2026 ᠤᠨ ᠳ᠋ᠤ᠂ ᠠᠭᠤᠯᠠ ᠤᠰᠤ ᠣᠢ ᠮᠣᠳᠤ ᠭᠠᠵᠠᠷ ᠲᠠᠷᠢᠶ᠎ᠠ ᠨᠠᠭᠤᠷ ᠪᠦᠷᠢᠳᠦ ᠨᠣᠳᠤᠭ ᠪᠡᠯᠴᠢᠭᠡᠷ ᠡᠯᠡᠰᠦ ᠮᠠᠩᠬ᠎ᠠ ᠵᠢ ᠨᠢᠭᠡ ᠴᠣᠭ᠍ᠴᠠᠵᠢᠭᠤᠯᠤᠨ ᠬᠠᠮᠠᠭᠠᠯᠠᠬᠤ ᠪᠠ ᠱᠢᠰᠲ᠋ᠧᠮ ᠲᠠᠢ ᠵᠠᠰᠠᠬᠤ ᠵᠢ ᠪᠠᠷᠢᠮᠲᠠᠯᠠᠨ᠂ ᠪᠠᠢᠭᠠᠯᠢ ᠶ᠋ᠢᠨ ᠬᠠᠮᠠᠭᠠᠯᠠᠯᠲᠠ ᠶ᠋ᠢᠨ ᠭᠠᠵᠠᠷ ᠢ᠋ ᠨᠡᠢᠳᠭᠡᠨ ᠱᠢᠯᠢᠳᠡᠭ᠌ᠵᠢᠭᠦᠯᠵᠤ᠂ ᠤᠯᠤᠰ ᠤ᠋ᠨ ᠴᠡᠴᠡᠷᠯᠢᠭ ᠤ᠋ᠨ ᠪᠦᠳᠦᠭᠡᠨ ᠪᠠᠢᠭᠤᠯᠤᠯᠲᠠ ᠵᠢ ᠠᠬᠢᠭᠤᠯᠤᠨ᠂ 《ᠣᠮᠠᠷᠠᠲᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠤ᠋ᠨ ᠪᠣᠭᠤᠮᠲᠠ ᠱᠢᠪᠳᠦᠯᠬᠤ ᠲᠠᠢᠯᠠᠯᠳᠤᠭᠠᠨ ᠢ᠋ ᠯᠠᠪᠳᠠᠭᠤᠨ ᠪᠠᠳᠤᠲᠠᠢ ᠠᠬᠢᠭᠤᠯᠵᠤ᠂ ᠠᠷᠠᠳ ᠣᠯᠠᠨ ᠤ᠋ ᠲᠡᠷᠭᠡᠳᠡᠬᠢ ᠠᠭᠤᠯᠠ ᠵᠢ ᠨᠡᠩ ᠨᠣᠭᠤᠭᠠᠨ᠂ ᠤᠰᠤ ᠵᠢ ᠨᠡᠩ ᠲᠤᠩᠭᠠᠯᠠᠭ ᠪᠣᠯᠭᠠᠨ᠎ᠠ᠃ ᠡᠨᠡ ᠪᠤᠯ ᠲᠦᠷᠦ ᠵᠢᠨ ᠶᠠᠪᠤᠳᠠᠯ ᠤ᠋ᠨ ᠬᠤᠷᠢᠶᠠᠨ ᠤ᠋ ᠶᠡᠷᠤᠩᠬᠡᠢ ᠰᠠᠢᠳ ᠯᠢ ᠴᠢᠶᠠᠩ ᠤ᠋ᠨ ᠬᠢᠭᠰᠡᠨ 《ᠵᠠᠰᠠᠭ ᠤ᠋ᠨ ᠤᠷᠳᠤᠨ ᠤ᠋ ᠠᠵᠢᠯ ᠤ᠋ᠨ ᠢᠯᠡᠳᠬᠡᠯ》 ᠳ᠋ᠡᠬᠢ ᠨᠢᠬᠡᠨ ᠴᠢᠬᠤᠯᠠ ᠪᠠᠢᠷᠢᠯᠠᠭᠤᠯᠤᠯᠳᠠ ᠪᠤᠯᠤᠨ᠎ᠠ᠃
《ᠣᠮᠠᠷᠠᠲᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠬᠡᠭᠰᠡᠬᠡᠷ ᠦᠪᠤᠷ ᠮᠤᠩᠭᠤᠯ ᠡᠩ ᠲᠡᠷᠢᠬᠦᠨ ᠳ᠋ᠤ ᠲᠤᠷᠠᠳᠤᠭᠳᠠᠬᠤ ᠶᠤᠮ᠃ 《ᠣᠮᠠᠷᠠᠲᠤ ᠶ᠋ᠢᠨ ᠭᠤᠷᠪᠠᠨ ᠣᠷᠤᠨ》 ᠢ᠋ ᠰᠤᠨᠲᠠᠯᠠᠭᠰᠠᠨ ᠦᠪᠦᠷ ᠮᠣᠩᠭᠤᠯ ᠪᠤᠯ ᠪᠦᠬᠦ᠌ ᠤᠯᠤᠰ ᠤ᠋ᠨ ᠴᠦᠯᠯᠡᠷᠬᠡᠭ᠌ᠵᠢᠯ ᠢ᠋ ᠰᠡᠷᠬᠡᠢᠯᠡᠨ ᠵᠠᠰᠠᠬᠤ ᠭᠤᠣᠯ ᠲᠠᠢᠨ ᠤ᠋ ᠲᠠᠯᠠᠪᠤᠷ ᠪᠠᠢᠵᠤ᠂ ᠮᠠᠨ ᠤ᠋ ᠤᠯᠤᠰ ᠤ᠋ᠨ ᠣᠮᠠᠷᠠᠳᠤ ᠶ᠋ᠢᠨ ᠨᠣᠮᠢᠨ ᠨᠣᠭᠤᠭᠠᠨ 《ᠤᠷᠳᠤ ᠴᠠᠭᠠᠨ ᠬᠡᠷᠡᠮ》᠂ ᠲᠥᠮᠡᠨ ᠭᠠᠵᠠᠷ ᠤ᠋ᠨ ᠠᠮᠢ ᠠᠬᠤᠢ ᠶ᠋ᠢᠨ ᠬᠠᠯᠬᠠᠪᠴᠢ ᠵᠢ ᠴᠣᠭ᠍ᠴᠠᠯᠠᠬᠤ ᠳ᠋ᠦ ᠴᠢᠬᠤᠯᠠ ᠶᠡᠭᠡ ᠥᠢᠯᠡᠳᠦᠯ ᠦᠵᠡᠭᠦᠯᠥᠭ᠌ᠰᠡᠭᠡᠷ ᠢᠷᠡᠭ᠌ᠰᠡᠨ ᠪᠦᠭᠡᠳ ᠤᠳᠠᠭᠠᠨ ᠵᠢᠯ ᠤ᠋ᠨ ᠲᠣᠷᠰᠢ ᠪᠦᠬᠦ᠌ ᠣᠷᠤᠨ ᠤ᠋ ᠦᠨᠳᠦᠰᠦᠳᠡᠨ ᠨᠤᠭᠦᠳ ᠤ᠋ᠨ ᠠᠷᠠᠳ ᠲᠥᠮᠡᠨ ᠦᠶ᠎ᠠ ᠲᠠᠮᠵᠢᠨ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠪᠡᠷ ᠬᠦᠴᠦᠯᠡᠨ ᠴᠢᠷᠮᠠᠢᠵᠦ᠍᠂ ᠥᠯᠥᠭᠡᠢ ᠨᠣᠳᠤᠭ ᠤᠩᠭᠤᠨ ᠪᠠᠢᠭᠠᠯᠢ ᠪᠠᠨ ᠰᠡᠢᠳᠤᠷ ᠬᠠᠮᠠᠭᠠᠯᠠᠬᠤ ᠪᠠᠷ ᠱᠢᠨᠳᠠᠷᠠᠰᠢ ᠦᠭᠡᠢ ᠳᠡᠮᠡᠴᠡᠨ᠂ 《ᠨᠤᠷ᠎ᠠ ᠡᠯᠡᠰᠦ ᠵᠢ ᠨᠣᠭ᠍ᠳᠤᠯᠠᠬᠤ》 ᠪᠠᠷ ᠬᠦᠴᠦ᠍ ᠬᠦᠯᠥᠰᠦ ᠣᠶᠤᠨ ᠤᠬᠠᠭᠠᠨ ᠢ᠋ᠶ᠋ᠠᠨ ᠱᠢᠪᠬᠠᠵᠤ᠂ ᠠᠮᠢ ᠠᠬᠤᠢ ᠶ᠋ᠢᠨ ᠪᠦᠳᠦᠭᠡᠨ ᠪᠠᠢᠭᠤᠯᠤᠯᠲᠠ ᠶ᠋ᠢᠨ ᠠᠤᠭ᠎ᠠ ᠶᠡᠭᠡ ᠠᠮᠵᠢᠯᠲᠠ ᠶ᠋ᠢᠨ ᠬᠠᠭᠤᠳᠠᠰᠣ ᠵᠢ ᠪᠢᠴᠢᠭᠯᠡᠵᠠᠢ᠃ ᠲᠡᠳᠡ ᠥᠢᠯᠡᠳᠦᠯᠭᠡ ᠶ᠋ᠢᠨ ᠲᠤᠮᠲᠠ ᠪᠠᠨ ᠠᠯᠢ ᠣᠯᠠᠨ ᠱᠢᠨᠵᠢᠯᠡᠬᠦ᠌ ᠣᠬᠠᠭᠠᠨᠴᠢ ᠲᠣᠷᠱᠢᠯᠭᠠ᠂ ᠣᠨᠣᠯ᠂ ᠮᠡᠷᠭᠡᠵᠢᠯ ᠤ᠋ᠨ ᠱᠢᠰᠲ᠋ᠧᠮ ᠪᠤᠯᠤᠨ ᠥᠢᠯᠡᠳᠦᠯᠭᠡ ᠶ᠋ᠢᠨ ᠵᠠᠭ᠍ᠪᠤᠷ ᠢ᠋ ᠬᠤᠷᠠᠮᠳᠣᠭᠤᠯᠤᠨ ᠪᠦᠷᠢᠯᠳᠦᠭᠦᠯᠵᠦ᠍᠂ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠵᠢ ᠵᠠᠰᠠᠭ᠍ᠰᠠᠨ ᠣᠯᠠᠨ ᠠᠷᠪᠢᠨ ᠱᠢᠨ᠎ᠡ ᠭᠠᠢᠬᠠᠮᠱᠢᠭ ᠢ᠋ ᠡᠭᠦᠳᠦᠭ᠌ᠰᠡᠨ ᠠᠵᠢ᠃ ᠣᠨᠴᠠᠭᠠᠢᠯᠠᠨ ᠬᠠᠳᠤᠨ ᠭᠤᠣᠯ ᠤ᠋ᠨ 《ᠶᠡᠭᠡ ᠲᠣᠬᠤᠢ》 ᠶ᠋ᠢᠨ ᠪᠣᠭᠤᠮᠲᠠ ᠱᠢᠪᠳᠤᠯᠬᠤ ᠳᠠᠢᠯᠠᠯᠳᠤᠭᠠᠨ᠂ ᠬᠤᠷᠴᠢᠨ ᠪᠣᠯᠤᠨ ᠬᠤᠯᠠᠨ ᠱᠢᠷᠭ᠎ᠠ ᠳᠠᠭ᠎ᠠ ᠶ᠋ᠢᠨ ᠡᠯᠡᠰᠦᠷᠬᠡᠭ ᠭᠠᠵᠠᠷ ᠤ᠋ᠨ ᠰᠥᠨᠥᠭᠡᠯᠳᠡ ᠵᠢᠨ ᠳᠠᠢᠯᠠᠯᠳᠤᠭᠠᠨ᠂ ᠾᠧᠰᠢ ᠵᠢᠨ ᠬᠤᠩᠬᠢᠯ — ᠲᠠᠺᠠᠯᠢᠮᠠᠺᠠᠨ ᠡᠯᠡᠰᠦᠨ ᠴᠦᠯ ᠤ᠋ᠨ ᠬᠥᠪᠡᠭᠡ ᠵᠠᠬ᠎ᠠ ᠶ᠋ᠢᠨ ᠬᠤᠷᠢᠭ᠍ᠯᠠᠯᠲᠠ ᠶ᠋ᠢᠨ ᠳᠠᠢᠯᠠᠯᠳᠤᠭᠠᠨ ᠵᠡᠷᠭᠡ 《ᠣᠮᠠᠷᠠᠳᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠤ᠋ᠨ ᠭᠤᠷᠪᠠᠨ ᠶᠡᠬᠡ ᠪᠡᠯᠬᠡ ᠲᠡᠮᠳᠡᠭ ᠤ᠋ᠨ ᠴᠢᠨᠠᠷᠳᠠᠢ ᠲᠠᠢᠯᠠᠯᠳᠤᠭᠠᠨ ᠳ᠋ᠤ ᠭᠠᠪᠰᠢᠭᠠᠢᠯᠠᠨ ᠤᠷᠤᠵᠤ᠂ 《ᠨᠣᠭᠤᠭᠠᠷᠠᠭᠤᠯᠤᠯᠲᠠ ᠣᠷᠤᠭ᠍ᠰᠢᠯᠠᠵᠤ ᠡᠯᠡᠰᠦ ᠣᠬᠤᠷᠢᠭ᠍ᠰᠠᠨ》 ᠱᠢᠨ᠎ᠡ ᠭᠠᠢᠬᠠᠮᠱᠢᠭ ᠢ᠋ ᠡᠭᠦᠳᠦᠭᠰᠡᠨ ᠪᠠᠢᠨ᠎ᠠ᠃ ᠵᠢᠱ᠌ᠢᠶᠡᠯᠡᠪᠡᠯ᠂ 《ᠦᠬᠦᠯ ᠤ᠋ᠨ ᠳᠠᠯᠠᠢ》 ᠬᠡᠮᠡᠭ᠌ᠳᠡᠭ᠌ᠰᠡᠨ ᠬᠦᠪᠴᠢ ᠶ᠋ᠢᠨ ᠡᠯᠡᠰᠦ ᠨᠢᠬᠡᠨᠳᠡ ᠪᠦᠬᠦ᠌ ᠪᠦᠮᠪᠦᠷᠴᠡᠭ ᠤ᠋ᠨ ᠴᠥᠯᠯᠡᠷᠬᠡᠭ᠌ᠵᠢᠯ ᠢ᠋ ᠰᠡᠷᠭᠡᠢᠯᠡᠨ ᠵᠠᠰᠠᠬᠤ ᠨᠡᠢᠳᠡᠯᠢᠭ ᠵᠢᠱ᠌ᠢᠶ᠎ᠡ ᠪᠣᠯᠵᠤ᠂ 《ᠳ᠋ᠧᠩᠺᠸᠥ ᠶ᠋ᠢᠨ ᠵᠠᠭ᠍ᠪᠤᠷ》 ᠨᠢ ᠣᠷᠤᠨ ᠪᠦᠰᠡ ᠶ᠋ᠢᠨ ᠣᠨᠴᠠᠭᠠᠢ ᠴᠢᠨᠠᠷ ᠪᠣᠯᠤᠨ ᠱᠢᠰᠲ᠋ᠧᠮᠵᠢᠳᠦ ᠪᠦᠬᠦᠯᠢ ᠴᠣᠭ᠍ᠴᠠ ᠶ᠋ᠢᠨ ᠴᠢᠨᠠᠷ ᠢ᠋ ᠨᠢᠭᠡᠳᠥᠯᠲᠠᠢ ᠲᠥᠯᠥᠪᠵᠢᠭᠦᠯᠥᠨ ᠵᠣᠬᠢᠴᠠᠭᠤᠯᠤᠭ᠍ᠰᠠᠨ ᠪᠣᠳᠠᠳᠣ ᠵᠢᠱ᠌ᠢᠶ᠎ᠡ ᠪᠣᠯᠤᠭ᠍ᠰᠠᠨ ᠪᠠᠢᠵᠤ᠂ 《ᠠᠷᠪᠠᠨ ᠲᠥᠷᠪᠡᠳᠦᠭᠡᠷ ᠲᠠᠪᠣᠨ ᠵᠢᠯ》 ᠤ᠋ᠨ ᠬᠤᠭᠤᠴᠠᠭᠠᠨ ᠳ᠋ᠦ ᠦᠪᠦᠷ ᠮᠣᠩᠭᠤᠯ ᠨᠡᠢᠲᠡ 1.23 ᠳ᠋ᠥᠩᠱᠢᠭᠤᠷ ᠮᠦ᠍ ᠠᠮᠢ ᠠᠬᠤᠢ ᠶ᠋ᠢᠨ ᠪᠦᠳᠦᠭᠡᠨ ᠪᠠᠢᠭᠤᠯᠤᠯᠲᠠ ᠵᠢ ᠪᠡᠶᠡᠯᠡᠭᠦᠯᠵᠦ᠍᠂ 6688 ᠲᠥᠮᠡᠨ ᠮᠦ᠍ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠵᠢ ᠵᠠᠰᠠᠵᠤ᠂ ᠴᠥᠮ ᠪᠦᠬᠦ᠌ ᠤᠯᠤᠰ ᠤ᠋ᠨ ᠲᠦᠷᠦᠬᠦᠨ ᠳ᠋ᠦ ᠤᠷᠤᠵᠠᠢ᠃
2021 — 2030 ᠣᠨ ᠪᠣᠯ 《ᠣᠮᠠᠷᠠᠳᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠤ᠋ᠨ ᠪᠦᠳᠦᠭᠡᠨ ᠪᠠᠢᠭᠤᠯᠤᠯᠲᠠ ᠶ᠋ᠢᠨ ᠵᠠᠩᠭᠢᠯᠠᠭ᠎ᠠ ᠶ᠋ᠢᠨ ᠬᠤᠭᠤᠴᠠᠭ᠎ᠠ ᠪᠣᠯᠤᠨ᠎ᠠ᠃ ᠠᠮᠵᠢᠯᠲᠠ ᠪᠠᠨ ᠳ᠋ᠥᠩᠨᠡᠨ ᠲᠣᠳᠠᠭᠤᠳᠠᠯ ᠢ᠋ᠶ᠋ᠠᠨ ᠨᠦᠬᠦᠪᠦᠷᠢᠯᠡᠵᠤ᠂ ᠮᠠᠨ ᠤ᠋ ᠤᠯᠤᠰ ᠤ᠋ᠨ ᠣᠮᠠᠷᠠᠳᠤ ᠶ᠋ᠢᠨ ᠴᠢᠬᠤᠯᠠ ᠠᠮᠢ ᠠᠬᠤᠢ ᠶ᠋ᠢᠨ ᠠᠮᠤᠷ ᠳᠥᠪᠱᠢᠨ ᠤ᠋ ᠬᠠᠯᠬᠠᠪᠴᠢ ᠵᠢ ᠪᠠᠲᠤ ᠴᠣᠭ᠍ᠴᠠᠯᠠᠬᠤ ᠪᠣᠯ ᠦᠪᠦᠷ ᠮᠣᠩᠭᠤᠯ ᠤ᠋ᠨ ᠡᠷᠬᠡᠪᠰᠢ ᠪᠠᠲᠤ ᠴᠡᠭᠡᠵᠢᠯᠡᠬᠦ᠌ 《ᠤᠯᠤᠰ ᠤ᠋ᠨ ᠶᠡᠭᠡ ᠶᠠᠪᠣᠳᠠᠯ》 ᠮᠦᠨ᠂ ᠪᠢᠳᠡ ᠵᠠᠪᠠᠯ ᠪᠦᠬᠦ ᠬᠦᠴᠦᠨ ᠵᠢᠡᠷ ᠪᠦᠯᠬᠦᠮᠳᠡᠨ ᠴᠢᠷᠮᠠᠢᠵᠤ 《ᠣᠮᠠᠷᠠᠳᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠤ᠋ᠨ ᠪᠣᠭᠤᠮᠲᠠ ᠱᠢᠪᠳᠤᠯᠬᠤ ᠳᠠᠢᠯᠠᠯᠳᠤᠭᠠᠨ ᠤ᠋ ᠡᠴᠦᠰ ᠤ᠋ᠨ ᠢᠯᠠᠯᠲᠠ ᠵᠢ ᠣᠯᠬᠤ ᠪᠠᠷ ᠴᠦᠬᠦᠷᠡᠰᠢ ᠦᠬᠡᠢ ᠲᠡᠮᠡᠴᠡᠬᠦ ᠴᠢᠬᠤᠯᠠᠳᠠᠢ᠃
ᠨᠢᠭᠡ ᠳ᠋ᠦ᠂ 《ᠣᠮᠠᠷᠠᠳᠤ ᠶ᠋ᠢᠨ ᠭᠤᠷᠪᠠᠨ ᠣᠷᠤᠨ ᠤ᠋ ᠵᠣᠷᠢᠭ ᠰᠠᠨᠠᠭ᠎ᠠ》 ᠶ᠋ᠢ ᠰᠡᠢᠳᠤᠷ ᠪᠠᠳᠠᠷᠠᠭᠤᠯᠵᠤ᠂ ᠬᠦᠮᠥᠨ ᠪᠦᠬᠦᠨ ᠬᠠᠷᠢᠭᠤᠴᠠᠯᠭᠠᠳᠤ ᠰᠡᠳᠭᠢᠯᠭᠡ ᠪᠣᠯᠤᠨ ᠲᠣᠯᠭᠠᠮ ᠰᠡᠳᠭᠢᠯᠭᠡ ᠪᠠᠨ ᠨᠡᠮᠡᠭ᠌ᠳᠡᠭᠦᠯᠥᠨᠡ᠃ ᠠᠮᠢ ᠠᠬᠤᠢ ᠣᠷᠴᠢᠨ ᠲᠣᠭᠤᠷᠢᠨ ᠢ᠋ ᠵᠠᠰᠠᠨ ᠰᠡᠷᠭᠦᠭᠡᠬᠦ᠌ ᠪᠠ ᠰᠠᠢᠵᠢᠷᠠᠭᠤᠯᠬᠤ ᠪᠣᠯ ᠨᠢᠭᠡᠨ ᠤᠷᠲᠤ ᠬᠤᠭᠤᠴᠠᠭᠠᠨ ᠤ᠋ ᠱᠢᠷᠭᠠᠭᠤ ᠬᠠᠲᠠᠭᠤᠵᠢᠯᠲᠠᠢ ᠴᠢᠷᠮᠡᠢᠨ ᠲᠡᠮᠡᠴᠡᠬᠦ ᠶᠠᠪᠤᠴᠠ ᠮᠦᠨ᠃ ᠪᠦᠬᠦ᠌ ᠣᠷᠤᠨ ᠤ᠋ ᠥᠷᠭᠡᠨ ᠣᠯᠠᠨ ᠺᠠᠳ᠋ᠷ ᠠᠵᠢᠯᠲᠠᠨ ᠣᠯᠠᠨ ᠲᠥᠮᠡᠨ ᠡᠷᠬᠡᠪᠰᠢ 《ᠣᠮᠠᠷᠠᠳᠤ ᠶ᠋ᠢᠨ ᠭᠤᠷᠪᠠᠨ ᠣᠷᠤᠨ ᠤ᠋ ᠵᠣᠷᠢᠭ ᠰᠠᠨᠠᠭ᠎ᠠ》 ᠶ᠋ᠢ ᠤᠬᠠᠮᠰᠠᠷ ᠡᠴᠡ ᠪᠠᠨ ᠥᠢᠯᠡᠳᠦᠯᠭᠡᠵᠢᠭᠦᠯᠵᠦ᠍᠂ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠠᠵᠢᠯ ᠤ᠋ᠨ ᠤᠷᠳᠤ ᠬᠤᠭᠤᠴᠠᠭᠠᠳᠤ ᠴᠢᠨᠠᠷ᠂ ᠬᠠᠲᠠᠭᠤ ᠪᠡᠷᠬᠡᠳᠦ ᠴᠢᠨᠠᠷ ᠪᠣᠯᠤᠨ ᠲᠣᠭ᠍ᠲᠠᠪᠤᠷᠢᠳᠤ ᠪᠣᠰᠤ ᠴᠢᠨᠠᠷ ᠢ᠋ ᠭᠦᠢᠴᠡᠳ ᠲᠠᠨᠢᠵᠤ᠂ ᠥᠵᠦ᠍ ᠲᠥᠯᠥᠪᠯᠡᠭᠡ ᠵᠢ ᠭᠦᠨᠵᠡᠭᠡᠢᠷᠡᠭᠦᠯᠤᠨ᠂ ᠡᠯ᠎ᠡ ᠱᠠᠲᠤ ᠬᠠᠮᠵᠢᠯᠴᠠᠨ ᠠᠬᠢᠭᠤᠯᠬᠤ᠂ ᠪᠦᠬᠦ᠌ ᠠᠷᠠᠳ ᠬᠠᠮᠲᠤ ᠪᠠᠷ ᠣᠷᠤᠯᠴᠠᠬᠤ ᠱᠢᠰᠲ᠋ᠧᠮᠵᠢᠭᠦᠯᠥᠭ᠌ᠰᠡᠨ ᠵᠠᠰᠠᠯᠲᠠ ᠶ᠋ᠢᠨ ᠱᠢᠨ᠎ᠡ ᠪᠠᠢᠷᠢᠱᠢᠯ ᠢ᠋ ᠪᠦᠷᠢᠯᠳᠦᠭᠦᠯᠬᠦ᠌ ᠴᠢᠬᠤᠯᠠᠲᠠᠢ᠃ ᠡᠩ ᠲᠡᠷᠢᠭᠦᠨ ᠳ᠋ᠦ᠂ ᠡᠬᠢ ᠪᠠᠶᠠᠯᠢᠭ ᠤ᠋ᠨ ᠳᠠᠪᠠᠭᠤᠯᠢᠭ ᠲᠠᠭᠠᠨ ᠰᠠᠭᠤᠷᠢᠯᠠᠨ᠂ ᠲᠤᠬᠠᠢ ᠶ᠋ᠢᠨ ᠭᠠᠵᠠᠷ ᠣᠷᠤᠨ ᠤ᠋ ᠪᠠᠢᠳᠠᠯ ᠳ᠋ᠠᠭᠠᠨ ᠵᠣᠬᠢᠴᠠᠭᠤᠯᠵᠤ ᠪᠠᠢᠭᠠᠳ ᠣᠨᠴᠠᠯᠢᠭ᠍ᠳᠤ ᠠᠵᠤ ᠥᠢᠯᠡᠰ ᠢ᠋ ᠬᠦᠭ᠌ᠵᠢᠭᠦᠯᠵᠦ᠍᠂ ᠠᠮᠢ ᠠᠬᠤᠢ ᠶ᠋ᠢ ᠠᠵᠤ ᠥᠢᠯᠡᠰᠵᠢᠬᠦᠯᠬᠦ᠂ ᠠᠵᠤ ᠥᠢᠯᠡᠰ ᠢ᠋ ᠠᠮᠢ ᠠᠬᠤᠢᠵᠢᠭᠤᠯᠬᠤ ᠵᠢ ᠠᠬᠢᠭᠤᠯᠵᠤ᠂ ᠠᠭᠤᠯᠠ ᠤᠰᠤ ᠣᠢ ᠮᠣᠳᠤ ᠭᠠᠵᠠᠷ ᠲᠠᠷᠢᠶ᠎ᠠ ᠨᠠᠭᠤᠷ ᠪᠦᠷᠢᠳᠦ ᠨᠣᠳᠤᠭ ᠪᠡᠯᠴᠢᠭᠡᠷ ᠡᠯᠡᠰᠦ ᠮᠠᠩᠬ᠎ᠠ ᠵᠢ ᠨᠢᠭᠡ ᠴᠣᠭ᠍ᠴᠠᠵᠢᠭᠤᠯᠤᠨ ᠬᠠᠮᠠᠭᠠᠯᠠᠬᠤ ᠪᠠ ᠱᠢᠰᠲ᠋ᠧᠮ ᠲᠠᠢ ᠵᠠᠰᠠᠬᠤ ᠴᠢᠬᠤᠯᠠᠳᠠᠢ᠃ ᠳᠠᠬᠢᠪᠠᠯ᠂ ᠬᠦᠮᠥᠨ ᠢ᠋ᠶ᠋ᠠᠷ ᠦᠨᠳᠦᠰᠦ ᠪᠣᠯᠭᠠᠬᠤ ᠵᠢ ᠪᠠᠷᠢᠮᠲᠠᠯᠠᠵᠤ᠂ ᠦᠵᠡᠯ ᠰᠠᠨᠠᠭᠠᠨ ᠤ᠋ ᠬᠦᠮᠥᠵᠢᠯ ᠢ᠋ ᠴᠢᠩᠭᠠᠳᠭᠠᠬᠤ ᠴᠢᠬᠤᠯᠠᠳᠠᠢ᠃ ᠠᠮᠢ ᠠᠬᠤᠢ ᠶ᠋ᠢᠨ ᠪᠣᠯᠪᠠᠰᠤᠨ ᠤ᠋ ᠪᠠᠢᠭᠤᠯᠤᠯᠲᠠ ᠵᠢ ᠠᠬᠢᠭᠤᠯᠬᠤ ᠳ᠋ᠦ ᠪᠠᠢᠭᠠᠯᠢ ᠶ᠋ᠢᠨ ᠵᠢᠮ᠎ᠡ ᠶᠣᠰᠤ ᠵᠢ ᠵᠢᠷᠤᠮᠯᠠᠬᠤ᠂ ᠪᠠᠢᠭᠠᠯᠢ ᠵᠢ ᠬᠦᠨᠳᠦᠳᠭᠡᠬᠦ᠌ ᠪᠠᠷ ᠤᠷᠢᠳᠠᠯ ᠪᠣᠯᠭᠠᠬᠤ᠂ ᠬᠦᠮᠥᠨ ᠬᠢᠭᠡᠳ ᠡᠬᠡ ᠪᠠᠢᠭᠠᠯᠢ᠂ ᠬᠦᠮᠥᠨ ᠬᠢᠭᠡᠳ ᠠᠵᠤ ᠠᠬᠤᠢ᠂ ᠬᠦᠮᠥᠨ ᠬᠢᠭᠡᠳ ᠨᠡᠢᠭᠡᠮ ᠤ᠋ᠨ ᠡᠶ᠎ᠡ ᠵᠣᠬᠢᠴᠠᠩᠭᠤᠢ ᠪᠠᠷ ᠬᠠᠮᠳᠤ ᠣᠷᠤᠱᠢᠬᠤ ᠪᠠᠷ ᠦᠨᠳᠦᠰᠦᠨ ᠵᠣᠷᠢᠯᠲᠠ ᠪᠣᠯᠭᠠᠵᠤ᠂ ᠠᠵᠤ ᠥᠢᠯᠡᠰ ᠤ᠋ᠨ ᠪᠦᠳᠦᠴᠡ᠂ ᠥᠢᠯᠡᠳᠪᠦᠷᠢᠯᠡᠯ ᠤ᠋ᠨ ᠬᠡᠯᠪᠡᠷᠢ ᠪᠤᠯᠤᠨ ᠬᠡᠷᠡᠭ᠌ᠯᠡᠭᠡ ᠶ᠋ᠢᠨ ᠵᠠᠭ᠍ᠪᠤᠷ ᠢ᠋ ᠰᠢᠨ᠎ᠠ ᠵᠢ ᠡᠬᠦᠳᠤᠨ ᠪᠠᠢᠭᠤᠯᠬᠤ ᠴᠢᠬᠤᠯᠠᠳᠠᠢ᠃
ᠬᠤᠶᠠᠷ ᠲᠤ᠌᠂ ᠠᠮᠢ ᠠᠬᠤᠢ ᠵᠢ ᠤᠷᠢᠳ ᠢ᠋ᠶ᠋ᠠᠷ ᠪᠣᠳᠤᠯᠬᠢᠯᠠᠵᠤ᠂ ᠪᠣᠬᠢᠷᠳᠤᠯ ᠦᠭᠡᠢ ᠬᠦᠭ᠌ᠵᠢᠯᠲᠡ ᠵᠢ ᠪᠠᠳᠤᠯᠠᠨ᠎ᠠ᠃ ᠪᠣᠬᠢᠷᠳᠤᠯ ᠦᠭᠡᠢ ᠬᠦᠭ᠌ᠵᠢᠯᠲᠡ ᠪᠣᠯ ᠠᠵᠤ ᠠᠬᠤᠢ ᠶ᠋ᠢᠨ ᠬᠦᠭ᠌ᠵᠢᠯᠲᠡ ᠬᠢᠬᠡᠳ ᠠᠮᠢ ᠠᠬᠤᠢ ᠵᠢᠨ ᠬᠠᠮᠠᠭᠠᠯᠠᠯᠳᠠ ᠶ᠋ᠢᠨ ᠬᠠᠷᠢᠴᠠᠭ᠎ᠠ ᠬᠤᠯᠪᠣᠭ᠎ᠠ ᠵᠢ ᠵᠦᠪ ᠱᠢᠢᠳᠪᠦᠷᠢᠯᠡᠬᠦ᠌ ᠶ᠋ᠢᠨ ᠦᠨᠳᠦᠰᠦᠨ ᠠᠷᠭ᠎ᠠ ᠪᠣᠳᠤᠯᠭ᠎ᠠ ᠪᠣᠯᠤᠨ᠎ᠠ᠃ ᠲᠡᠷᠡ ᠨᠢ ᠬᠦᠳᠡᠭᠡ ᠨᠣᠳᠤᠭ ᠤ᠋ᠨ ᠤᠯᠠᠮᠵᠢᠯᠠᠯᠳᠤ ᠠᠵᠤ ᠠᠬᠤᠢ ᠡᠴᠡ ᠣᠳᠤᠬᠢᠴᠢᠯᠠᠭ᠍ᠰᠠᠨ ᠠᠵᠤ ᠠᠬᠤᠢ ᠲᠡᠢᠰᠢ ᠱᠢᠯᠵᠢᠬᠦ᠌ ᠲᠣᠳᠤᠭᠠᠳᠤ ᠱᠠᠭᠠᠷᠳᠠᠯᠭ᠎ᠠ ᠪᠣᠯᠬᠤ ᠮᠥᠷᠳᠡᠭᠡᠨ ᠣᠳᠣᠬᠢᠴᠢᠯᠠᠭ᠍ᠰᠠᠨ ᠦᠪᠦᠷ ᠮᠣᠩᠭᠤᠯ ᠢ᠋ ᠪᠦᠳᠦᠭᠡᠨ ᠪᠠᠢᠭᠤᠯᠬᠤ ᠶ᠋ᠢᠨ ᠦᠨᠳᠦᠰᠦᠨ ᠵᠠᠷᠴᠢᠮ ᠪᠣᠯᠬᠤ ᠶᠤᠮ᠃ ᠠᠮᠢ ᠠᠬᠤᠢ ᠵᠢ ᠤᠷᠢᠳ ᠢ᠋ᠶ᠋ᠠᠷ ᠪᠣᠳᠤᠯᠬᠢᠯᠠᠬᠤ ᠪᠣᠬᠢᠷᠳᠤᠯ ᠦᠭᠡᠢ ᠬᠦᠭ᠌ᠵᠢᠯᠲᠡ ᠪᠠᠷ ᠤᠳᠤᠷᠢᠳᠤᠮᠵᠢ ᠪᠣᠯᠭᠠᠬᠤ ᠪᠣᠯ 《ᠨᠣᠮᠢᠨ ᠤᠰᠤ ᠬᠦᠬᠡᠮᠳᠦᠭ ᠠᠭᠤᠯᠠ ᠪᠣᠯ ᠠᠯᠳᠠᠨ ᠠᠭᠤᠯᠠ ᠮᠦᠩᠭᠦᠨ ᠬᠠᠢᠷᠬᠠᠨ ᠮᠦᠨ》 ᠭᠡᠬᠦ᠌ ᠥᠢᠯᠠᠭᠠᠭ᠍ᠳᠠᠬᠤᠨ ᠤ᠋ ᠣᠨᠣᠯ ᠪᠠ ᠥᠢᠯᠡᠳᠦᠯᠭᠡ ᠶ᠋ᠢᠨ ᠲᠣᠮᠳᠠᠬᠢ ᠲᠥᠪᠯᠡᠷᠡᠩᠭᠦᠢ ᠢᠯᠡᠷᠡᠯ ᠪᠠᠢᠵᠤ᠂ ᠬᠦᠭ᠌ᠵᠢᠯᠲᠡ ᠪᠠ ᠬᠠᠮᠠᠭᠠᠯᠠᠯᠲᠠ ᠶ᠋ᠢᠨ ᠬᠤᠪᠢᠰᠤᠩᠭᠤᠢ ᠨᠢᠭᠡᠳᠦᠮᠡᠯ ᠬᠠᠷᠢᠴᠠᠭ᠎ᠠ ᠵᠢ ᠪᠦᠬᠦ᠌ ᠲᠠᠯ᠎ᠠ ᠪᠠᠷ ᠲᠣᠳᠣᠷᠬᠠᠢᠯᠠᠵᠠᠢ᠃ ᠡᠢᠮᠦ ᠡᠴᠡ 《ᠠᠮᠢ ᠠᠬᠤᠢ ᠵᠢ ᠬᠠᠮᠠᠭᠠᠯᠠᠨ ᠰᠡᠷᠭᠦᠭᠡᠬᠦ᠌ + ᠠᠵᠤ ᠥᠢᠯᠡᠰ ᠢ᠋ ᠠᠭᠤᠰᠤᠯᠴᠠᠭᠤᠯᠤᠨ ᠬᠦᠭ᠌ᠵᠢᠭᠦᠯᠬᠦ᠌》 ᠵᠠᠰᠠᠯᠲᠠ ᠶ᠋ᠢᠨ ᠵᠠᠭ᠍ᠪᠤᠷ ᠢ᠋ ᠤᠯᠠᠮ ᠱᠢᠯᠢᠳᠡᠭ᠌ᠵᠢᠭᠦᠯᠵᠤ᠂ ᠠᠮᠢ ᠠᠬᠤᠢ ᠶ᠋ᠢᠨ ᠠᠵᠤ ᠥᠢᠯᠡᠰ ᠤ᠋ᠨ ᠪᠦᠳᠦᠴᠡ᠂ ᠪᠣᠬᠢᠷᠳᠤᠯ ᠦᠭᠡᠢ ᠬᠦᠭ᠌ᠵᠢᠯᠲᠡ ᠬᠢᠬᠡᠳ ᠣᠷᠤᠨ ᠪᠦᠰᠡ ᠶ᠋ᠢᠨ ᠪᠠᠢᠭᠠᠯᠢ ᠶ᠋ᠢᠨ ᠡᠬᠢ ᠪᠠᠶᠠᠯᠢᠭ ᠤ᠋ᠨ ᠠᠰᠢᠬᠯᠠᠯᠳᠠ ᠵᠢ ᠱᠢᠨᠵᠢᠯᠡᠬᠦ᠌ ᠤᠬᠠᠭᠠᠨᠴᠢ ᠪᠠᠷ ᠰᠠᠢᠳᠤᠷ ᠵᠣᠬᠢᠴᠠᠭᠤᠯᠵᠤ᠂ 《ᠠᠮᠢ ᠠᠬᠤᠢ ᠰᠠᠢᠵᠢᠷᠠᠵᠤ ᠠᠷᠠᠳ ᠣᠯᠠᠨ ᠬᠠᠮᠳᠣ ᠪᠠᠷ ᠪᠠᠶᠠᠵᠢᠬᠤ》 ᠬᠤᠣᠰ ᠠᠮᠵᠢᠯᠲᠠ ᠵᠢ ᠪᠡᠶᠡᠯᠡᠭᠦᠯᠬᠦ᠌ ᠬᠡᠷᠡᠭ᠌ᠲᠠᠢ᠃ ᠡᠭᠦᠨ ᠤ᠋ ᠬᠠᠮᠳᠤ ᠱᠢᠨ᠎ᠡ ᠴᠢᠨᠠᠷ ᠤ᠋ᠨ ᠥᠢᠯᠡᠳᠪᠦᠷᠢᠯᠡᠯ ᠤ᠋ᠨ ᠬᠦᠴᠦᠨ ᠢ᠋ ᠭᠦᠨᠵᠡᠭᠡᠢ ᠠᠭᠤᠳᠠᠯᠤᠨ ᠬᠦᠭᠵᠢᠬᠦᠯᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠳ᠋ᠦ ᠳᠥᠱᠢᠭ᠌ᠯᠡᠨ ᠱᠢᠨ᠎ᠡ ᠮᠡᠷᠭᠡᠵᠢᠯ᠂ ᠱᠢᠨ᠎ᠡ ᠡᠯᠧᠮᠧᠨ᠋ᠲ᠂ ᠱᠢᠨ᠎ᠡ ᠲᠥᠬᠦᠭᠡᠷᠥᠮᠵᠢ᠂ ᠱᠢᠨ᠎ᠡ ᠵᠠᠭ᠍ᠪᠤᠷ ᠢ᠋ ᠰᠦᠪᠡᠭ᠌ᠴᠢᠯᠡᠵᠤ᠂ 《ᠭᠡᠷᠡᠯᠴᠢ ᠴᠡᠨᠡᠭ + ᠡᠯᠡᠰᠦ ᠵᠢ ᠵᠠᠰᠠᠬᠤ》 ᠵᠡᠷᠭᠡ ᠪᠦᠳᠦᠮᠵᠢᠲᠠᠢ ᠵᠠᠰᠠᠯᠲᠠ ᠶ᠋ᠢᠨ ᠵᠠᠭ᠍ᠪᠤᠷ ᠢ᠋ ᠭᠠᠵᠠᠷ ᠣᠷᠤᠨ ᠤ᠋ ᠪᠤᠳᠠᠳᠤ ᠪᠠᠢᠳᠠᠯ ᠳ᠋ᠠᠭᠠᠨ ᠵᠣᠬᠢᠴᠠᠭᠤᠯᠣᠨ ᠲᠡᠯᠭᠡᠷᠡᠭᠦᠯᠵᠦ᠍᠂ ᠠᠮᠢ ᠠᠬᠤᠢ ᠶ᠋ᠢᠨ ᠠᠵᠤ ᠥᠢᠯᠡᠰ ᠤ᠋ᠨ ᠬᠦᠭ᠌ᠵᠢᠯᠲᠡ ᠵᠢ ᠲᠥᠯᠥᠪᠵᠢᠭᠦᠯᠥᠨ ᠠᠬᠢᠭᠤᠯᠬᠤ ᠴᠢᠬᠤᠯᠠᠳᠠᠢ᠃
ᠭᠤᠷᠪᠠ ᠳ᠋ᠦ᠂ ᠲᠥᠷᠢᠮ ᠲᠣᠭ᠍ᠲᠠᠭᠠᠯ ᠢ᠋ ᠱᠢᠯᠢᠳᠡᠭ᠌ᠵᠢᠭᠦᠯᠵᠦ᠍᠂ ᠬᠢᠨᠠᠯᠲᠠ ᠬᠠᠮᠢᠶᠠᠷᠤᠯᠲᠠ ᠵᠢ ᠴᠢᠩᠭᠠᠳᠭᠠᠨ᠎ᠠ᠃ ᠡᠩ ᠲᠡᠷᠢᠭᠦᠨ ᠳ᠋ᠦ᠂ ᠠᠮᠢ ᠠᠬᠤᠢ ᠶ᠋ᠢᠨ ᠤᠯᠠᠭᠠᠨ ᠱᠣᠭᠤᠮ ᠤ᠋ᠨ ᠥᠢᠯᠠᠭᠠᠭ᠍ᠳᠠᠬᠤᠨ ᠢ᠋ ᠪᠠᠲᠤ ᠪᠣᠢ ᠪᠣᠯᠭᠠᠵᠤ᠂ ᠤᠯᠤᠰ ᠤ᠋ᠨ ᠭᠠᠵᠠᠷ ᠱᠢᠷᠤᠢ ᠶ᠋ᠢᠨ ᠣᠷᠤᠨ ᠵᠠᠢ ᠵᠢ ᠨᠡᠭᠡᠭᠡᠨ ᠬᠦᠭ᠌ᠵᠢᠭᠦᠯᠬᠦ᠌ ᠪᠠᠢᠷᠢᠱᠢᠭᠤᠯᠤᠯᠲᠠ ᠵᠢ ᠤᠯᠠᠮ ᠱᠢᠯᠢᠳᠡᠭ᠌ᠵᠢᠭᠦᠯᠤᠨ᠂ ᠠᠮᠢ ᠠᠬᠤᠢ ᠵᠢ ᠬᠠᠮᠠᠭᠠᠯᠠᠬᠤ ᠪᠠ ᠠᠵᠤ ᠥᠢᠯᠡᠰ ᠢ᠋ ᠬᠦᠭ᠌ᠵᠢᠭᠦᠯᠬᠦ᠌ ᠵᠢ ᠱᠢᠨᠵᠢᠯᠡᠬᠦ᠌ ᠤᠬᠠᠭᠠᠨᠴᠢ ᠪᠠᠷ ᠵᠣᠬᠢᠴᠠᠭᠤᠯᠵᠤ᠂ ᠣᠷᠴᠢᠨ ᠲᠣᠭᠤᠷᠢᠨ ᠢ᠋ ᠥᠷᠡᠭ᠌ᠳᠡᠭᠦᠯᠥᠨ ᠡᠬᠢ ᠪᠠᠶᠠᠯᠢᠭ ᠢ᠋ ᠪᠦᠷᠢᠯᠭᠡᠬᠦ᠌ ᠪᠠᠷ ᠠᠵᠤ ᠠᠬᠤᠢ ᠶ᠋ᠢᠨ ᠨᠡᠮᠡᠭ᠌ᠳᠡᠯ ᠢ᠋ ᠪᠡᠶᠡᠯᠡᠭᠦᠯᠬᠦ᠌ ᠵᠢ ᠴᠢᠩᠭ᠎ᠠ ᠴᠠᠭᠠᠵᠠᠯᠠᠨ᠂ ᠵᠣᠬᠢᠰ ᠦᠭᠡᠢ ᠠᠵᠤ ᠥᠢᠯᠡᠰ ᠤ᠋ᠨ ᠪᠦᠳᠦᠴᠡ᠂ ᠡᠬᠢ ᠪᠠᠶᠠᠯᠢᠭ ᠢ᠋ ᠠᠱᠢᠭ᠍ᠯᠠᠬᠤ ᠠᠷᠭ᠎ᠠ ᠬᠡᠯᠪᠡᠷᠢ᠂ ᠡᠨᠧᠷᠬᠢ ᠶ᠋ᠢᠨ ᠪᠦᠳᠦᠴᠡ᠂ ᠣᠷᠤᠨ ᠵᠠᠢ ᠶ᠋ᠢᠨ ᠪᠠᠢᠷᠢᠱᠢᠭᠤᠯᠤᠯᠲᠠ᠂ ᠠᠮᠢᠳᠤᠷᠠᠯ ᠤ᠋ᠨ ᠠᠷᠭ᠎ᠠ ᠬᠡᠯᠪᠡᠷᠢ ᠵᠡᠷᠬᠡ ᠵᠢ ᠦᠨᠡᠨ ᠬᠦ᠌ ᠬᠤᠪᠢᠷᠠᠭᠤᠯᠬᠤ ᠬᠡᠷᠡᠭ᠌ᠲᠠᠢ᠃ ᠲᠠᠬᠢᠪᠠᠯ᠂ ᠠᠮᠢ ᠠᠬᠤᠢ ᠶ᠋ᠢᠨ ᠵᠠᠰᠠᠯᠲᠠ ᠶ᠋ᠢᠨ ᠬᠠᠮᠢᠶᠠᠷᠤᠯᠲᠠ ᠪᠠ ᠬᠢᠨᠠᠯᠲᠠ ᠲᠠᠯᠪᠢᠬᠤ ᠱᠢᠰᠲ᠋ᠧᠮ ᠢ᠋ ᠪᠦᠷᠢᠨᠱᠢᠭᠦᠯᠵᠦ᠍᠂ ᠤᠷᠳᠤ ᠬᠤᠭᠤᠴᠠᠭᠠᠨ ᠤ᠋ ᠪᠦᠳᠦᠮᠵᠢᠲᠠᠢ ᠪᠠᠲᠤᠯᠠᠭ᠎ᠠ ᠶ᠋ᠢᠨ ᠲᠣᠭ᠍ᠳᠠᠴᠠ ᠵᠢ ᠪᠠᠬᠢᠵᠢᠭᠦᠯᠬᠦ ᠴᠢᠬᠤᠯᠠᠳᠠᠢ᠃ ᠠᠮᠢ ᠠᠬᠤᠢ ᠶ᠋ᠢᠨ ᠬᠠᠮᠠᠭᠠᠯᠠᠯᠲᠠ ᠶ᠋ᠢᠨ ᠤᠯᠠᠭᠠᠨ ᠱᠣᠭᠤᠮ ᠢ᠋ ᠬᠢᠨᠠᠨ ᠬᠠᠮᠢᠶᠠᠷᠬᠤ ᠳᠠᠪᠴᠠᠩ ᠢ᠋ ᠪᠠᠢᠭᠤᠯᠤᠨ᠂ ᠰᠠᠯᠠᠭ᠎ᠠ ᠮᠦᠴᠢᠷ ᠠᠯᠤᠰᠯᠠᠨ ᠬᠠᠮᠵᠢᠯᠴᠠᠬᠤ ᠬᠠᠤᠯᠢ ᠬᠡᠷᠡᠭ᠌ᠵᠢᠭᠦᠯᠬᠦ᠌ ᠡᠩᠨᠡᠭᠡ ᠵᠢ ᠵᠣᠬᠢᠶᠠᠨ ᠪᠠᠢᠭᠤᠯᠵᠤ᠂ ᠲᠥᠷᠢᠮ ᠲᠣᠭ᠍ᠲᠠᠭᠠᠯ ᠢ᠋ᠶ᠋ᠠᠨ ᠤᠯᠠᠮ ᠱᠢᠯᠢᠳᠡᠭ᠌ᠵᠢᠭᠦᠯᠤᠨ᠂ ᠬᠢᠨᠠᠯᠲᠠ ᠬᠠᠮᠢᠶᠠᠷᠤᠯᠲᠠ ᠵᠢ ᠨᠡᠩ ᠴᠢᠩᠭᠠᠳᠭᠠᠪᠠᠯ ᠵᠣᠬᠢᠨ᠎ᠠ᠃ ᠢᠯᠠᠩᠭᠤᠶ᠎ᠠ ᠮᠠᠯ ᠪᠡᠯᠴᠢᠭᠡᠷ ᠢ᠋ ᠳᠡᠩᠴᠡᠭᠦᠷᠢᠱᠢᠭᠦᠯᠬᠦ᠂ ᠤᠰᠤᠨ ᠤ᠋ ᠡᠬᠢ ᠪᠠᠶᠠᠯᠢᠭ ᠢ᠋ ᠬᠠᠮᠠᠭᠠᠯᠠᠬᠤ᠂ ᠠᠮᠢ ᠠᠬᠤᠢ ᠶ᠋ᠢᠨ ᠠᠮᠤᠷ ᠲᠥᠪᠱᠢᠨ ᠤ᠋ ᠬᠠᠯᠬᠠᠪᠴᠢ ᠵᠢ ᠪᠠᠬᠢᠵᠢᠭᠦᠯᠬᠦ᠌ ᠵᠡᠷᠭᠡ ᠲᠠᠯ᠎ᠠ ᠪᠠᠷ ᠴᠢᠩᠭ᠎ᠠ ᠬᠢᠨᠠᠯᠲᠠ ᠲᠠᠯᠪᠢᠵᠤ᠂ ᠣᠯᠠᠨ ᠲᠥᠮᠡᠨ ᠤ᠋ ᠢᠳᠡᠪᠬᠢ ᠴᠢᠨᠠᠷ ᠢ᠋ ᠭᠦᠢᠴᠡᠳ ᠲᠠᠢᠴᠢᠯᠠᠨ᠂ ᠬᠠᠮᠳᠤ ᠪᠠᠷ ᠪᠠᠢᠭᠤᠯᠵᠤ ᠬᠠᠮᠳᠤ ᠪᠠᠷ ᠵᠠᠰᠠᠵᠤ ᠬᠠᠮᠳᠤ ᠪᠠᠷ ᠡᠳ᠋ᠯᠡᠵᠦ᠍ ᠬᠠᠮᠳᠤ ᠪᠠᠷ ᠪᠠᠶᠠᠵᠢᠬᠤ ᠵᠢ ᠵᠣᠷᠢᠭ᠍ᠵᠢᠭᠤᠯᠵᠤ᠂ ᠬᠦᠮᠥᠨ ᠬᠢᠭᠡᠳ ᠪᠠᠢᠭᠠᠯᠢ ᠡᠶ᠎ᠡ ᠵᠣᠬᠢᠴᠠᠩᠭᠤᠢ ᠪᠠᠷ ᠬᠠᠮᠳᠤ ᠣᠷᠤᠱᠢᠬᠤ ᠵᠢ ᠦᠷᠬᠡᠨ ᠲᠠᠯᠬᠡᠷ ᠵᠢᠡᠷ ᠰᠣᠷᠳᠠᠯᠴᠢᠯᠠᠵᠤ᠂ 《ᠣᠮᠠᠷᠠᠳᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠤ᠋ᠨ ᠴᠢᠨᠠᠷ ᠰᠠᠢᠲᠠᠢ ᠶᠠᠪᠤᠭ᠍ᠳᠠᠬᠤ ᠵᠢ ᠪᠠᠳᠤᠯᠠᠬᠤ ᠬᠡᠷᠡᠭ᠌ᠲᠠᠢ᠃
ᠪᠢᠳᠡ ᠶᠡᠷᠦᠩᠬᠡᠢ ᠱᠦᠵᠢ ᠰᠢ ᠶ᠋ᠢᠨ ᠫᠢᠩ ᠤ᠋ᠨ ᠴᠢᠩ ᠰᠡᠳᠭᠢᠯ ᠤ᠋ᠨ ᠬᠦᠰᠡᠯ ᠨᠡᠢᠳᠠᠯᠭᠠ ᠵᠢ ᠪᠠᠲᠤ ᠴᠡᠭᠡᠵᠢᠯᠡᠵᠦ᠍᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠥᠯᠥᠪᠵᠢᠭᠦᠯᠭᠡ ᠳ᠋ᠦ ᠴᠢᠭ᠌ᠯᠡᠭᠦᠯᠤᠨ᠂ ᠦᠪᠡᠷᠳᠡᠬᠡᠨ ᠵᠠᠰᠠᠬᠤ ᠤᠷᠤᠨ ᠤ᠋ ᠨᠠᠮ ᠤ᠋ᠨ ᠬᠤᠷᠢᠶ᠎ᠠ ᠵᠢᠨ 《1571》 ᠠᠵᠢᠯ ᠤ᠋ᠨ ᠪᠠᠢᠷᠢᠯᠠᠭᠤᠯᠤᠯᠲᠠ ᠵᠢ ᠭᠦᠨᠵᠡᠭᠡᠢ ᠨᠡᠢᠳᠠᠪᠤᠷᠢᠵᠢᠭᠤᠯᠵᠤ᠂ ᠮᠣᠩᠭᠤᠯ ᠮᠣᠷᠢᠨ ᠤ᠋ ᠵᠣᠷᠢᠭ ᠰᠠᠨᠠᠭ᠎ᠠ ᠪᠤᠯᠤᠨ 《ᠣᠮᠠᠷᠠᠳᠤ ᠶ᠋ᠢᠨ ᠭᠤᠷᠪᠠᠨ ᠣᠷᠤᠨ ᠤ᠋ ᠵᠣᠷᠢᠭ ᠰᠠᠨᠠᠭ᠎ᠠ》 ᠶ᠋ᠢ ᠭᠦᠢᠴᠡᠳ ᠪᠠᠳᠠᠷᠠᠭᠤᠯᠤᠨ᠂ ᠬᠠᠷᠢᠭᠤᠴᠠᠯᠭᠠᠳᠤ ᠰᠡᠳᠭᠢᠯᠭᠡ ᠪᠠ ᠲᠣᠯᠭᠠᠮ ᠰᠡᠳᠭᠢᠯᠭᠡ ᠪᠠᠨ ᠴᠢᠩᠭᠠᠳᠭᠠᠵᠤ᠂ ᠬᠦᠴᠢᠷ ᠪᠡᠷᠬᠡᠱᠢᠶᠡᠯ ᠡᠴᠡ ᠦᠯᠦ ᠡᠮᠢᠶᠡᠨ ᠴᠦᠬᠦᠷᠡᠰᠢ ᠦᠭᠡᠢ ᠴᠢᠷᠮᠠᠢᠬᠤ ᠳ᠋ᠤ ᠬᠦᠷᠪᠡᠯ 《ᠣᠮᠠᠷᠠᠳᠤ ᠶ᠋ᠢᠨ ᠭᠤᠷᠪᠠᠨ ᠣᠷᠤᠨ》 ᠤ᠋ ᠢᠨᠵᠧᠨᠧᠷᠢᠩ ᠤ᠋ᠨ ᠪᠣᠭᠤᠮᠲᠠ ᠱᠢᠪᠳᠤᠯᠬᠤ ᠲᠠᠢᠯᠠᠯᠳᠤᠭᠠᠨ ᠤ᠋ ᠢᠯᠠᠯᠲᠠ ᠵᠢ ᠣᠯᠬᠤ ᠨᠢ ᠯᠠᠪᠳᠠᠢ᠂ ᠦᠷᠬᠡᠨ ᠠᠭᠤᠳᠠᠮ ᠦᠪᠤᠷ ᠮᠤᠩᠭᠤᠯ ᠳ᠋ᠤ ᠡᠪᠳᠡᠷᠡᠰᠢ ᠦᠭᠡᠢ ᠪᠠᠲᠤ ᠪᠠᠬᠢ ᠨᠣᠮᠢᠨ ᠨᠣᠭᠤᠭᠠᠨ 《ᠤᠷᠳᠤ ᠴᠠᠭᠠᠨ ᠬᠡᠷᠡᠮ》 ᠰᠡᠬᠦᠢᠨ ᠰᠦᠨᠳᠡᠷᠯᠡᠬᠦ ᠨᠢ ᠯᠠᠪᠳᠠᠢ᠃
(ᠵᠣᠬᠢᠶᠠᠭ᠍ᠴᠢ ᠶ᠋ᠢᠨ ᠬᠠᠶᠢᠭ᠄ ᠦᠪᠦᠷ ᠮᠣᠩᠭᠤᠯ ᠤ᠋ᠨ ᠦᠪᠡᠷᠳᠡᠭᠡᠨ ᠵᠠᠰᠠᠬᠤ ᠣᠷᠤᠨ ᠤ᠋ ᠨᠡᠢᠭᠡᠮ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ)