ᠨᠠᠢᠷᠠᠭᠤᠯᠤᠭᠴᠢ ᠵᠢᠨ ᠦᠬᠡ᠄
2025 ᠤᠨ ᠪᠤᠯᠬᠤ ᠳ᠋ᠤ ᠂ ᠮᠠᠨ ᠤ᠋ ᠤᠷᠤᠨ ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠳ᠋ᠤ ᠰᠢᠪᠳᠤᠯᠤᠯᠳᠠ ᠵᠢᠨ ᠴᠢᠨᠠᠷᠳᠠᠢ ᠦᠷ᠎ᠠ ᠪᠦᠳᠦᠬᠡᠯ ᠤᠯᠪᠠ᠃ ᠡᠬᠦᠨ ᠳ᠋ᠤ ᠦᠪᠤᠷ ᠮᠤᠩᠭᠤᠯ ᠤ᠋ᠨ ᠡᠳᠤᠷ ᠤ᠋ᠨ ᠰᠤᠨᠢᠨ ᠲᠠᠷᠤᠢ ᠳ᠋ᠤᠨᠢ ᠮᠡᠳᠡᠬᠡᠯᠡᠯ ᠨᠡᠢᠳᠡᠯᠡᠵᠤ᠂ ᠡᠨᠡ ᠬᠦ᠌ ᠪᠠᠶᠠᠷ ᠤ᠋ᠨ ᠴᠢᠮᠡᠬᠡ ᠵᠢ ᠲᠦᠮᠡᠨ ᠤᠯᠠᠨ ᠳ᠋ᠤ ᠲᠠᠮᠵᠢᠭᠤᠯᠤᠭᠰᠠᠨ ᠶᠤᠮ᠃
2015 ᠣᠨ ᠳ᠋ᠦ ᠥᠪᠥᠷ ᠮᠣᠩᠭᠣᠯ ᠤ᠋ᠨ ᠶᠡᠬᠡ ᠰᠤᠷᠭᠠᠭᠤᠯᠢ ᠰᠢᠯᠢ ᠵᠢᠨ ᠭᠤᠤᠯ ᠠᠢᠮᠠᠭ ᠲᠠᠢ ᠬᠠᠮᠲᠤᠷᠠᠨ ᠲᠤᠰ ᠰᠤᠳᠤᠯᠭᠠᠨ ᠢ᠋ ᠡᠬᠢᠯᠡᠭᠦᠯᠵᠤ᠂ ᠲᠦᠷᠦᠯ ᠵᠤᠢᠯ ᠤ᠋ᠨ ᠪᠦᠯᠬᠦᠮ ᠤ᠋ᠨ ᠬᠢᠨ 10 ᠵᠢᠯ ᠤ᠋ᠨ ᠲᠤᠷᠰᠢ ᠰᠥᠨᠢᠳ ᠬᠣᠨᠢ᠂ ᠦᠵᠦᠮᠦᠴᠢᠨ ᠬᠣᠨᠢ᠂ ᠬᠦᠯᠦᠨ ᠪᠤᠢᠷ ᠬᠤᠨᠢ ᠵᠡᠷᠭᠡ ᠢᠬᠡᠷᠡᠯᠡᠭᠰᠡᠨ ᠪᠤᠶᠤ ᠤᠯᠠᠨ ᠲᠦᠯᠯᠡᠭᠰᠡᠨ ᠤᠯᠤᠰ ᠤ᠋ᠨ ᠳᠣᠲᠣᠭᠠᠳᠤ ᠭᠠᠳᠠᠭᠠᠳᠤ ᠵᠢᠨ 44 ᠮᠢᠬᠠᠨ ᠤ᠋ ᠬᠣᠨᠢ ᠵᠢᠨ ᠡᠭᠦᠯᠳᠡᠷ ᠤ᠋ᠨ 2000 ᠭᠠᠷᠤᠶ ᠬᠤᠪᠢ ᠭᠧᠨ ᠤ᠋ ᠥᠯᠢᠭᠡᠷ ᠡᠳ᠋ ᠢ᠋ ᠴᠤᠭ᠍ᠯᠠᠭᠤᠯᠤᠭᠰᠠᠨ ᠪᠦᠬᠡᠳ ᠮᠣᠩᠭᠣᠯ ᠬᠣᠨᠢ ᠳ᠋ᠦ ᠦᠷᠡᠵᠢᠯ ᠰᠠᠢᠳᠠᠢ ᠤᠳᠤᠮ ᠤ᠋ᠨ ᠭᠧᠨ(FecB)ᠠᠭᠤᠯᠤᠭ᠍ᠳᠠᠵᠤ ᠪᠠᠢᠬᠤ ᠵᠢ ᠠᠩᠬ᠎ᠠ ᠤᠳᠠᠭ᠎ᠠ ᠭᠡᠷᠡᠴᠢᠯᠡᠵᠤ᠂ ᠮᠣᠩᠭᠣᠯ ᠬᠣᠨᠢ ᠵᠢᠨ ᠣᠨᠴᠠᠭᠠᠶ ᠦᠷᠡᠵᠢᠯ ᠤ᠋ᠨ ᠴᠢᠳᠠᠪᠤᠷᠢ ᠪᠥᠬᠥᠶ 10 ᠭᠠᠷᠤᠶ ᠵᠢᠱ᠌ᠢᠮᠠᠯ ᠭᠧᠨ ᠪᠤᠯᠤᠨ 20 ᠭᠠᠷᠤᠶ ᠬᠧᠨ ᠤ᠋ ᠬᠤᠪᠢᠰᠤᠯᠳᠠ ᠵᠢᠨ ᠴᠡᠭ ᠢ᠋ ᠢᠯᠡᠷᠡᠬᠦᠯᠵᠠᠢ᠃ ᠲᠡᠷᠡ ᠮᠦᠷᠳᠡᠬᠡᠨ ᠪᠥᠬᠥ᠌ ᠳᠡᠯᠡᠬᠡᠶ ᠵᠢᠨ ᠠᠩᠬᠠᠳᠠᠭ᠍ᠴᠢ ᠮᠣᠩᠭᠣᠯ ᠬᠣᠨᠢ ᠵᠢᠨ ᠦᠷᠡᠵᠢᠯ ᠤ᠋ᠨ ᠭᠧᠨ ᠢ᠋ ᠱᠢᠯᠭᠠᠨ ᠪᠠᠢᠴᠠᠭᠠᠬᠤ ᠳᠤᠤᠷ᠎ᠠ ᠨᠢᠭ᠍ᠲᠠᠴᠠ ᠪᠦᠬᠦᠢ SNP ᠭᠧᠨ ᠤ᠋ ᠴᠢᠫ ᠢ᠋ ᠪᠡᠶ᠎ᠡ ᠪᠡᠨ ᠳᠠᠭᠠᠭᠠᠨ ᠰᠤᠳᠤᠯᠤᠨ ᠦᠶ᠋ᠯᠡᠳᠴᠦ᠍᠂ ᠦᠨᠳᠤᠷ ᠪᠦᠳᠦᠮᠵᠢᠳᠠᠢ ᠪᠡᠷ ᠦᠷᠡᠵᠢᠬᠦᠯᠦᠨ ᠪᠤᠢᠵᠢᠭᠤᠯᠬᠤ ᠮᠡᠷᠬᠡᠵᠢᠯ ᠤ᠋ᠨ ᠰᠢᠰᠲᠸᠮ ᠢ᠋ ᠪᠠᠢᠭᠤᠯᠪᠠ᠃ ᠲᠠᠬᠡᠬᠡᠳ ᠲᠤᠰ ᠰᠤᠳᠤᠯᠭᠠᠨ ᠢ᠋ ᠪᠤᠳᠠᠳᠤ ᠦᠢᠯᠡᠳᠪᠤᠷᠢᠯᠡᠯ ᠳ᠋ᠤ ᠠᠰᠢᠬᠯᠠᠨ᠂ ᠤᠳᠤ ᠮᠤᠩᠭᠤᠯ ᠬᠤᠨᠢ ᠵᠢᠨ ᠡᠬᠦᠯᠳᠡᠷ ᠪᠤᠢᠵᠢᠭᠤᠯᠬᠤ ᠭᠤᠤᠯᠳᠠᠯᠭᠠᠳᠤ ᠰᠦᠷᠦᠭ ᠤ᠋ᠨ ᠢᠬᠡᠷᠡᠯᠡᠬᠦ ᠨᠤᠷᠮ᠎ᠠ 52% ᠲᠦ᠍ ᠬᠦᠷᠴᠤ᠂ ᠮᠤᠩᠭᠤᠯ ᠬᠤᠨᠢ ᠵᠢᠨ ᠦᠷᠡᠵᠢᠯᠳᠠ ᠵᠢᠨ ᠨᠤᠷᠮ᠎ᠠ ᠵᠢ ᠲᠠᠬᠡᠭᠰᠢᠯᠡᠬᠦᠯᠬᠦ《ᠪᠤᠭᠤᠮᠢ》 ᠵᠢ ᠰᠢᠪᠳᠤᠯᠪᠠ᠃
2026 ᠤᠨ ᠤ᠋ 5 ᠰᠠᠷ᠎ᠠ ᠶ᠋ᠢᠨ 9 ᠤ᠋ ᠡᠳᠦᠷ᠂ ᠲᠤᠰ ᠰᠤᠳᠤᠯᠭᠠᠨ ᠳ᠋ᠤ ᠰᠠᠭᠤᠷᠢᠯᠠᠭᠰᠠᠨ ᠠᠩᠬᠠᠳᠤᠭᠠᠷ ᠬᠤᠭᠤᠴᠠᠭᠠᠨ ᠤ᠋ ᠦᠷᠡᠵᠢᠯ ᠰᠠᠢᠲᠠᠶ ᠬᠣᠨᠢᠨ ᠤ᠋ ᠣᠲᠣ ᠦᠶ᠎ᠠ ᠵᠢᠨ ᠡᠭᠦᠯᠳᠡᠷ ᠪᠣᠢᠵᠢᠭᠤᠯᠬᠤ ᠪᠠ ᠲᠡᠵᠢᠭᠡᠨ ᠦᠷᠡᠵᠢᠭᠦᠯᠬᠦ᠌ ᠮᠡᠷᠭᠡᠵᠢᠯ ᠤ᠋ᠨ ᠰᠤᠳᠤᠯᠤᠨ ᠶᠠᠷᠢᠯᠴᠠᠬᠤ ᠬᠤᠷᠠᠯ ᠵᠢᠴᠢ 《 ᠢᠬᠡᠷ᠎ᠠ ᠲᠦᠯᠯᠡᠳᠡᠭ ᠦᠵᠦᠮᠦᠴᠢᠨ ᠬᠤᠨᠢ ᠪᠤᠯᠤᠨ ᠰᠦᠨᠢᠳ ᠬᠤᠨᠢ ᠵᠢᠨ ᠰᠢᠨ᠎ᠠ ᠤᠳᠤᠮ ᠤ᠋ᠨ ᠴᠢᠬᠤᠯᠠ ᠶᠡᠬᠡ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠦᠷ᠎ᠠ ᠪᠦᠳᠦᠭᠡᠯ ᠢ᠋ ᠤᠨᠳᠤᠤᠰᠢᠭᠤᠯᠬᠤ ᠵᠢᠱ᠌ᠢᠶᠠ ᠦᠵᠡᠬᠦᠯᠬᠦ ᠲᠦᠷᠦᠯ ᠵᠦᠢᠯ》ᠢ᠋ ᠠᠬᠢᠭᠤᠯᠬᠤ ᠬᠤᠷᠠᠯ ᠬᠥᠬᠡᠬᠣᠲᠠ ᠳ᠋ᠦ ᠶᠠᠪᠤᠭᠳᠠᠵᠤ ᠂ ᠬᠤᠷᠠᠯ ᠳ᠋ᠤ ᠤᠷᠤᠯᠴᠠᠭᠰᠠᠳ ᠡᠮᠦᠨᠡᠬᠢ ᠬᠤᠭᠤᠴᠠᠭᠠᠨ ᠤ᠋ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠦᠷ᠎ᠡ ᠪᠦᠲᠦᠭᠡᠯ ᠢ᠋ ᠦᠨᠡᠯᠡᠨ ᠳ᠋ᠦᠩᠨᠡᠭᠰᠠᠨ ᠪᠦᠬᠡᠳ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ ᠪᠤᠳᠠᠳᠠᠢ ᠳ᠋ᠤ ᠰᠠᠢᠳᠤᠷ ᠨᠠᠢᠳᠠᠪᠤᠷᠢᠵᠢᠭᠤᠯᠬᠤ ᠂ ᠮᠢᠬᠠᠨ ᠤ᠋ ᠬᠣᠨᠢ ᠵᠢᠨ ᠠᠵᠤ ᠦᠶ᠋ᠯᠡᠰ ᠤ᠋ᠨ ᠦᠪᠡᠷ ᠤ᠋ᠨ ᠦᠷᠳᠡᠭ ᠢ᠋ ᠪᠠᠭᠤᠷᠠᠭᠤᠯᠤᠨ ᠦᠷ᠎ᠡ ᠠᠱᠢᠭ ᠢ᠋ ᠨᠡᠮᠡᠭ᠌ᠳᠡᠭᠦᠯᠬᠦ᠌ ᠂ ᠦᠷ᠎ᠡ ᠶ᠋ᠢᠨ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤ ᠪᠠ ᠨᠤᠲᠤᠭ ᠪᠡᠯᠴᠢᠭᠡᠷ ᠤ᠋ᠨ ᠠᠮᠢ ᠠᠬᠤᠶ ᠶ᠋ᠢ ᠬᠠᠮᠠᠭᠠᠯᠠᠬᠤ ᠲᠠᠯ᠎ᠠ ᠪᠡᠷ ᠰᠤᠳᠤᠯᠤᠨ ᠶᠠᠷᠢᠯᠴᠠᠭᠰᠠᠨ ᠪᠠᠢᠨ᠎ᠠ᠃
ᠦᠪᠦᠷ ᠮᠤᠨᠭᠭᠤᠯ ᠪᠣᠯ ᠮᠠᠨ ᠤ᠋ ᠤᠯᠤᠰ ᠤ᠋ᠨ ᠤᠮᠠᠷᠠᠲᠤ ᠶ᠋ᠢᠨ ᠴᠢᠬᠤᠯᠠ ᠠᠮᠢ ᠠᠬᠤᠶ ᠶ᠋ᠢᠨ ᠠᠮᠤᠷ ᠲᠦᠪᠱᠢᠨ ᠤ᠋ ᠬᠠᠯᠬᠠᠪᠴᠢ ᠪᠠ ᠤᠯᠤᠰ ᠤ᠋ᠨ ᠴᠢᠬᠤᠯᠠ ᠪᠣᠬᠢᠷᠲᠤᠯ ᠥᠬᠡᠶ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠦᠶ᠋ᠯᠡᠳᠪᠦᠷᠢᠯᠡᠯ ᠤ᠋ᠨ ᠰᠠᠭᠤᠷᠢᠨ ᠪᠤᠯᠤᠨ᠎ᠠ᠃ ᠦᠵᠦᠮᠦᠴᠢᠨ ᠬᠣᠨᠢ ᠪᠤᠯᠤᠨ ᠰᠥᠨᠢᠳ ᠬᠣᠨᠢ ᠪᠤᠯ ᠦᠪᠦᠷ ᠮᠤᠨᠭᠭᠤᠯ ᠤ᠋ᠨ 2 ᠶᠡᠬᠡ ᠪᠡᠯᠭᠡ ᠲᠡᠮᠳᠡᠭ ᠤ᠋ᠨ ᠴᠢᠨᠠᠷᠲᠠᠶ ᠣᠷᠣᠨ ᠨᠤᠲᠤᠭ ᠤ᠋ᠨ ᠱᠢᠯᠢᠳᠡᠭ ᠡᠬᠦᠯᠳᠡᠷ ᠤ᠋ᠨ ᠬᠣᠨᠢ ᠪᠤᠯᠬᠤ ᠪᠦᠬᠡᠳ ᠵᠠᠭᠤ ᠮᠢᠩᠭᠠᠨ ᠵᠢᠯ ᠤ᠋ᠨ ᠲᠤᠷᠰᠢ ᠰᠢᠯᠢᠭᠳᠡᠨ ᠦᠯᠡᠳᠡᠭᠰᠡᠨ ᠬᠣᠪᠣᠷ ᠨᠠᠨᠳᠢᠨ ᠮᠠᠯ ᠵᠢᠭᠦᠷᠲᠡᠨ ᠤ᠋ ᠤᠳᠤᠮᠯᠠᠯ ᠤ᠋ᠨ ᠡᠬᠢ ᠪᠠᠶᠠᠯᠢᠭ ᠪᠠᠢᠵᠦ᠂ 《ᠱᠢᠯᠢ ᠶ᠋ᠢᠨ ᠭᠤᠤᠯ ᠤ᠋ᠨ ᠬᠣᠨᠢ》 ᠵᠢᠨ ᠣᠷᠣᠨ ᠪᠦᠰᠡ ᠶ᠋ᠢᠨ ᠨᠡᠢᠲᠡ ᠶ᠋ᠢᠨ ᠬᠡᠷᠡᠭ᠌ᠯᠡᠭᠡᠨ ᠤ᠋ ᠲᠦᠷᠦᠯ ᠲᠡᠮᠳᠡᠭ ᠤ᠋ᠨ ᠲᠤᠯᠭᠠᠭᠤᠷᠢᠯᠠᠯ ᠪᠤᠯᠤᠭᠰᠠᠨ ᠤ᠋ ᠤᠯᠠᠮ ᠢ᠋ᠶ᠋ᠡᠷ ᠮᠠᠯᠴᠢᠨ ᠲᠦᠮᠡᠨ ᠤ᠋ ᠣᠷᠣᠯᠭ᠎ᠠ ᠵᠢ ᠨᠡᠮᠡᠭ᠌ᠳᠡᠭᠦᠯᠬᠦ᠌᠂ ᠮᠠᠯ ᠤ᠋ᠨ ᠠᠰᠢᠭ ᠰᠢᠮ᠎ᠠ ᠵᠢᠨ ᠦᠢᠯᠡᠳᠪᠤᠷᠢᠯᠡᠯ ᠤ᠋ᠨ ᠰᠠᠭᠤᠷᠢᠨ ᠢ᠋ ᠬᠦᠴᠦᠷᠬᠡᠭᠵᠢᠬᠦᠯᠬᠦ 《ᠦᠪ ᠬᠦᠷᠦᠩᠬᠡ 》 ᠪᠤᠯᠵᠠᠢ᠃
ᠮᠤᠩᠭᠤᠯ ᠬᠤᠨᠢ ᠵᠢᠨ ᠢᠬᠡᠷᠡᠯᠡᠬᠦ ᠨᠤᠷᠮ᠎ᠠ ᠮᠠᠰᠢ ᠲᠤᠤᠷ᠎ᠠ ᠪᠠᠢᠵᠤ᠂ ᠶᠡᠷᠤ ᠨᠢ 1% — 3% ᠯᠡ ᠬᠦᠷᠳᠡᠭ᠃ ᠤᠷᠲᠤ ᠬᠤᠭᠤᠴᠠᠭᠠᠨ ᠤ᠋ ᠲᠤᠷᠰᠢ᠂ ᠦᠵᠦᠮᠦᠴᠢᠨ ᠬᠣᠨᠢ ᠪᠠ ᠰᠥᠨᠢᠳ ᠬᠣᠨᠢ ᠵᠢᠨ ᠦᠷᠡᠵᠢᠯᠲᠡ ᠶ᠋ᠢᠨ ᠨᠤᠷᠮ᠎ᠠ ᠳᠣᠣᠷ᠎ᠠ ᠪᠠᠢᠬᠤ ᠠᠰᠠᠭᠤᠳᠠᠯ ᠨᠢ ᠮᠢᠬᠠᠨ ᠤ᠋ ᠬᠤᠨᠢ ᠵᠢᠨ ᠠᠵᠤ ᠦᠢᠯᠡᠰ ᠤ᠋ᠨ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠨᠡᠮᠡᠭ᠌ᠳᠡᠭᠦᠯᠬᠦ᠌᠂ ᠮᠠᠯᠴᠢᠳ ᠤ᠋ᠨ ᠣᠷᠣᠯᠭ᠎ᠠ ᠵᠢ ᠲᠣᠭ᠍ᠲᠠᠭᠤᠨ ᠢ᠋ᠶ᠋ᠠᠷ ᠨᠡᠮᠡᠭ᠌ᠳᠡᠭᠦᠯᠬᠦ᠌᠂ ᠨᠤᠲᠤᠭ ᠪᠡᠯᠴᠢᠭᠡᠷ ᠤ᠋ᠨ ᠠᠮᠢ ᠠᠬᠤᠢ ᠶ᠋ᠢᠨ ᠳᠠᠷᠤᠭᠠᠰᠤ ᠵᠢ ᠬᠥᠩᠭᠡᠷᠡᠭᠦᠯᠬᠦ᠌ ᠵᠢ ᠬᠢᠵᠠᠭᠠᠷᠯᠠᠬᠤ ᠪᠣᠭᠣᠮᠢ ᠪᠣᠯᠤᠭ᠍ᠰᠠᠭᠠᠷ ᠢᠷᠡᠵᠦ᠂ ᠦᠪᠦᠷ ᠮᠤᠨᠭᠭᠤᠯ ᠤ᠋ᠨ ᠮᠠᠯ ᠠᠵᠤ ᠠᠬᠤᠢ ᠶ᠋ᠢᠨ ᠦᠷ᠎ᠡ ᠶ᠋ᠢᠨ ᠦᠢᠯᠡᠰ ᠢ᠋ ᠬᠥᠭ᠌ᠵᠢᠭᠦᠯᠬᠦ᠌᠂ ᠮᠠᠯ ᠠᠵᠤ ᠠᠬᠤᠢ ᠶ᠋ᠢᠨ ᠬᠥᠭ᠌ᠵᠢᠯᠲᠡ ᠶ᠋ᠢᠨ ᠬᠦᠴᠢᠷ ᠰᠡᠳᠦᠪ ᠢ᠋ ᠱᠢᠢᠳᠪᠦᠷᠢᠯᠡᠬᠦ᠌ ᠭᠣᠣᠯᠳᠠᠯᠭ᠎ᠠ ᠲᠠᠶ ᠱᠢᠪᠲᠤᠯᠤᠯᠲᠠ ᠶ᠋ᠢᠨ ᠴᠢᠭ᠌ᠯᠡᠯ ᠪᠣᠯᠤᠭᠰᠠᠨ ᠶᠤᠮ᠃

ᠰᠤᠳᠤᠯᠭᠠᠨ ᠤ᠋ ᠪᠦᠯᠬᠦᠮ ᠤ᠋ᠨ ᠳᠠᠭᠠᠭᠤᠯᠤᠭᠴᠢ ᠦᠪᠦᠷ ᠮᠤᠩᠭᠤᠯ ᠤ᠋ᠨ ᠶᠡᠬᠡ ᠰᠤᠷᠭᠠᠭᠤᠯᠢ ᠶ᠋ᠢᠨ ᠫᠷᠤᠹᠧᠰᠰᠤᠷ ᠲᠦᠩ ᠪᠢᠨ ᠢᠯᠡᠳᠭᠡᠯ ᠬᠢᠵᠦ ᠪᠠᠢᠭ᠎ᠠ ᠨᠢ
《ᠪᠢᠳᠡ 2015 ᠣᠨ ᠡᠴᠡ ᠡᠬᠢᠯᠡᠨ ᠰᠠᠨᠠᠭᠠᠴᠢᠯᠠᠭ᠎ᠠ ᠲᠠᠢ ᠪᠡᠷ ᠥᠪᠥᠷ ᠮᠣᠩᠭᠣᠯ ᠤ᠋ᠨ ᠶᠡᠬᠡ ᠰᠤᠷᠭᠠᠭᠤᠯᠢ ᠲᠠᠶ ᠬᠠᠮᠳᠤᠷᠠᠨ ᠣᠷᠣᠨ ᠨᠤᠲᠤᠭ ᠤ᠋ᠨ ᠰᠢᠯᠢᠳᠡᠭ ᠡᠭᠦᠯᠳᠡᠷ ᠤ᠋ᠨ ᠬᠤᠨᠢ ᠵᠢᠨ ᠦᠷᠡᠵᠢᠯ ᠰᠠᠢᠳᠠᠢ ᠤᠳᠤᠮ ᠢ᠋ ᠪᠤᠢᠵᠢᠭᠤᠯᠬᠤ ᠮᠡᠷᠭᠡᠵᠢᠯ ᠤ᠋ᠨ ᠪᠣᠭᠣᠮᠲᠠ ᠱᠢᠪᠲᠤᠯᠤᠯᠲᠠ ᠵᠢ ᠬᠦᠴᠦᠯᠡᠨ ᠠᠬᠢᠭᠤᠯᠵᠤ᠂ ᠭᠧᠨ ᠤ᠋ ᠰᠤᠩᠭᠤᠯᠳᠡ ᠰᠢᠭᠰᠢᠯᠳᠡ᠂ ᠭᠧᠨ ᠤ᠋ ᠴᠢᠫ ᠢ᠋ ᠰᠤᠳᠤᠯᠤᠨ ᠦᠢᠯᠡᠳᠬᠦ᠂ ᠭᠤᠤᠯᠳᠠᠯᠭᠠᠳᠦ ᠰᠦᠷᠦᠭ ᠢ᠋ ᠰᠣᠩᠭᠣᠨ ᠪᠣᠢᠵᠢᠭᠤᠯᠬᠤ᠂ ᠲᠤᠰᠭᠠᠶ ᠠᠱᠢᠭ ᠤ᠋ᠨ ᠦᠷ᠎ᠡ ᠪᠦᠲᠦᠭᠡᠯ ᠢ᠋ ᠤᠨᠳᠤᠤᠰᠢᠭᠤᠯᠬᠤ ᠵᠡᠷᠭᠡ ᠲᠠᠯ᠎ᠠ ᠪᠠᠷ ᠠᠯᠢ ᠣᠯᠠᠨ ᠪᠡᠯᠭᠡ ᠲᠡᠮᠳᠡᠭ ᠤ᠋ᠨ ᠴᠢᠨᠠᠷᠲᠠᠶ ᠱᠢᠪᠲᠤᠯᠤᠯᠲᠠ ᠲᠠᠶ ᠪᠣᠯᠵᠠᠢ᠃ ᠢᠯᠠᠩᠭᠤᠶ᠎ᠠ ᠦᠷᠡᠵᠢᠯᠰᠠᠢᠳᠠᠢ ᠦᠵᠦᠮᠦᠴᠢᠨ ᠬᠣᠨᠢ ᠵᠢᠨ ᠤᠳᠤᠮ ᠤ᠋ᠨ ᠬᠢᠨᠠᠨ ᠲᠣᠭ᠍ᠲᠠᠭᠠᠯᠲᠠ ᠵᠢ ᠤᠷᠤᠭ᠍ᠰᠢᠲᠠᠶ ᠪᠡᠶᠡᠯᠡᠬᠦᠯᠵᠦ᠂ ᠦᠷᠡᠵᠢᠯ ᠰᠠᠢᠳᠠᠢ ᠦᠵᠦᠮᠦᠴᠢᠨ ᠬᠣᠨᠢ ᠵᠢ ᠬᠡᠪᠴᠢᠶᠡᠵᠢᠭᠦᠯᠦᠨ ᠪᠣᠢᠵᠢᠭᠤᠯᠬᠤ ᠳ᠋ᠦ ᠪᠠᠲᠤ ᠰᠠᠭᠤᠷᠢ ᠵᠢ ᠲᠠᠯᠪᠢᠪᠠ》 ᠭᠡᠵᠦ ᠰᠢᠯᠢ ᠶ᠋ᠢᠨ ᠭᠤᠤᠯ ᠠᠢᠮᠠᠭ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠲᠤᠪᠴᠢᠶ᠎ᠠ ᠶ᠋ᠢᠨ ᠳᠡᠳ᠋ ᠳᠠᠷᠤᠭ᠎ᠠ ᠠᠯᠳᠠᠠᠠᠠᠭᠤᠯᠠ ᠬᠡᠯᠡᠨ᠎ᠠ᠃
ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠪᠤᠭᠤᠮᠳᠠ ᠱᠢᠪᠲᠤᠯᠬᠤ ᠰᠤᠳᠤᠯᠭᠠᠨ ᠰᠢᠪᠳᠤᠯᠤᠯᠳᠠ ᠵᠢᠨ ᠴᠢᠨᠠᠷᠳᠠᠢ ᠦᠷ᠎ᠠ ᠪᠦᠳᠦᠬᠡᠯ ᠤᠯᠵᠤ᠂ ᠨᠢᠬᠡᠨᠳᠡ ᠦᠷᠡᠵᠢᠯ ᠰᠠᠢᠳᠠᠢ ᠮᠤᠩᠭᠤᠯ ᠬᠤᠨᠢ ᠵᠢ ᠦᠨᠳᠤᠷ ᠪᠦᠳᠦᠮᠵᠢᠳᠠᠢ ᠪᠡᠷ ᠦᠷᠡᠵᠢᠬᠦᠯᠦᠨ ᠪᠤᠢᠵᠢᠭᠤᠯᠬᠤ ᠮᠡᠷᠬᠡᠵᠢᠯ ᠤ᠋ᠨ ᠰᠢᠰᠲᠸᠮ ᠢ᠋ ᠪᠠᠢᠭᠤᠯᠪᠠ᠃ ᠲᠤᠰ ᠤᠳᠠᠭ᠎ᠠ ᠶ᠋ᠢᠨ ᠰᠤᠳᠤᠯᠤᠨ ᠶᠠᠷᠢᠯᠴᠠᠬᠤ ᠬᠤᠷᠠᠯ ᠪᠣᠯᠤᠨ ᠲᠦᠷᠦᠯ ᠵᠦᠢᠯ ᠢ᠋ ᠠᠬᠢᠭᠤᠯᠬᠤ ᠬᠤᠷᠠᠯ ᠨᠢ ᠥᠨᠳᠥᠷ ᠲᠦᠪᠱᠢᠨ ᠪᠦᠬᠦᠢ ᠮᠡᠷᠭᠡᠵᠢᠯ ᠤ᠋ᠨ ᠰᠣᠯᠢᠯᠴᠠᠭᠠᠨ ᠤ᠋ ᠲᠠᠪᠴᠠᠩ᠂ ᠦᠢᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ ᠤ᠋ ᠬᠠᠮᠲᠤᠷᠠᠯᠴᠠᠭ᠎ᠠ ᠵᠢᠨ ᠲᠠᠪᠴᠠᠩ ᠪᠣᠯᠤᠨ ᠦᠷ᠎ᠡ ᠪᠦᠲᠦᠭᠡᠯ ᠢ᠋ ᠣᠨᠳᠣᠣᠱᠢᠭᠤᠯᠬᠤ ᠲᠠᠪᠴᠠᠩ ᠢ᠋ ᠪᠠᠢᠭᠤᠯᠤᠭᠰᠠᠨ ᠭᠡᠵᠦ ᠬᠤᠷᠠᠯ ᠳ᠋ᠤ ᠤᠷᠤᠯᠴᠠᠭᠰᠠᠨ ᠡᠷᠳᠡᠮᠳᠡᠨ ᠮᠡᠷᠭᠡᠵᠢᠯᠳᠡᠨ ᠂ ᠠᠵᠤ ᠠᠬᠤᠢᠯᠠᠯᠳᠠᠨ ᠪᠠ ᠦᠨᠳᠦᠰᠦᠨ ᠱᠠᠳᠤᠨ ᠤ᠋ ᠮᠠᠯ ᠠᠵᠤ ᠠᠬᠤᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠲᠤᠪᠴᠢᠶᠠᠨ ᠤ᠋ ᠬᠠᠷᠢᠭᠤᠴᠠᠯᠭᠠᠳᠠᠳ ᠰᠠᠨᠠᠯ ᠨᠢᠬᠡᠳᠡᠢ ᠦᠵᠡᠵᠡᠭᠡᠨᠠ᠃
ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠢ᠋ᠶ᠋ᠡᠷ ᠦᠷ᠎ᠡ ᠵᠢᠨ ᠦᠢᠯᠡᠰ ᠢ᠋ ᠬᠥᠭ᠌ᠵᠢᠭᠦᠯᠵᠦ᠍᠂ ᠰᠠᠢ᠌ᠨ ᠡᠭᠦᠯᠳᠡᠷ ᠤ᠋ᠨ ᠮᠠᠯ ᠢ᠋ᠶ᠋ᠡᠷ ᠠᠵᠤ ᠦᠢᠯᠡᠰ ᠢ᠋ ᠲᠤᠯᠭᠠᠭᠤᠷᠢᠯᠠᠨ᠎ᠠ᠃ ᠲᠣᠰ ᠰᠤᠳᠤᠯᠭᠠᠨ ᠤ᠋ ᠲᠥᠷᠥᠯ ᠵᠦᠶ᠋ᠯ ᠨᠢ ᠤᠯᠤᠰ ᠪᠠ ᠥᠪᠡᠷᠲᠡᠭᠡᠨ ᠵᠠᠰᠠᠬᠤ ᠣᠷᠣᠨ ᠤ᠋ ᠴᠢᠬᠤᠯᠠ ᠶᠡᠬᠡ ᠪᠠᠢᠯᠳᠤᠬᠤ ᠪᠣᠳᠣᠯᠭ᠎ᠠ ᠶ᠋ᠢᠨ ᠬᠡᠷᠡᠭ᠌ᠴᠡᠭᠡ ᠱᠠᠭᠠᠷᠳᠠᠯᠭ᠎ᠠ ᠲᠠᠶ ᠨᠢᠭ᠍ᠲᠠ ᠤᠶᠠᠯᠳᠤᠭᠤᠯᠤᠨ᠂ ᠵᠠᠩᠭᠢᠯᠠᠭ᠎ᠠ ᠶ᠋ᠢᠨ ᠭᠤᠤᠯᠯᠠᠬᠤ ᠮᠡᠷᠭᠡᠵᠢᠯ ᠳ᠋ᠦ ᠱᠢᠪᠲᠤᠯᠤᠯᠲᠠ ᠬᠢᠵᠦ᠍᠂ ᠥᠨᠳᠥᠷ ᠲᠦᠪᠱᠢᠨ ᠪᠥᠬᠥᠶ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠢ᠋ᠶ᠋ᠡᠷ ᠪᠡᠶ᠎ᠡ ᠪᠡᠨ ᠳᠠᠭᠠᠭᠠᠨ ᠬᠦᠴᠦᠷᠬᠡᠭ᠌ᠵᠢᠬᠦ᠌ ᠵᠢ ᠲᠤᠯᠭᠠᠭᠤᠷᠢᠯᠠᠬᠤ ᠴᠢᠬᠤᠯᠠ ᠦᠶ᠋ᠯᠡᠳᠦᠯᠭᠡ ᠪᠣᠯᠤᠭᠰᠠᠨ ᠶ᠋ᠢᠡᠷ ᠲᠤᠰᠬᠠᠢ ᠮᠡᠷᠭᠡᠵᠢᠯᠳᠡᠳ ᠤ᠋ᠨ ᠠᠩᠬᠠᠷᠤᠯ ᠢ᠋ ᠳᠠᠳᠠᠵᠠᠢ᠃

ᠦᠵᠦᠮᠦᠴᠢᠨ
ᠬᠤᠨᠢ ᠶ᠋ᠢᠨ
ᠠᠳᠠᠯᠢᠳᠬᠠᠨ
ᠰᠢᠯᠭᠠᠷᠠᠭᠤᠯᠤᠯᠳᠠ
ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠭᠠᠵᠠᠷ ᠤ᠋ᠨ ᠳᠠᠷᠤᠭ᠎ᠠ ᠯᠢᠦ ᠴᠢᠤᠸᠠᠨ ᠱᠧᠩ᠄ 《ᠦᠷ᠎ᠡ ᠡᠳ᠋ ᠤ᠋ᠨ ᠡᠬᠢ ᠪᠠᠶᠠᠯᠢᠭ ᠪᠣᠯ ᠮᠠᠯ ᠠᠵᠤ ᠠᠬᠤᠶ ᠶ᠋ᠢᠨ ᠠᠮᠢᠨ ᠰᠤᠳᠠᠰᠤ ᠮᠥᠨ ᠃ ᠲᠣᠰ ᠰᠤᠳᠤᠯᠭᠠᠨ ᠤ᠋ ᠲᠥᠷᠥᠯ ᠵᠦᠶ᠋ᠯ ᠨᠢ 〈 ᠦᠷᠡᠵᠢᠯ ᠰᠠᠢᠳᠠᠢ ᠦᠵᠦᠮᠦᠴᠢᠨ ᠬᠣᠨᠢ ᠪᠣᠯᠤᠨ ᠰᠥᠨᠢᠳ ᠬᠣᠨᠢ 〉 ᠶ᠋ᠢᠨ ᠱᠢᠨ᠎ᠡ ᠤᠳᠤᠮ ᠢ᠋ ᠪᠣᠢᠵᠢᠭᠤᠯᠬᠤ ᠠᠵᠢᠯ ᠪᠤᠯᠤᠨ ᠦᠷᠡᠵᠢᠯ ᠤ᠋ᠨ ᠨᠣᠷᠮ᠎ᠠ ᠲᠤᠤᠷ᠎ᠠ ᠡᠴᠡ ᠪᠤᠯᠤᠭᠰᠠᠨ ᠠᠵᠤ ᠦᠶ᠋ᠯᠡᠰ ᠤ᠋ᠨ ᠬᠥᠭ᠌ᠵᠢᠯᠲᠡ ᠵᠢᠨ〈 ᠪᠣᠭᠣᠮᠢ 〉 ᠶ᠋ᠢᠨ ᠠᠰᠠᠭᠤᠳᠠᠯ ᠳ᠋ᠦ ᠠᠩᠬᠠᠷᠤᠯ ᠢ᠋ᠶ᠋ᠠᠨ ᠲᠥᠪᠯᠡᠷᠡᠭᠦᠯᠵᠦ᠍ ᠂ ᠮᠣᠯᠧᠺᠦ᠋ᠯ ᠢ᠋ᠶ᠋ᠡᠷ ᠡᠭᠦᠯᠳᠡᠷ ᠪᠣᠢᠵᠢᠭᠤᠯᠬᠤ ᠂ ᠭᠧᠨ ᠤ᠋ ᠪᠦᠯᠦᠭ ᠢ᠋ ᠰᠣᠩᠭᠣᠬᠤ ᠵᠡᠷᠭᠡ ᠣᠲᠣ ᠦᠶ᠎ᠡ ᠶ᠋ᠢᠨ ᠡᠭᠦᠯᠳᠡᠷ ᠪᠣᠢᠵᠢᠭᠤᠯᠬᠤ ᠮᠡᠷᠭᠡᠵᠢᠯ ᠢ᠋ ᠭᠦᠶ᠋ᠴᠡᠳ ᠠᠱᠢᠭ᠍ᠯᠠᠨ᠂ ᠣᠷᠣᠨ ᠨᠤᠲᠤᠭ ᠤ᠋ᠨ ᠰᠢᠯᠢᠳᠡᠭ ᠡᠭᠦᠯᠳᠡᠷ ᠤ᠋ᠨ ᠶᠠᠰᠤ ᠴᠢᠨᠠᠷ ᠢ᠋ ᠪᠠᠲᠤᠯᠠᠬᠤ ᠶ᠋ᠢᠨ ᠬᠠᠮᠲᠤ ᠦᠷᠡᠵᠢᠯᠳᠡ ᠵᠢᠨ ᠨᠤᠷᠮ᠎ᠠ ᠶ᠋ᠢ ᠳᠠᠪᠠᠯᠲᠠᠲᠤ ᠮᠠᠶᠢᠭ ᠵᠢᠡᠷ ᠳᠡᠭᠡᠭ᠌ᠰᠢᠯᠡᠬᠦᠯᠵᠤ ᠴᠢᠳᠠᠭᠰᠠᠨ ᠨᠢ ᠪᠠᠶᠠᠷᠯᠠᠭᠤᠰᠢᠳᠠᠢ ᠤᠴᠢᠷ ᠪᠤᠯᠬᠤ ᠶᠤᠮ 》 ᠬᠡᠵᠦ ᠬᠡᠯᠡᠨ᠎ᠠ᠃ ᠲᠡᠷᠡ ᠪᠠᠰᠠ ᠲᠤᠰ ᠰᠤᠳᠤᠯᠭᠠᠨ ᠤ᠋ ᠦᠷ᠎ᠡ ᠪᠦᠲᠦᠭᠡᠯ ᠢ᠋ ᠤᠯᠠᠷᠢᠭᠤᠯᠬᠤ ᠵᠢ ᠤᠯᠠᠮ ᠲᠦᠷᠭᠡᠳᠭᠡᠨ᠂ ᠲᠦᠷᠦᠯ ᠵᠦᠢᠯ ᠤ᠋ᠨ ᠬᠡᠷᠡᠭ᠌ᠴᠡᠭᠡᠳᠦ ᠴᠢᠨᠠᠷ ᠪᠣᠯᠤᠨ ᠳᠡᠯᠭᠡᠷᠡᠭᠦᠯᠬᠦ᠌ ᠦᠷᠳᠡᠭ ᠢ᠋ ᠦᠨᠡᠨ ᠬᠦ᠌ ᠳᠡᠭᠡᠭ᠌ᠰᠢᠯᠡᠭᠦᠯᠵᠦ᠍᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠡᠭᠦᠳᠦᠯᠲᠡ ᠪᠣᠯᠤᠨ ᠠᠵᠤ ᠦᠢᠯᠡᠰ ᠤ᠋ᠨ ᠱᠢᠨ᠎ᠡ ᠡᠭᠦᠳᠦᠯᠲᠡ ᠶ᠋ᠢᠨ ᠭᠦᠨᠵᠡᠭᠡᠢ ᠠᠭᠤᠰᠤᠯᠴᠠᠯ ᠢ᠋ ᠯᠠᠪᠳᠠᠭᠤᠨ ᠪᠠᠲᠤᠲᠠᠢ ᠠᠬᠢᠭᠤᠯᠤᠨ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠱᠢᠨ᠎ᠡ ᠡᠭᠦᠳᠦᠯᠲᠡ ᠪᠡᠷ ᠮᠠᠯᠴᠢᠨ ᠲᠠᠷᠢᠶᠠᠴᠢᠨ ᠳ᠋ᠦ ᠠᠱᠢᠭ ᠬᠦᠷᠲᠡᠭᠡᠵᠦ᠍᠂ ᠤᠯᠤᠰ ᠤ᠋ᠨ ᠴᠢᠬᠤᠯᠠ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠦᠢᠯᠡᠳᠪᠦᠷᠢᠯᠡᠯ ᠤ᠋ᠨ ᠰᠠᠭᠤᠷᠢᠨ ᠤ᠋ ᠪᠦᠳᠦᠬᠡᠨ ᠪᠠᠢᠭᠤᠯᠤᠯᠳᠠ ᠳ᠋ᠦ ᠬᠦᠴᠦᠨ ᠴᠢᠳᠠᠯ ᠢ᠋ᠶ᠋ᠠᠨ ᠡᠷᠭᠦᠬᠦ᠌ ᠵᠢ ᠬᠦᠰᠡᠭᠰᠡᠨ ᠪᠦᠬᠡᠳ ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠶ᠋ᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠤ᠋ᠨ ᠭᠠᠵᠠᠷ ᠤ᠋ᠨ ᠬᠢᠨ ᠦᠶ᠋ᠯᠡᠴᠢᠯᠡᠭᠡᠨ ᠤ᠋ ᠪᠠᠲᠤᠯᠠᠭ᠎ᠠ ᠵᠢ ᠪᠥᠬᠥ᠌ ᠬᠦᠴᠦᠨ ᠢ᠋ᠶ᠋ᠡᠷ ᠢ᠋ᠶ᠋ᠡᠨ ᠰᠠᠢᠲᠤᠷ ᠬᠢᠵᠦ᠍᠂ ᠶᠠᠪᠤᠴᠠ ᠶ᠋ᠢᠨ ᠬᠠᠮᠢᠶᠠᠷᠤᠯᠲᠠ ᠵᠢ ᠴᠢᠩᠭᠠᠳᠭᠠᠨ᠂ ᠲᠥᠷᠥᠯ ᠵᠦᠶ᠋ᠯ ᠤ᠋ᠨ ᠤᠷᠤᠭ᠍ᠰᠢᠲᠠᠶ ᠶᠠᠪᠤᠭᠳᠠᠬᠤ ᠵᠢ ᠪᠠᠲᠤᠯᠠᠵᠤ᠂ ᠵᠢᠱ᠌ᠢᠭ᠌ᠰᠡᠨ ᠦᠷ᠎ᠡ ᠪᠦᠲᠦᠮᠵᠢ ᠳ᠋ᠡᠬᠡᠨ ᠬᠦᠷᠬᠦ ᠳ᠋ᠤ ᠪᠠᠳᠤᠯᠠᠭ᠎ᠠ ᠬᠠᠩᠭᠠᠨ᠎ᠠ ᠬᠡᠵᠤ ᠢᠯᠡᠳᠬᠡᠪᠡ᠃
ᠲᠤᠰᠬᠠᠢ ᠮᠡᠷᠭᠡᠵᠢᠯᠳᠡᠳ ᠤ᠋ᠨ ᠢᠯᠡᠳᠬᠡᠯ ᠤ᠋ᠨ ᠲᠤᠪᠴᠢᠯᠡᠯ
ᠯᠢᠦ ᠶᠠᠩ ( ᠦᠪᠦᠷ ᠮᠤᠨᠭᠭᠤᠯ ᠤ᠋ᠨ ᠲᠠᠷᠢᠶᠠᠯᠠᠩ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠤ᠋ ᠬᠦᠷᠢᠶᠡᠯᠡᠩ ᠤ᠋ᠨ ᠳᠡᠳ᠋ ᠰᠤᠳᠤᠯᠤᠭᠴᠢ )᠄

ᠥᠪᠥᠷ ᠮᠣᠩᠭᠣᠯ ᠬᠣᠨᠢᠨ ᠮᠢᠬᠠᠨ ᠤ᠋ ᠭᠠᠷᠤᠯᠲᠠ ᠪᠡᠷ ᠪᠥᠬᠥ᠌ ᠤᠯᠤᠰ ᠲᠤ᠌ ᠲᠦᠷᠦᠬᠦᠯᠡᠵᠤ᠂ ᠡᠬᠦᠨ ᠳ᠋ᠤ ᠮᠤᠩᠭᠤᠯ ᠬᠤᠨᠢ ᠤᠷᠤᠯᠠᠭᠤᠯᠵᠤ ᠪᠤᠯᠤᠰᠢ ᠦᠬᠡᠢ ᠴᠢᠬᠤᠯᠠ ᠦᠢᠯᠡᠳᠤᠯ ᠢ᠋ ᠪᠠᠳᠠᠷᠠᠭᠤᠯᠪᠠ᠃ ᠭᠡᠪᠡᠴᠦ᠍ ᠮᠤᠨᠭᠭᠤᠯ ᠬᠣᠨᠢ ᠵᠢᠨ ᠣᠯᠠᠨ ᠲᠦᠯᠯᠡᠬᠦ ᠪᠠᠢᠳᠠᠯ ᠨᠢ ᠲᠣᠭ᠍ᠲᠠᠭᠤᠨ ᠪᠢᠰᠢ᠂ ᠰᠦ ᠳᠠᠳᠠᠭᠤᠷᠠᠬᠤ ᠨᠢ ᠲᠦᠷᠭᠡᠨ ᠪᠠᠢᠵᠤ᠂ ᠲᠡᠵᠢᠭᠡᠨ ᠦᠷᠡᠵᠢᠭᠦᠯᠬᠦ᠌ ᠦᠷ᠎ᠡ ᠠᠱᠢᠭ ᠢ᠋ ᠬᠢᠵᠠᠭᠠᠷᠯᠠᠵᠤ ᠪᠠᠢᠨ᠎ᠠ᠃ ᠲᠤᠰ ᠰᠤᠳᠤᠯᠭᠠᠨ ᠤ᠋ ᠦᠷ᠎ᠡ ᠪᠦᠲᠦᠭᠡᠯ ᠢ᠋ ᠤᠯᠠᠷᠢᠭᠤᠯᠬᠤ ᠶᠠᠪᠤᠴᠠ ᠳ᠋ᠤ 《ᠰᠢᠮ᠎ᠠ ᠰᠠᠢᠲᠠᠢ ᠲᠠᠵᠢᠬᠡᠯ ᠪᠣᠷᠳᠣᠭ᠎ᠠ + ᠪᠠᠢᠭᠠᠯᠢ ᠵᠢᠨ ᠡᠮᠳᠦ ᠤᠷᠭᠤᠮᠠᠯ ᠡᠴᠡ ᠢᠯᠭᠠᠷᠠᠭᠤᠯᠵᠦ ᠠᠪᠤᠭ᠍ᠰᠠᠨ ᠪᠣᠳᠠᠰ 》 ᠢ᠋ᠶ᠋ᠠᠷ ᠭᠤᠤᠯ ᠪᠣᠯᠭᠠᠵᠤ᠂ ᠬᠡᠷ ᠤ᠋ᠨ ᠲᠡᠵᠢᠭᠡᠪᠦᠷᠢ ᠶ᠋ᠢᠨ ᠦᠷᠡᠵᠢᠬᠦ ᠴᠢᠳᠠᠪᠤᠷᠢ ᠵᠢ ᠳᠡᠭᠡᠭ᠌ᠰᠢᠯᠡᠭᠦᠯᠬᠦ᠌ ᠨᠠᠷᠢᠨ ᠣᠨᠣᠴᠠᠲᠠᠶ ᠱᠢᠮ᠎ᠡ ᠲᠡᠵᠢᠭᠡᠯ ᠤ᠋ᠨ 《 ᠵᠤᠷ 》 ᠢ᠋ ᠪᠦᠷᠢᠯᠳᠦᠬᠦᠯᠪᠡᠯ ᠰᠠᠢᠨ᠃
ᠬᠡᠭᠡᠯᠲᠦᠭᠦᠯᠬᠡ ᠬᠢᠬᠦ ᠡᠴᠡ ᠡᠮᠦᠨᠡᠬᠢ ᠣᠬᠣᠷ ᠬᠤᠭᠤᠴᠠᠭᠠᠨ ᠳ᠋ᠦ ᠰᠢᠮ᠎ᠠ ᠳᠡᠵᠢᠬᠡᠯ ᠦᠨᠳᠦᠷ ᠰᠦᠯ ᠰᠠᠢᠳᠠᠢ ᠲᠡᠵᠢᠭᠡᠯ ᠪᠣᠷᠳᠣᠭ᠎ᠠ ᠦᠭᠬᠦ ᠨᠢ ᠡᠬᠡ ᠮᠠᠯ ᠤ᠋ᠨ ᠳᠠᠷᠭᠤ ᠬᠦᠴᠦ ᠪᠣᠯᠤᠨ ᠬᠣᠷᠮᠣᠨ ᠤ᠋ ᠲᠦᠪᠱᠢᠨ ᠢ᠋ ᠢᠯᠡᠳᠲᠡ ᠰᠠᠢᠵᠢᠷᠠᠭᠤᠯᠤᠨ᠂ ᠣᠷᠣᠭ᠎ᠠ ᠣᠷᠣᠬᠤ ᠨᠣᠷᠮ᠎ᠠ᠂ ᠲᠥᠯᠯᠡᠬᠦ᠌ ᠨᠣᠷᠮ᠎ᠠ᠂ ᠣᠯᠠᠨ ᠲᠥᠯᠯᠡᠬᠦ᠌ ᠨᠣᠷᠮ᠎ᠠ ᠵᠢ ᠪᠦᠷ ᠳᠡᠭᠡᠭ᠌ᠰᠢᠯᠡᠬᠦᠯᠵᠤ ᠲᠠᠢᠯᠬᠦ ᠪᠦᠬᠡᠳ ᠣᠷᠣᠭ᠎ᠠ ᠣᠷᠣᠬᠤ ᠦᠶᠡᠯᠡᠯ ᠤ᠋ᠨ ᠬᠤᠭᠤᠴᠠᠭ᠎ᠠ ᠵᠢ ᠴᠦ᠍ ᠪᠣᠭᠣᠨᠢᠰᠭᠠᠳᠠᠭ᠃ ᠡᠨᠡ ᠨᠢ ᠮᠣᠩᠭᠣᠯ ᠬᠣᠨᠢ᠂ ᠪᠠᠶᠠᠠᠨᠠᠭᠤᠷ ᠤ᠋ᠨ ᠮᠧᠷᠢᠨᠤᠰ ᠮᠢᠬᠠᠨ ᠤ᠋ ᠬᠣᠨᠢ ᠵᠡᠷᠭᠡ ᠣᠯᠠᠨ ᠲᠥᠷᠥᠯ ᠤ᠋ᠨ ᠬᠤᠨᠢ ᠳ᠋ᠦ ᠳᠣᠭᠢᠷᠠᠵᠤ᠂ ᠬᠡᠭᠡᠯ ᠲᠤᠭᠳᠠᠬᠤ ᠡᠴᠡ ᠡᠮᠦᠨ᠎ᠡ 15 — 30 ᠡᠳᠦᠷ ᠲᠦ᠍ ᠪᠣᠷᠳᠣᠭ᠎ᠠ ᠨᠥᠬᠥᠪᠥᠷᠢᠯᠡᠬᠦ᠌ ᠶ᠋ᠢᠨ ᠦᠷ᠎ᠡ ᠠᠱᠢᠭ ᠨᠢ ᠬᠠᠮᠤᠭ ᠤ᠋ᠨ ᠥᠨᠳᠥᠷ ᠪᠠᠢᠵᠤ᠂ ᠥᠪᠡᠷ ᠤ᠋ᠨ ᠥᠷᠲᠡᠭ ᠨᠢ ᠳᠤᠤᠷ᠎ᠠ᠂ ᠡᠬᠡ ᠮᠠᠯ ᠳ᠋ᠤ ᠤᠴᠠᠷᠠᠭᠤᠯᠬᠤ ᠰᠦᠷᠭᠡᠦ ᠨᠦᠯᠦᠬᠡ ᠪᠡᠷ ᠪᠠᠭ᠎ᠠ ᠪᠠᠢᠳᠠᠭ᠃ ᠤᠳᠤ ᠡᠢᠮᠤᠷᠬᠦᠤ ᠳᠡᠵᠢᠬᠡᠯ ᠨᠦᠬᠦᠪᠦᠷᠢᠯᠡᠬᠦ ᠮᠡᠷᠭᠡᠵᠢᠯ ᠪᠤᠯᠤᠨ ᠪᠠᠷᠢᠮᠵᠢᠶ᠎ᠠ ᠵᠢ ᠨᠢᠬᠡᠨᠳᠡ ᠪᠦᠷᠢᠯᠳᠦᠭᠦᠯᠵᠦ᠍᠂ ᠡᠨᠡ ᠨᠢ ᠡᠬᠡ ᠬᠣᠨᠢ ᠶ᠋ᠢᠨ ᠣᠯᠠᠨ ᠲᠥᠯᠯᠡᠬᠦ᠌ ᠤᠳᠤᠮᠯᠠᠯ ᠤ᠋ᠨ ᠳᠠᠯᠳᠠ ᠬᠦᠴᠦᠨ ᠢ᠋ ᠪᠦᠲᠦᠮᠵᠢᠲᠡᠶ ᠬᠥᠭ᠌ᠵᠢᠭᠡᠵᠤ ᠪᠣᠯᠤᠨ᠎ᠠ᠃
ᠵᠢᠨ ᠬᠠᠢ ( ᠲᠤᠮᠳᠠᠳᠦ ᠤᠯᠤᠰ ᠤ᠋ᠨ ᠮᠠᠯ ᠠᠵᠤ ᠠᠬᠤᠢ ᠵᠢᠨ ᠨᠡᠢᠭᠡᠮᠯᠢᠭ ᠤ᠋ᠨ ᠬᠤᠨᠢᠨ ᠤ᠋ ᠰᠠᠯᠪᠤᠷᠢ ᠨᠡᠢᠬᠡᠮᠯᠢᠭ ᠤ᠋ᠨ ᠳᠠᠷᠤᠭ᠎ᠠ )᠄

《 ᠢᠬᠡᠷ᠎ᠠ ᠲᠦᠯᠯᠡᠳᠡᠭ ᠦᠵᠦᠮᠦᠴᠢᠨ ᠬᠤᠨᠢ ᠪᠤᠯᠤᠨ ᠰᠦᠨᠢᠳ ᠬᠤᠨᠢ ᠵᠢᠨ ᠰᠢᠨ᠎ᠠ ᠤᠳᠤᠮ ᠤ᠋ᠨ ᠴᠢᠬᠤᠯᠠ ᠶᠡᠬᠡ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠦᠷ᠎ᠠ ᠪᠦᠳᠦᠭᠡᠯ ᠢ᠋ ᠤᠨᠳᠤᠤᠰᠢᠭᠤᠯᠬᠤ ᠵᠢᠱ᠌ᠢᠶᠠ ᠦᠵᠡᠬᠦᠯᠬᠦ ᠲᠦᠷᠦᠯ ᠵᠦᠢᠯ 》 ᠳ᠋ᠤ ᠨᠢᠬᠡᠨᠳᠡ ᠠᠵᠤ ᠠᠬᠤᠢᠯᠠᠯ ᠢ᠋ᠶ᠋ᠠᠷ ᠭᠤᠤᠯᠯᠠᠭᠤᠯᠤᠭᠰᠠᠨ᠂ ᠵᠠᠰᠠᠭ ᠤ᠋ᠨ ᠣᠷᠳᠣᠨ ᠡᠴᠡ ᠪᠠᠲᠤᠯᠠᠭ᠎ᠠ ᠬᠠᠩᠭᠠᠭᠰᠠᠨ᠂ ᠮᠡᠷᠭᠡᠵᠢᠯ ᠢ᠋ᠶ᠋ᠡᠷ ᠲᠤᠯᠭᠠᠭᠤᠷᠢᠯᠠᠭ᠍ᠰᠠᠨ᠂ ᠣᠯᠠᠨ ᠲᠠᠯ᠎ᠠ ᠶ᠋ᠢᠨ ᠬᠢᠨ ᠣᠷᠣᠯᠴᠠᠭ᠍ᠰᠠᠨ ᠰᠢᠨ᠎ᠠ ᠵᠠᠭᠪᠤᠷ ᠢ᠋ ᠡᠬᠦᠳᠴᠤ᠂ ᠦᠷᠡᠵᠢᠯ ᠰᠠᠢᠳᠠᠢ ᠮᠤᠩᠭᠤᠯ ᠬᠣᠨᠢ ᠵᠢᠨ ᠤᠳᠤᠮ ᠢ᠋ ᠪᠣᠢᠵᠢᠭᠤᠯᠬᠤ ᠬᠢᠭᠡᠳ ᠨᠠᠷᠢᠨ ᠤᠨᠤᠴᠠᠳᠠᠢ ᠪᠡᠷ ᠰᠢᠮ᠎ᠠ ᠳᠡᠵᠢᠬᠡᠯ ᠨᠦᠬᠦᠪᠤᠷᠢᠯᠡᠬᠦ ᠰᠢᠰᠲᠧᠮᠳᠦ ᠰᠤᠳᠤᠯᠭᠠᠨ ᠢ᠋ ᠴᠤᠭᠴᠠᠯᠠᠵᠤ᠂ ᠮᠢᠬᠠᠨ ᠤ᠋ ᠬᠤᠨᠢ ᠵᠢᠨ ᠦᠨᠳᠦᠷ ᠪᠦᠳᠦᠮᠵᠢᠳᠡᠢ ᠦᠷᠡᠵᠢᠯ ᠤ᠋ᠨ ᠰᠢᠰᠲᠧᠮ ᠢ᠋ ᠪᠠᠢᠭᠤᠯᠪᠠ᠃
ᠲᠠᠷᠠᠭᠠᠴᠢ ᠪᠡᠷ᠂ ᠨᠠᠷᠢᠨ ᠤᠨᠤᠴᠠᠳᠠᠢ ᠪᠡᠷ ᠰᠢᠮ᠎ᠠ ᠳᠡᠵᠢᠬᠡᠯ ᠨᠦᠬᠦᠪᠤᠷᠢᠯᠡᠬᠦ ᠲᠠᠯ᠎ᠠ ᠪᠠᠷ ᠡᠬᠡ ᠮᠠᠯ ᠤ᠋ᠨ ᠲᠦᠯᠯᠡᠬᠦ ᠡᠴᠡ ᠡᠮᠦᠨᠡᠬᠢ ᠪᠠ ᠴᠠᠳᠬᠠᠯᠳᠠ ᠵᠢᠨ ᠬᠤᠭᠤᠴᠠᠭᠠᠨ ᠤ᠋ ᠱᠢᠮ᠎ᠡ ᠲᠡᠵᠢᠭᠡᠯ ᠤ᠋ᠨ ᠬᠠᠩᠭᠠᠯᠭ᠎ᠠ ᠶ᠋ᠢᠨ ᠰᠤᠳᠤᠯᠭᠠᠨ ᠢ᠋ ᠭᠤᠤᠯᠳᠠᠯᠭ᠎ᠠ ᠲᠠᠶ ᠥᠷᠨᠢᠭᠦᠯᠵᠦ᠍᠂ ᠠᠳᠠᠯᠢ ᠪᠤᠰᠤ ᠡᠨᠧᠷᠭᠢ ᠪᠠ ᠤᠭᠤᠷᠠᠭ ᠤ᠋ᠨ ᠲᠦᠪᠱᠢᠨ ᠤ᠋ ᠡᠬᠡ ᠮᠠᠯ ᠤ᠋ᠨ ᠦᠷᠡᠵᠢᠯ᠂ ᠴᠠᠳᠬᠠᠯᠳᠠ᠂ ᠡᠭᠡᠯᠢᠯᠡᠭᠡ ᠵᠢᠴᠢ ᠬᠤᠷᠠᠭᠠᠨ ᠤ᠋ ᠥᠰᠥᠯᠲᠡ ᠳ᠋ᠦ ᠦᠵᠡᠭᠦᠯᠬᠦ᠌ ᠲᠤᠰᠬᠠᠯ ᠢ᠋ ᠲᠣᠳᠣᠷᠬᠠᠢᠯᠠᠵᠤ᠂ ᠡᠳᠦᠷ ᠲᠤᠳᠤᠮ ᠤ᠋ᠨ ᠳᠡᠵᠢᠬᠡᠯ ᠪᠤᠷᠳᠤᠭᠠᠨ ᠤ᠋ ᠬᠠᠷᠢᠴᠠᠯ ᠢ᠋ ᠱᠢᠯᠢᠳᠡᠭ᠌ᠵᠢᠭᠦᠯᠦᠨ᠂ ᠲᠡᠵᠢᠭᠡᠨ ᠠᠷᠠᠴᠢᠯᠠᠬᠤ ᠵᠠᠷᠤᠳᠠᠯ ᠢ᠋ ᠪᠠᠭᠤᠷᠠᠭᠤᠯᠤᠨ᠎ᠠ᠃ ᠡᠭᠦᠨ ᠤ᠋ ᠬᠠᠮᠲᠤ ᠢᠳᠡᠱᠢᠯᠡᠬᠦ᠌ ᠬᠡᠮᠵᠢᠶ᠎ᠡ ᠵᠢ ᠲᠥᠰᠦᠭᠡᠯᠡᠬᠦ᠌ ᠵᠠᠭ᠍ᠪᠤᠷ ᠢ᠋ ᠪᠠᠢᠭᠤᠯᠵᠤ᠂ ᠨᠠᠷᠢᠯᠢᠭ ᠠᠷᠠᠴᠢᠯᠠᠨ ᠲᠡᠵᠢᠭᠡᠬᠦ᠌ ᠳ᠋ᠦ ᠱᠢᠨᠵᠢᠯᠡᠬᠦ᠌ ᠤᠬᠠᠭᠠᠨᠴᠢ ᠦᠨᠳᠦᠰᠦᠯᠡᠯ ᠬᠠᠩᠭᠠᠨ᠎ᠠ᠃
《 ᠢᠬᠡᠷ᠎ᠠ ᠲᠦᠯᠯᠡᠳᠡᠭ ᠦᠵᠦᠮᠦᠴᠢᠨ ᠬᠤᠨᠢ ᠪᠤᠯᠤᠨ ᠰᠦᠨᠢᠳ ᠬᠤᠨᠢ ᠵᠢᠨ ᠰᠢᠨ᠎ᠠ ᠤᠳᠤᠮ ᠤ᠋ᠨ ᠴᠢᠬᠤᠯᠠ ᠶᠡᠬᠡ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠦᠷ᠎ᠠ ᠪᠦᠳᠦᠭᠡᠯ ᠢ᠋ ᠤᠨᠳᠤᠤᠰᠢᠭᠤᠯᠬᠤ ᠵᠢᠱ᠌ᠢᠶᠠ ᠦᠵᠡᠬᠦᠯᠬᠦ ᠲᠦᠷᠦᠯ ᠵᠦᠢᠯ 》 ᠨᠢ ᠮᠤᠩᠭᠤᠯ ᠬᠤᠨᠢ ᠮᠠᠯᠵᠢᠬᠤ ᠦᠢᠯᠡᠰ ᠢ᠋ 《 ᠴᠦᠬᠡᠨ ᠲᠦᠯᠯᠡᠵᠦ ᠦᠷ᠎ᠡ ᠠᠱᠢᠭ ᠳᠤᠤᠷ᠎ᠠ 》 ᠪᠠᠢᠭ᠍ᠰᠠᠨ ᠡᠴᠡ ᠪᠠᠨ 《ᠤᠯᠠᠨ ᠲᠦᠯᠯᠡᠵᠦ ᠥᠨᠳᠥᠷ ᠦᠷ᠎ᠡ ᠠᠱᠢᠭ ᠤᠯᠬᠤ 》 ᠲᠡᠢᠰᠢ ᠱᠢᠯᠵᠢᠬᠦ᠌ ᠵᠢ ᠠᠬᠢᠭᠤᠯᠵᠤ᠂ ᠲᠡᠵᠢᠭᠡᠨ ᠦᠷᠡᠵᠢᠭᠦᠯᠬᠦ᠌ ᠦᠷ᠎ᠡ ᠠᠱᠢᠭ ᠢ᠋ ᠢᠯᠡᠳᠲᠡ ᠨᠡᠮᠡᠭᠳᠡᠬᠦᠯᠦᠨ᠂ ᠦᠪᠤᠷ ᠮᠤᠩᠭᠤᠯ ᠤ᠋ᠨ ᠮᠢᠬᠠᠨ ᠤ᠋ ᠬᠣᠨᠢ ᠵᠢᠨ ᠠᠵᠤ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠬᠢᠭᠡᠳ ᠦᠷ᠎ᠡ ᠶ᠋ᠢᠨ ᠦᠶ᠋ᠯᠡᠰ ᠢ᠋ ᠬᠥᠭ᠌ᠵᠢᠭᠦᠯᠦᠨ ᠮᠠᠨᠳᠤᠭᠤᠯᠬᠤ ᠳ᠋ᠦ ᠵᠠᠩᠭᠢᠯᠠᠭ᠎ᠠ ᠶ᠋ᠢᠨ ᠮᠡᠷᠭᠡᠵᠢᠯ ᠤ᠋ᠨ ᠲᠤᠯᠭᠠᠭᠤᠷᠢᠯᠠᠯ ᠬᠠᠩᠭᠠᠪᠠ᠃
ᠯᠢ ᠴᠠᠩ ᠴᠢᠩ (ᠤᠯᠤᠰ ᠤ᠋ᠨ ᠮᠢᠬᠠᠨ ᠤ᠋ ᠬᠤᠨᠢ ᠵᠢᠨ ᠠᠵᠤ ᠦᠢᠯᠡᠰ ᠤ᠋ᠨ ᠮᠡᠷᠭᠡᠵᠢᠯ ᠤ᠋ᠨ ᠰᠢᠰᠲᠧᠮ ᠤ᠋ᠨ ᠰᠢᠮ᠎ᠠ ᠳᠡᠵᠢᠬᠡᠯ ᠬᠢᠭᠡᠳ ᠳᠡᠵᠢᠬᠡᠯ ᠪᠤᠷᠳᠤᠭ᠎ᠠ ᠶ᠋ᠢᠨ ᠰᠤᠳᠤᠯᠭᠠᠨ ᠤ᠋ ᠳᠠᠰᠤᠭ ᠤ᠋ᠨ ᠡᠷᠬᠢᠯᠡᠭᠴᠢ ) ᠄

ᠥᠪᠥᠷ ᠮᠣᠩᠭᠣᠯ ᠤ᠋ᠨ ᠮᠢᠬᠠᠨ ᠤ᠋ ᠬᠣᠨᠢ ᠵᠢᠨ ᠲᠡᠵᠢᠭᠡᠪᠤᠷᠢ ᠵᠢᠨ ᠦᠶ᠋ᠯᠡᠰ ᠥᠷᠨᠢᠭᠦᠨ ᠬᠥᠭ᠌ᠵᠢᠵᠦ᠍᠂ ᠮᠢᠬᠠᠨ ᠤ᠋ ᠬᠤᠨᠢ ᠪᠠ ᠬᠣᠨᠢᠨ ᠮᠢᠬᠠᠨ ᠤ᠋ ᠭᠠᠷᠤᠯᠲᠠ ᠪᠡᠷ ᠴᠦᠮ ᠪᠥᠬᠥ᠌ ᠤᠯᠤᠰ ᠲᠦ᠍ ᠲᠦᠷᠦᠬᠦᠯᠡᠵᠤ ᠪᠠᠢᠨ᠎ᠠ᠃ ᠤᠳᠤ ᠨᠤᠳᠤᠭ ᠪᠡᠯᠴᠢᠬᠡᠷ ᠤ᠋ᠨ ᠠᠮᠢ ᠠᠬᠤᠢ ᠵᠢ ᠬᠠᠮᠠᠭᠠᠯᠠᠬᠤ ᠬᠡᠷᠡᠭᠴᠡᠬᠡ ᠱᠠᠭᠠᠷᠳᠠᠯᠭ᠎ᠠ ᠡᠴᠡ ᠪᠤᠯᠵᠤ ᠮᠢᠬᠠᠨ ᠤ᠋ ᠬᠤᠨᠢ ᠵᠢ ᠬᠠᠰᠢᠶᠠᠯᠠᠨ ᠲᠠᠵᠢᠬᠡᠬᠦ ᠬᠠᠨᠳᠤᠰᠢ ᠨᠢᠬᠡᠨᠳᠡ ᠤᠯᠠᠮ ᠡᠴᠡ ᠤᠯᠠᠮ ᠢᠯᠡᠷᠬᠡᠶ ᠪᠤᠯᠵᠠᠢ᠃ ᠭᠡᠪᠡᠴᠦ᠍ ᠬᠠᠰᠢᠶᠠᠯᠠᠨ ᠲᠡᠵᠢᠭᠡᠬᠦ ᠵᠠᠩᠭᠢᠯᠠᠭ᠎ᠠ ᠶ᠋ᠢᠨ ᠮᠡᠷᠭᠡᠵᠢᠯ ᠳᠤᠲᠠᠮᠠᠭ᠂ ᠵᠠᠷᠤᠳᠠᠯ ᠪᠠᠷᠢᠳᠠᠯ ᠤ᠋ᠨ ᠨᠡᠮᠡᠭᠳᠡᠯ ᠵᠡᠷᠬᠡ ᠨᠢ ᠮᠠᠯᠴᠢᠨ ᠲᠠᠷᠢᠶᠠᠴᠢᠳ ᠤ᠋ᠨ ᠬᠠᠱᠢᠶᠠᠯᠠᠨ ᠲᠡᠵᠢᠭᠡᠬᠦ ᠵᠢ ᠬᠦᠯᠢᠶᠡᠨ ᠠᠪᠬᠤ ᠬᠡᠮᠵᠢᠶ᠎ᠡ ᠵᠢ ᠨᠦᠯᠦᠬᠡᠯᠡᠵᠤ ᠪᠠᠢᠨ᠎ᠠ᠃
ᠬᠠᠱᠢᠶᠠᠯᠠᠨ ᠲᠡᠵᠢᠭᠡᠬᠦ᠌ ᠨᠥᠬᠥᠴᠡᠯ ᠳᠤᠤᠷ᠎ᠠ ᠢᠯᠡᠭᠦᠦ ᠨᠢᠭᠡ ᠲᠥᠯ ᠲᠤᠰᠪᠠᠯ ᠠᠱᠢᠭ ᠤᠷᠤᠯᠭ᠎ᠠ ᠳᠠᠬᠢᠨ ᠵᠢᠡᠷ ᠨᠡᠮᠡᠭᠳᠡᠵᠦ᠂ ᠮᠢᠬᠠᠨ ᠤ᠋ ᠭᠠᠷᠤᠯᠳᠠ ᠵᠢ ᠪᠠᠲᠤᠯᠠᠵᠦ ᠴᠢᠳᠠᠬᠤ ᠮᠥᠷᠲᠡᠭᠡᠨ ᠰᠦᠷᠦᠭ ᠤ᠋ᠨ ᠬᠡᠪᠴᠢᠶ᠎ᠡ ᠵᠢ ᠴᠦ᠍ ᠥᠷᠭᠡᠳᠭᠡᠵᠦ᠍ ᠴᠢᠳᠠᠨ᠎ᠠ᠃ ᠮᠤᠨᠭᠭᠤᠯ ᠬᠤᠨᠢ ᠵᠢᠨ ᠦᠷᠡᠵᠢᠯ ᠤ᠋ᠨ ᠴᠢᠳᠠᠪᠤᠷᠢ ᠵᠢ ᠲᠠᠬᠡᠭᠰᠢᠯᠡᠬᠦᠯᠬᠦ ᠵᠠᠩᠭᠢᠯᠠᠭ᠎ᠠ ᠵᠢᠨ ᠮᠡᠷᠭᠡᠵᠢᠯ ᠤ᠋ᠨ ᠰᠤᠳᠤᠯᠭᠠᠨ ᠪᠠ ᠵᠢᠱ᠌ᠢᠶᠠ ᠦᠵᠡᠬᠦᠯᠬᠦ ᠲᠦᠷᠦᠯ ᠵᠤᠢᠯ ᠨᠢ ᠦᠪᠤᠷ ᠮᠤᠩᠭᠤᠯ ᠤ᠋ᠨ ᠮᠢᠬᠠᠨ ᠤ᠋ ᠬᠤᠨᠢ ᠲᠠᠵᠢᠬᠡᠬᠦ ᠦᠢᠯᠡᠰ ᠤ᠋ᠨ ᠬᠡᠷᠡᠭᠴᠡᠬᠡ ᠱᠠᠭᠠᠷᠳᠠᠯᠭ᠎ᠠ ᠳ᠋ᠤ ᠨᠡᠢᠴᠡᠵᠤ ᠪᠠᠢᠨ᠎ᠠ᠃ ᠬᠠᠱᠢᠶᠠᠯᠠᠨ ᠲᠡᠵᠢᠭᠡᠬᠦ ᠦᠢᠯᠡᠰ ᠢ᠋ ᠬᠦᠭᠵᠢᠬᠦᠯᠬᠦ ᠳ᠋ᠤ ᠮᠢᠬᠠᠨ ᠤ᠋ ᠬᠤᠨᠢ ᠵᠢᠨ ᠡᠭᠦᠯᠳᠡᠷ᠂ ᠰᠠᠭᠤᠷᠢ ᠲᠥᠬᠥᠭᠡᠷᠦᠮᠵᠢ᠂ ᠡᠪᠡᠰᠦ ᠪᠣᠷᠳᠣᠭ᠎ᠠ ᠵᠡᠷᠭᠡ ᠲᠠᠯ᠎ᠠ ᠪᠡᠷ ᠬᠡᠯᠪᠡᠷᠢ ᠪᠡᠨ ᠬᠤᠪᠢᠷᠠᠭᠤᠯᠵᠤ ᠲᠡᠰ ᠳᠡᠪᠱᠢᠬᠦᠯᠬᠦ ᠵᠠᠩᠭᠢᠯᠠᠭ᠎ᠠ ᠶ᠋ᠢᠨ ᠮᠡᠷᠭᠡᠵᠢᠯ ᠢ᠋ ᠡᠷᠴᠢᠮᠳᠠᠢ ᠠᠰᠢᠬᠯᠠᠬᠤ ᠴᠢᠬᠤᠯᠠᠳᠠᠢ᠂ ᠲᠡᠵᠢᠭᠡᠯ ᠪᠣᠷᠳᠣᠭᠠᠨ ᠤ᠋ ᠡᠬᠢ ᠪᠠᠶᠠᠯᠢᠭ ᠢ᠋ ᠤᠯᠠᠨ ᠲᠠᠯ᠎ᠠ ᠪᠡᠷ ᠨᠡᠭᠡᠭᠡᠨ ᠠᠰᠢᠬᠯᠠᠵᠤ ᠬᠠᠰᠢᠶᠠᠯᠠᠨ ᠲᠠᠵᠢᠬᠡᠬᠦ ᠥᠪᠡᠷ ᠤ᠋ᠨ ᠥᠷᠲᠡᠭ ᠢ᠋ ᠪᠠᠭᠤᠷᠠᠭᠤᠯᠬᠤ ᠴᠢᠬᠤᠯᠠᠳᠠᠢ᠃ ᠤᠳᠤᠬᠠᠨ ᠳ᠋ᠤ ᠰᠢᠮ᠎ᠠ ᠰᠦᠯ ᠰᠠᠢᠳᠠᠢ ᠳᠡᠵᠢᠬᠡᠯ ᠡᠪᠡᠰᠦ ᠳᠠᠷᠢᠬᠤ᠂ ᠡᠰᠢ ᠰᠦᠷᠡᠯ ᠢ᠋ ᠨᠠᠷᠢᠯᠢᠭ ᠪᠤᠷᠳᠤᠭ᠎ᠠ ᠪᠤᠯᠭᠠᠨ ᠠᠰᠢᠭᠯᠠᠬᠤ᠂ ᠬᠠᠰᠢᠶ᠎ᠠ ᠰᠠᠷᠠᠪᠴᠢ ᠵᠢ ᠰᠢᠨᠵᠢᠯᠡᠬᠦ ᠤᠬᠠᠭᠠᠨᠴᠢ ᠪᠡᠷ ᠪᠠᠢᠭᠤᠯᠵᠤ ᠬᠡᠷᠡᠭᠯᠡᠬᠦ ᠮᠡᠳᠤ ᠵᠢᠨ ᠮᠠᠯᠴᠢᠨ ᠲᠠᠷᠢᠶᠠᠴᠢᠳ ᠤ᠋ᠨ ᠮᠢᠬᠠᠨ ᠤ᠋ ᠬᠤᠨᠢ ᠵᠢ ᠬᠠᠰᠢᠶᠠᠯᠠᠨ ᠲᠠᠵᠢᠬᠡᠬᠦ ᠡᠴᠡ ᠪᠤᠯᠤᠭᠰᠠᠨ ᠵᠠᠷᠤᠳᠠᠯ ᠪᠠᠷᠢᠳᠠᠯ ᠢ᠋ ᠪᠠᠭᠠᠰᠬᠠᠬᠤ ᠠᠵᠢᠯ ᠪᠠᠴᠢᠮ ᠱᠠᠭᠠᠷᠳᠠᠭᠳᠠᠵᠦ ᠪᠠᠢᠨ᠎ᠠ᠃