35 ᠵᠢᠯ ᠨᠤᠮ ᠤᠨᠭᠰᠢᠬᠤ ᠵᠢ ᠪᠠᠷᠢᠮᠳᠠᠯᠠᠭᠰᠠᠨ ᠰᠡᠴᠡᠨᠳᠤᠶᠠᠭ᠎ᠠ ᠪᠠᠭᠰᠢ
2026-05-15 10:56:05
ᠵᠣᠬᠢᠶᠠᠭ᠍ᠴᠢ᠄
ᠵᠤᠨ᠎ᠠ
ᠣᠩᠱᠢᠭ᠍ᠰᠠᠨ ᠣᠳᠠᠭ᠎ᠠ᠄
★★★☆☆

ᠰᠢᠯᠢ ᠵᠢᠨ ᠭᠤᠤᠯ ᠠᠢᠮᠠᠭ᠎ᠤᠨ ᠬᠥᠪᠡᠭᠡᠲᠦ ᠱᠢᠷ᠎ᠠ ᠬᠤᠱᠢᠭᠤᠨ᠎ᠤ ᠪᠠᠭ᠎ᠠ ᠰᠤᠷᠭᠠᠭᠤᠯᠢ᠎ᠶ᠋ᠢᠨ ᠪᠠᠭ᠍ᠰᠢ ᠰᠡᠴᠡᠨᠲᠤᠶᠠᠭ᠎ᠠ 35 ᠬᠠᠪᠤᠷ ᠨᠠᠮᠤᠷ᠎ᠢ ᠪᠠᠭ᠍ᠰᠢ᠎ᠶ᠋ᠢᠨ ᠲᠠᠢᠰᠠᠨ᠎ᠳᠤ ᠡᠯᠡᠭᠡᠬᠦ᠌᠎ᠳ᠋ᠡᠬᠡᠨ ᠪᠠᠭ᠍ᠰᠢ ᠬᠦᠮᠦᠨ᠎ᠤ ᠦᠨᠳᠦᠷ ᠱᠠᠭᠠᠷᠳᠠᠯᠭ᠎ᠠ᠎ᠪᠠᠷ ᠦᠪᠡᠷ᠎ᠢ᠎ᠪᠠᠨ ᠱᠠᠭᠠᠷᠳᠠᠵᠤ᠂ ᠨᠣᠮ᠎ᠲᠠᠢ ᠨᠦᠬᠦᠷᠯᠡᠨ᠂ ᠨᠣᠮ ᠪᠢᠴᠢᠭ᠎ᠢᠶᠠᠷ ᠦᠪᠡᠷ᠎ᠢ᠎ᠪᠠᠨ ᠦᠷᠬᠦᠯᠵᠢ ᠴᠡᠨᠡᠭ᠌ᠯᠡᠵᠤ᠂ ᠵᠢᠭᠠᠨ ᠰᠤᠷᠭᠠᠯᠲᠠ᠎ᠶ᠋ᠢᠨ ᠠᠵᠢᠯ᠎ᠳ᠋ᠠᠭᠠᠠ ᠳᠦᠬᠦᠷᠡᠩ ᠠᠮᠵᠢᠯᠲᠠ᠎ᠲᠠᠢ ᠬᠢᠯᠠᠷᠠᠭᠤᠯᠵᠤ ᠶᠠᠪᠤᠭ᠎ᠠ ᠪᠦᠭᠡᠳ ᠨᠣᠮ ᠣᠩᠱᠢᠵᠤ ᠨᠣᠮ᠎ᠲᠠᠢ ᠨᠦᠬᠦᠷᠯᠡᠬᠦ᠌ ᠲᠠᠯ᠎ᠠ᠎ᠪᠠᠷ ᠪᠠᠭ᠍ᠰᠢ ᠰᠤᠷᠤᠭ᠍ᠴᠢᠳ᠎ᠢ ᠨᠦᠯᠦᠭᠡᠯᠡᠨ᠂ ᠰᠤᠷᠤᠯᠴᠠᠬᠤ ᠵᠢᠱ᠌ᠢᠶ᠎ᠡ ᠳᠠᠭᠤᠷᠢᠶᠠᠯ ᠪᠤᠯᠵᠤ ᠶᠠᠪᠤᠨ᠎ᠠ᠃


5994602_sanban_1778493823039.jpg


ᠪᠢᠳᠠ ᠬᠥᠪᠡᠭᠡᠲᠦ ᠱᠢᠷ᠎ᠠ ᠬᠤᠱᠢᠭᠤᠨ᠎ᠤ ᠪᠠᠭ᠎ᠠ ᠰᠤᠷᠭᠠᠭᠤᠯᠢ᠎ᠶ᠋ᠢᠨ ᠨᠣᠮ ᠤᠩᠱᠢᠬᠤ ᠲᠠᠰᠤᠭ᠎ᠲᠤ ᠬᠦᠷᠬᠦ᠌᠎ᠳᠤ ᠰᠡᠴᠡᠨᠲᠤᠶᠠᠭ᠎ᠠ ᠪᠠᠭ᠍ᠰᠢ ᠶᠠᠭ ᠰᠤᠷᠤᠭ᠍ᠴᠢᠳ᠎ᠢᠶᠠᠨ ᠵᠢᠯᠤᠭᠤᠳᠤᠨ ᠤᠩᠱᠢᠯᠭ᠎ᠠ ᠬᠢᠵᠤ᠂ ᠰᠤᠷᠤᠭ᠍ᠴᠢᠳ ᠲᠠᠭᠠᠨ ᠤᠩᠱᠢᠭ᠍ᠰᠠᠨ᠎ᠢᠶᠠᠨ ᠣᠢ ᠣᠬᠠᠭᠠᠨ᠎ᠳ᠋ᠠᠭᠠᠨ ᠱᠢᠩᠭᠡᠭᠡᠬᠦ᠌᠎ᠶ᠋ᠢᠨ ᠬᠠᠮᠲᠦ ᠦᠰᠦᠭ ᠦᠭᠡ ᠪᠦᠬᠦᠨ ᠬᠡᠷᠬᠢᠨ ᠵᠤᠬᠢᠶᠠᠭ᠍ᠴᠢ᠎ᠶ᠋ᠢᠨ ᠰᠡᠳᠭᠢᠯ᠎ᠢ ᠢᠯᠡᠳᠭᠡᠵᠤ ᠪᠠᠢᠭ᠎ᠠ᠎ᠶ᠋ᠢ ᠤᠢᠯᠠᠭᠠᠬᠤ ᠳᠣᠬᠠᠢ ᠱᠠᠭᠠᠷᠳᠠᠨ ᠲᠠᠢᠯᠪᠤᠷᠢᠯᠠᠵᠤ ᠪᠠᠢᠯ᠎ᠠ᠃

ᠤᠯᠠᠨ ᠵᠢᠯ᠎ᠤᠨ ᠳᠣᠷᠰᠢ᠂ ᠰᠡᠴᠡᠨᠲᠤᠶᠠᠭ᠎ᠠ ᠪᠠᠭ᠍ᠰᠢ ᠨᠣᠮ ᠣᠩᠱᠢᠬᠤ ᠳᠤᠷ᠎ᠠ ᠪᠠᠬ᠎ᠠ᠎ᠪᠠᠨ ᠪᠠᠷᠢᠮᠲᠠᠯᠠᠵᠤ᠂ ᠨᠣᠮ ᠪᠢᠴᠢᠭ ᠣᠩᠱᠢᠬᠤ ᠠᠵᠢᠯᠯᠠᠭ᠎ᠠ ᠡᠷᠬᠢᠯᠡᠬᠦ᠌ ᠪᠤᠶᠤ ᠢᠳᠡᠪᠬᠢᠯᠡᠨ ᠤᠷᠤᠯᠴᠠᠵᠤ᠂ ᠰᠤᠷᠤᠭ᠍ᠴᠢᠳ᠎ᠢ ᠨᠣᠮ ᠣᠩᠱᠢᠬᠤ ᠰᠠᠢᠬᠠᠨ ᠳᠠᠳᠭᠠᠯ᠎ᠲᠠᠢ ᠪᠤᠯᠭᠠᠬᠤ᠎ᠶ᠋ᠢ ᠬᠢᠴᠢᠶᠡᠳᠡᠭ ᠪᠠᠢᠨ᠎ᠠ᠃ 《ᠨᠣᠮ ᠣᠩᠱᠢᠬᠤ ᠳᠤᠷᠠᠲᠠᠢ ᠰᠤᠷᠤᠭ᠍ᠴᠢ ᠨᠣᠮ ᠣᠩᠱᠢᠬᠤ ᠳᠤᠷ᠎ᠠ ᠦᠭᠡᠢ ᠰᠤᠷᠤᠭ᠍ᠴᠢ᠎ᠲᠠᠢ ᠬᠠᠷᠢᠴᠠᠭᠤᠯᠪᠠᠯ ᠮᠡᠳᠡᠯᠭᠡ᠎ᠶ᠋ᠢᠨ ᠬᠦᠷᠢᠶ᠎ᠡ ᠬᠡᠪᠴᠢᠶ᠎ᠡ᠂ ᠰᠡᠳᠭᠢᠬᠦ᠌ ᠴᠢᠳᠠᠪᠤᠷᠢ᠂ ᠤᠢᠯᠠᠭᠠᠬᠤ ᠴᠢᠳᠠᠪᠤᠷᠢ᠎ᠶ᠋ᠢᠨ ᠲᠠᠯ᠎ᠠ᠎ᠪᠠᠷ ᠢᠯᠡᠷᠬᠡᠢ ᠰᠠᠢᠨ ᠪᠠᠢᠵᠤ᠂ ᠨᠡᠩ ᠢᠯᠠᠩᠭᠤᠶ᠎ᠠ ᠦᠨᠳᠦᠷ ᠠᠩᠭᠢ᠎ᠶ᠋ᠢᠨ ᠰᠤᠷᠤᠭ᠍ᠴᠢᠳ᠎ᠤᠨ ᠤᠩᠱᠢᠯᠭ᠎ᠠ᠎ᠶ᠋ᠢᠨ ᠰᠠᠢᠨ ᠮᠠᠭᠤ᠎ᠨᠢ ᠰᠤᠷᠤᠯᠭ᠎ᠠ᠎ᠶ᠋ᠢ ᠱᠢᠭᠤᠳ ᠨᠦᠯᠦᠭᠡᠯᠡᠳᠡᠭ》 ᠭᠡᠵᠤ ᠰᠠᠴᠠᠨᠳᠤᠶᠠᠭ᠎ᠠ ᠶᠡᠷᠢᠨ᠎ᠠ᠃

ᠲᠡᠭᠦᠨ᠎ᠤ ᠨᠣᠮ ᠣᠩᠱᠢᠬᠤ ᠰᠠᠢᠬᠠᠨ ᠳᠠᠳᠭᠠᠯ ᠪᠠ ᠨᠣᠮ ᠣᠩᠱᠢᠭ᠍ᠰᠠᠨ ᠰᠠᠢᠨ ᠨᠦᠯᠦᠬᠡ᠎ᠨᠢ ᠬᠠᠮᠲᠦ ᠠᠵᠢᠯᠯᠠᠭ᠍ᠴᠢ ᠪᠠᠭ᠍ᠰᠢ ᠨᠠᠷ᠎ᠢ ᠴᠤ᠌ ᠨᠦᠯᠦᠭᠡᠯᠡᠵᠤ᠂ ᠨᠣᠮ ᠤᠩᠱᠢᠬᠤ ᠳᠤᠷᠠᠲᠠᠢ ᠵᠠᠯᠠᠭᠤ ᠪᠠᠭ᠍ᠰᠢ ᠨᠠᠷ ᠴᠤ᠌ ᠤᠯᠠᠨ ᠪᠤᠯᠤᠭ᠍ᠰᠠᠨ ᠪᠠᠢᠨ᠎ᠠ᠃ 《ᠰᠡ᠊ ᠪᠠᠭ᠍ᠰᠢ ᠣᠯᠠᠨ ᠵᠢᠯ ᠨᠣᠮ ᠣᠩᠱᠢᠵᠤ᠂ ᠮᠠᠰᠢ ᠣᠯᠠᠨ ᠮᠡᠳᠡᠯᠭᠡ ᠬᠤᠷᠠᠮᠳᠤᠭᠤᠯᠤᠭ᠍ᠰᠠᠨ᠎ᠠᠴᠠ ᠰᠤᠷᠤᠭ᠍ᠴᠢᠳ᠎ᠲᠤ ᠶᠠᠷᠢᠵᠤ ᠲᠠᠢᠯᠪᠤᠷᠢᠯᠠᠬᠤ᠎ᠨᠢ ᠠᠮᠢᠳᠤᠯᠢᠭ ᠪᠤᠳᠠᠳᠠᠢ ᠪᠠᠢᠵᠤ᠂ ᠰᠤᠷᠤᠭ᠍ᠴᠢᠳ᠎ᠤᠨ ᠠᠩᠬᠠᠷᠤᠯ᠎ᠢ ᠳᠠᠳᠠᠨ᠂ ᠬᠢᠴᠢᠶᠡᠯ᠎ᠤᠨ ᠦᠷ᠎ᠡ ᠪᠦᠲᠦᠮᠵᠢ ᠮᠠᠰᠢ ᠰᠠᠢᠨ ᠪᠠᠢᠳᠠᠭ᠃ ᠡᠩ᠎ᠤᠨ ᠦᠶᠡᠰ ᠰᠡ᠊ ᠪᠠᠭ᠍ᠰᠢ᠎ᠲᠠᠢ ᠶᠠᠷᠢᠯᠴᠠᠬᠤ ᠦᠶ᠎ᠡ᠎ᠳᠤ ᠴᠤ᠌ ᠭᠡᠰᠡᠨ ᠲᠡᠬᠦᠨ᠎ᠤ ᠦᠭᠡ ᠶᠠᠷᠢᠶ᠎ᠠ ᠪᠦᠬᠦᠨ ᠤᠷ᠎ᠠ ᠤᠬᠠᠭᠠᠨ᠎ᠢᠶᠠᠷ ᠳᠦᠬᠦᠷᠡᠩ ᠪᠠᠢᠵᠤ᠂ ᠪᠢᠳᠡᠨ᠎ᠤ ᠠᠵᠢᠯ ᠠᠮᠢᠳᠤᠷᠠᠯ᠎ᠳᠤ ᠵᠢᠯᠤᠭᠤᠳᠤᠮᠵᠢ ᠵᠢᠱ᠌ᠢᠶ᠎ᠡ ᠪᠤᠯᠵᠤ ᠪᠠᠢᠳᠠᠭ ᠶᠤᠮ᠃ ᠵᠠᠯᠠᠭᠤ ᠪᠠᠭ᠍ᠰᠢ ᠪᠤᠯᠤᠭ᠍ᠰᠠᠨ᠎ᠤ ᠬᠤᠪᠢ᠎ᠳᠤ ᠪᠢᠳᠡ ᠰᠡ᠊ ᠪᠠᠭ᠍ᠰᠢ᠎ᠪᠠᠷ ᠳᠠᠭᠤᠷᠢᠶᠠᠯ ᠪᠤᠯᠭᠠᠨ᠂ ᠢᠯᠡᠬᠦᠬᠡᠨ ᠨᠣᠮ ᠤᠩᠱᠢᠵᠤ᠂ ᠰᠠᠢᠨ ᠨᠣᠮ ᠣᠩᠱᠢᠵᠤ᠂ ᠦᠪᠡᠷ᠎ᠢ ᠪᠠᠨ ᠴᠡᠨᠡᠭ᠌ᠯᠡᠵᠤ᠂ ᠰᠤᠷᠤᠭ᠍ᠴᠢ ᠬᠡᠤᠬᠡᠳ᠎ᠢᠶᠠᠨ ᠴᠤ᠌ ᠭᠡᠰᠡᠨ ᠨᠣᠮ ᠤᠩᠱᠢᠬᠤ ᠰᠠᠢᠬᠠᠨ ᠳᠠᠳᠭᠠᠯ᠎ᠲᠠᠢ ᠪᠤᠯᠭᠠᠬᠤ᠎ᠪᠠᠷ ᠴᠢᠷᠮᠠᠢᠵᠤ ᠪᠠᠢᠨ᠎ᠠ》 ᠭᠡᠵᠤ ᠬᠠᠮᠲᠦ ᠠᠵᠢᠯᠯᠠᠭ᠍ᠴᠢ ᠪᠠᠭ᠍ᠰᠢ ᠦᠷᠴᠠᠢᠬᠤ ᠶᠠᠷᠢᠵᠤ ᠰᠠᠭᠤᠨ᠎ᠠ᠃

35 ᠵᠢᠯ᠎ᠤᠨ ᠳᠣᠷᠰᠢ᠂ ᠪᠠᠭ᠍ᠰᠢ᠎ᠶ᠋ᠢᠨ ᠠᠯᠪᠠᠨ᠎ᠳᠤ ᠭᠠᠪᠱᠢᠭᠠᠢᠯᠠᠵᠤ᠂ ᠨᠣᠮ ᠪᠢᠴᠢᠭ᠎ᠲᠠᠢ ᠬᠠᠨᠢᠯᠠᠨ᠂ ᠨᠣᠮ ᠪᠢᠴᠢᠭ᠎ᠢᠶᠠᠷ ᠶᠢᠷᠲᠢᠨᠴᠦ᠍᠎ᠶ᠋ᠢ ᠲᠠᠨᠢᠵᠤ᠂ ᠦᠪᠡᠷ᠎ᠢ᠎ᠪᠠᠨ ᠲᠡᠬᠦᠯᠳᠡᠷᠵᠢᠬᠦᠯᠵᠤ ᠶᠠᠪᠤᠬᠤ᠎ᠳ᠋ᠠᠭᠠᠨ ᠰᠡᠴᠡᠨᠲᠤᠶᠠᠭ᠎ᠠ ᠪᠠᠭ᠍ᠰᠢ ᠣᠩᠱᠢᠭ᠍ᠰᠠᠨ ᠨᠣᠮ᠎ᠠᠴᠠ᠎ᠪᠠᠨ ᠡᠷᠳᠡᠮ ᠱᠦᠬᠦᠵᠤ᠂ ᠱᠦᠬᠦᠭ᠌ᠰᠡᠨ ᠡᠷᠳᠡᠮ᠎ᠢᠶᠠᠷ᠎ᠢᠶᠠᠨ ᠰᠤᠷᠤᠭ᠍ᠴᠢ᠎ᠪᠠᠨ ᠤᠬᠠᠭᠠᠷᠠᠭᠤᠯᠵᠤ᠂ ᠪᠠᠭ᠍ᠰᠢ ᠬᠦᠮᠦᠨ᠎ᠤ ᠳᠠᠷᠬᠠᠨ ᠬᠠᠷᠢᠭᠤᠴᠠᠯᠭ᠎ᠠ᠎ᠪᠠᠨ ᠪᠡᠶᠡᠯᠡᠬᠦᠯᠵᠤ ᠴᠢᠳᠠᠭ᠍ᠰᠠᠨ ᠪᠠᠢᠨ᠎ᠠ᠃ 《ᠨᠣᠮ ᠣᠩᠱᠢᠬᠤ᠎ᠨᠢ ᠣᠯᠠᠨ ᠰᠠᠢᠨ ᠲᠠᠯ᠎ᠠ᠎ᠲᠠᠢ᠂ ᠬᠦᠮᠦᠨ᠎ᠳᠤ ᠣᠬᠠᠭᠠᠷᠠᠯ᠂ ᠮᠡᠳᠡᠯᠭᠡ ᠣᠯᠭᠤᠨ᠎ᠠ; ᠣᠯᠠᠨ ᠲᠠᠯ᠎ᠠ᠎ᠠᠴᠠ ᠰᠡᠳᠭᠢᠨ ᠪᠤᠳᠤᠬᠤ ᠳᠤᠷᠱᠢᠯᠭ᠎ᠠ ᠣᠯᠭᠤᠨ᠎ᠠ; ᠲᠤᠤᠷ ᠰᠦᠯᠵᠢᠶ᠎ᠡ ᠭᠠᠵᠠᠷ ᠠᠪᠤᠭ᠍ᠰᠠᠨ ᠦᠨᠦᠳᠦᠷ ᠨᠣᠮ ᠣᠩᠱᠢᠯᠭ᠎ᠠ ᠬᠦᠮᠦᠰ᠎ᠠᠴᠠ ᠵᠠᠢᠳᠠᠭ᠍ᠰᠠᠨ ᠪᠠᠢᠳᠠᠯ ᠤᠷᠤᠱᠢᠵᠤ ᠪᠠᠢᠬᠰᠠᠠ ᠴᠤ᠌ ᠪᠢ ᠠᠵᠢᠯ᠎ᠢᠶᠠᠨ ᠬᠢᠬᠦ᠌᠎ᠶ᠋ᠢᠨ ᠳᠠᠭᠠᠤ ᠰᠤᠨᠤᠰᠳᠠᠭ ᠨᠣᠮ ᠰᠤᠨᠤᠰᠭᠤ ᠪᠤᠶᠤ ᠨᠣᠮ᠎ᠢᠶᠠᠨ ᠭᠠᠷ ᠦᠵᠦᠬᠦᠷ ᠲᠠᠯᠪᠢᠵᠤ ᠤᠷᠤᠵᠤ ᠭᠠᠷᠬᠤ᠎ᠳ᠋ᠠᠭᠠᠨ ᠤᠷᠪᠠᠭᠤᠯᠵᠤ ᠨᠣᠮ ᠣᠩᠱᠢᠬᠤ᠎ᠪᠠᠨ ᠪᠠᠷᠢᠮᠲᠠᠯᠠᠳᠠᠭ᠃ ᠬᠢᠴᠢᠶᠡᠯᠯᠡᠭᠡ᠎ᠶ᠋ᠢᠨ ᠴᠠᠭ᠎ᠲᠤ ᠬᠢᠴᠢᠶᠡᠯ᠎ᠤᠨ ᠠᠭᠤᠯᠭ᠎ᠠ᠎ᠶ᠋ᠢ ᠠᠩᠬ᠎ᠠ ᠠᠯᠬᠤᠮ ᠵᠦᠢᠷ ᠰᠡᠴᠡᠨ ᠦᠭᠡ᠎ᠪᠠᠷ ᠬᠤᠷᠢᠶᠠᠩᠭᠤᠢᠯᠠᠬᠤ᠂ ᠵᠢᠷᠤᠭ᠎ᠲᠠᠢ ᠨᠣᠮ ᠦᠵᠡᠬᠦᠯᠬᠦ᠌ ᠵᠡᠷᠭᠡ ᠠᠷᠭ᠎ᠠ ᠪᠠᠷᠢᠯ᠎ᠢᠶᠠᠷ ᠬᠡᠤᠬᠡᠳ᠎ᠤᠨ ᠨᠣᠮ ᠣᠩᠱᠢᠬᠤ ᠤᠷᠮ᠎ᠠ ᠪᠠᠬ᠎ᠠ᠎ᠶ᠋ᠢ ᠬᠦᠭ᠌ᠵᠢᠭᠡᠳᠡᠭ᠃ ᠵᠠᠯᠠᠭᠤ ᠪᠠᠭ᠍ᠰᠢ᠂ ᠬᠡᠤᠬᠡᠳ ᠪᠠᠭᠠᠴᠤᠳ ᠨᠣᠮ ᠪᠢᠴᠢᠭ ᠢᠯᠡᠬᠦᠬᠡᠨ ᠣᠩᠱᠢᠵᠤ ᠨᠣᠮ ᠪᠢᠴᠢᠭ᠎ᠲᠠᠢ ᠢᠯᠡᠬᠦᠬᠡᠨ ᠨᠦᠬᠦᠷᠯᠡᠵᠤ᠂ ᠨᠣᠮ ᠪᠢᠴᠢᠭ᠎ᠠᠴᠠ ᠢᠯᠡᠬᠦᠬᠡᠨ ᠮᠡᠳᠡᠯᠭᠡ ᠬᠤᠷᠠᠮᠳᠤᠭᠤᠯᠬᠤ᠎ᠶ᠋ᠢ ᠤᠷᠢᠶᠠᠯᠠᠵᠤ ᠪᠠᠢᠨ᠎ᠠ》 ᠭᠡᠵᠤ ᠰᠡᠴᠡᠨᠳᠤᠶᠠᠭ᠎ᠠ ᠪᠠᠭ᠍ᠰᠢ ᠶᠠᠷᠢᠵᠤ ᠪᠠᠢᠬᠰᠠᠠ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号