᠲᠡᠦᠬᠡ᠎ᠶᠢᠨ ᠳᠤᠷᠠᠰᠬᠠᠯᠳᠤ ᠵᠡᠭᠡᠯᠢ ᠲᠣᠭᠣᠷᠢᠭ᠋᠂ ᠰᠣᠶᠣᠯ᠎ᠤᠨ ᠲᠠᠯᠠᠪᠤᠷ ᠭᠠᠵᠠᠷ ᠵᠡᠷᠭᠡ ᠪᠡᠷ ᠠᠮᠢᠳᠤᠯᠢᠭ᠋ ᠰᠠᠢᠬᠠᠨ 《ᠦᠵᠡᠯ ᠰᠠᠨᠠᠭ᠎ᠠ ᠤᠯᠤᠰ ᠲᠦᠷᠦ᠎ᠶᠢᠨ ᠬᠠᠮ ᠬᠢᠴᠢᠶᠡᠯ᠎ᠦᠨ ᠲᠠᠩᠬᠢᠮ》 ᠪᠣᠯᠭᠠᠵᠤ᠂ ᠵᠠᠯᠠᠭᠤᠴᠤᠳ ᠪᠠᠭᠠᠴᠤᠳ᠎ᠤᠨ ᠤᠯᠠᠨ ᠡᠰᠢᠵᠢᠭᠰᠡᠨ ᠬᠡᠯᠪᠡᠷᠢ᠎ᠪᠡᠷ ᠡᠳᠡᠭᠡᠷ ᠲᠠᠯᠠᠪᠤᠷ ᠣᠷᠳᠣᠨ᠎ᠤ ᠠᠷᠤ᠎ᠳᠠᠬᠢ ᠲᠡᠦᠬᠡ᠎ᠶᠢᠨ ᠳᠤᠷᠠᠰᠤᠮᠵᠢ᠂ ᠰᠣᠶᠣᠯ᠎ᠤᠨ ᠠᠭᠤᠯᠤᠭᠳᠠᠬᠤᠨ ᠪᠣᠯᠣᠨ ᠴᠠᠭ ᠦᠶ᠎ᠡ᠎ᠶᠢᠨ ᠦᠨ᠎ᠡ ᠦᠷᠳᠡᠭ᠎ᠢ ᠠᠭᠤᠳᠠᠯᠵᠤ᠂ ᠵᠠᠯᠠᠭᠤ ᠨᠠᠰᠤᠨ᠎ᠤ ᠬᠠᠷᠠᠭᠠᠰᠤ᠎ᠡᠴᠡ ᠢᠳᠡᠪᠬᠢ ᠬᠦᠴᠦᠨ᠎ᠢ ᠳᠠᠮᠵᠢᠭᠤᠯᠬᠤ ᠵᠢ ᠵᠤᠷᠢᠭᠵᠢᠭᠤᠯᠵᠤ᠂ ᠦᠵᠡᠯ ᠰᠠᠨᠠᠭ᠎ᠠ ᠤᠯᠤᠰ ᠲᠦᠷᠦ᠎ᠶᠢᠨ ᠬᠥᠮᠦᠵᠢᠯ᠎ᠢ ᠨᠡᠩ ᠠᠮᠢᠳᠤᠯᠢᠭ᠋᠂ ᠨᠡᠩ ᠤᠯᠠᠨ ᠲᠦᠮᠡᠨ᠎ᠲᠠᠢ ᠣᠢᠷᠠᠲᠤᠭᠰᠠᠨ᠂ ᠨᠡᠩ ᠨᠥᠯᠥᠭᠡᠯᠡᠬᠦ ᠬᠦᠴᠦᠨ᠎ᠲᠠᠢ ᠪᠤᠯᠭᠠᠪᠠ᠃
ᠠᠵᠢᠯᠯᠠᠭ᠎ᠠ᠎ᠳᠤ ᠵᠢᠷᠭᠤᠭᠠᠨ ᠶᠡᠬᠡ ᠪᠦᠲᠦᠭᠡᠯᠴᠢ ᠬᠡᠰᠡᠭ ᠭᠠᠷᠭᠠᠵᠤ᠂ ᠭᠠᠷᠤᠷᠠᠯᠠᠯᠤᠨ ᠵᠣᠬᠢᠶᠠᠨ ᠪᠦᠲᠦᠭᠡᠯᠭᠡ᠂ ᠸᠢᠳᠢᠤ᠋ᠵᠢᠷᠤᠭᠯᠠᠬᠤ ᠂ ᠲᠠᠨᠢᠯᠴᠠᠭᠤᠯᠵᠤ ᠤᠬᠠᠭᠤᠯᠤᠨ ᠲᠠᠢᠯᠪᠤᠷᠢᠯᠠᠬᠤ᠂ ᠭᠠᠷ ᠳᠡᠮᠳᠡᠭᠯᠡᠯ ᠬᠢᠬᠦ᠂ ᠠᠬᠤᠢ ᠦᠵᠡᠭᠳᠡᠯ ᠵᠢᠡᠷ ᠤᠯᠠᠷᠢᠭᠤᠯᠤᠨ ᠶᠠᠷᠢᠬᠤ᠂ ᠲᠦᠷᠰᠦ ᠰᠢᠩᠬᠡᠬᠡᠯᠳᠡ ᠬᠢᠬᠦ ᠵᠡᠷᠭᠡ ᠣᠯᠠᠨ ᠵᠦᠢᠯ᠎ᠦᠨ ᠬᠡᠯᠪᠡᠷᠢ᠎ᠶᠢ ᠬᠠᠮᠤᠷᠴᠤ᠂ ᠠᠳᠠᠯᠢ ᠪᠤᠰᠤ ᠵᠢᠨ ᠤᠷ᠎ᠠ ᠠᠪᠢᠶᠠᠰ ᠳᠠᠢ ᠳᠤᠷ᠎ᠠ ᠰᠣᠨᠢᠷᠬᠠᠯᠲᠠᠢ ᠰᠣᠷᠣᠭ᠍ᠴᠢ᠎ᠶᠢᠨ ᠱᠠᠭᠠᠷᠳᠠᠯᠭ᠎ᠠ ᠵᠢᠬᠠᠩᠭᠠᠪᠠ᠃
ᠮᠦᠽᠸᠢ ᠣᠷᠳᠣᠨ ᠨᠢ ᠲᠡᠦᠬᠡ᠎ᠶᠢᠨ ᠳᠤᠷᠠᠰᠤᠮᠵᠢ᠎ᠶᠢ ᠠᠴᠢᠶᠠᠯᠠᠵᠤ᠂ ᠵᠠᠯᠠᠭᠤᠴᠤᠳ ᠦᠵᠡᠯ ᠰᠠᠨᠠᠭ᠎ᠠ ᠤᠯᠤᠰ ᠲᠦᠷᠦ᠎ᠶᠢᠨ ᠬᠢᠴᠢᠶᠡᠯ᠎ᠦᠨ ᠲᠠᠩᠬᠢᠮ᠎ᠢ ᠬᠦᠭᠵᠢᠭᠡᠨ᠎ᠡ᠃ ᠲᠤᠰ ᠤᠳᠠᠭ᠎ᠠ᠎ᠶᠢᠨ 《ᠵᠠᠯᠠᠭᠤᠴᠤᠳ᠎ᠤᠨ ᠬᠠᠷᠠᠭᠠᠨ ᠳ᠋ᠡᠬᠢ ᠳᠤᠮᠳᠠᠳᠤ ᠤᠯᠤᠰ·ᠮᠦᠽᠸᠢ ᠤᠷᠳᠤᠨ ᠳ᠋ᠡᠬᠢ ᠦᠵᠡᠯ ᠰᠠᠨᠠᠭ᠎ᠠ ᠤᠯᠤᠰ ᠲᠦᠷᠦ ᠵᠢᠨ ᠬᠢᠴᠢᠶᠡᠯ》 ᠨᠢ ᠪᠦᠬᠦ ᠣᠷᠣᠨ᠎ᠤ ᠶᠡᠬᠡ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭ᠍ᠴᠢᠳ᠎ᠲᠤ ᠥᠪᠡᠷ᠎ᠢ᠎ᠪᠡᠨ ᠳᠡᠯᠭᠡᠨ ᠦᠵᠡᠭᠦᠯᠬᠦ᠂ ᠬᠠᠢᠷ᠎ᠠ ᠰᠡᠳᠬᠢᠯᠭᠡ᠎ᠪᠡᠨ ᠳᠠᠮᠵᠢᠭᠤᠯᠬᠤ᠂ ᠡᠭᠦᠷᠭᠡ ᠬᠠᠷᠢᠭᠤᠴᠠᠯᠭ᠎ᠠ᠎ᠪᠠᠨ ᠦᠢᠯᠡᠳᠦᠯᠭᠡᠵᠢᠭᠦᠯᠬᠦ ᠦᠢᠯᠡᠳᠦᠯᠭᠡ᠎ᠶᠢᠨ ᠲᠠᠪᠴᠠᠩ᠎ᠢ ᠪᠠᠢᠭᠤᠯᠤᠨ ᠦᠭᠴᠦ᠂ ᠵᠠᠯᠠᠭᠤᠴᠤᠳ ᠪᠠᠭᠠᠴᠤᠳ᠎ᠤᠨ ᠤᠯᠤᠰ ᠭᠡᠷ᠎ᠦᠨ᠎ᠢᠶᠡᠨ ᠬᠠᠢᠷ᠎ᠠ ᠰᠡᠳᠬᠢᠯᠭᠡ᠎ᠶᠢ ᠵᠤᠵᠠᠭᠠᠳᠬᠠᠪᠠ᠃