ᠴᠤᠤᠷᠬᠠᠯ ᠢ᠋ ᠨᠢᠭᠡ ᠯᠡ ᠳᠠᠷᠤᠪᠴᠢ ᠪᠡᠷ ᠢᠯᠡᠴᠢᠯᠡᠬᠦ ᠪᠤᠯᠤᠭᠰᠠᠨ!
2026-05-16 11:57:13
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠢᠨᠲᠧᠷ ᠰᠦᠯᠵᠢᠶᠡᠨ᠎ᠦ ᠴᠤᠤᠷᠬᠠᠯ ᠢ᠋ ᠢᠯᠭᠠᠨ ᠲᠠᠨᠢᠬᠤ ᠬᠥᠮᠥᠷᠭᠡ ᠵᠢᠩᠬᠢᠨᠢ ᠎ᠪᠡᠷ ᠨᠡᠪᠳᠡᠷᠡᠪᠡ


ᠡᠳᠦᠷ ᠪᠦᠷᠢ ᠨᠠᠢᠵᠠ᠎ᠶᠢᠨ ᠲᠣᠭᠣᠷᠢᠭ᠋᠎ᠲᠡᠬᠢ ᠶᠠᠨᠭᠵᠤ ᠪᠦᠷᠢ ᠵᠢᠨ ᠬᠠᠯᠠᠮᠰᠢᠯ ᠮᠡᠳᠡᠭᠡ ᠵᠢ ᠦᠵᠡᠭᠡᠳ ᠲᠠ 《ᠦᠨᠡᠨ ᠤᠤ? ᠬᠤᠳᠠᠯ ᠤᠤ?》 ᠬᠡᠵᠤ ᠰᠡᠵᠢᠭ ᠲᠥᠷᠥᠳᠡᠭ ᠤᠤ?

ᠲᠡᠳᠡᠭᠡᠷ ᠦᠵᠡᠬᠦ ᠎ᠳᠦ ᠦᠨᠳᠦᠰᠦ ᠪᠠᠷᠢᠮᠲᠠ ᠲᠠᠢ 《ᠰᠢᠨᠵᠢᠯᠡᠬᠦ ᠤᠬᠠᠭᠠᠨ᠎ᠢ ᠲᠦᠭᠡᠮᠡᠯᠵᠢᠭᠦᠯᠬᠦ ᠮᠡᠳᠡᠭᠡ》᠂ ᠲᠡᠳᠡᠭᠡᠷ ᠬᠥᠮᠥᠰ ᠎ᠦᠨ ᠰᠡᠳᠬᠢᠯ ᠎ᠢ ᠪᠠᠴᠢᠮᠳᠠᠭᠤᠯᠤᠮᠠᠷ 《ᠪᠠᠴᠢᠮ ᠮᠡᠳᠡᠭᠳᠡᠯ》᠎ᠢ ᠪᠢᠳᠡ ᠴᠣᠬᠣᠮ ᠢᠲᠡᠭᠡᠪᠡᠯ ᠵᠣᠬᠢᠨ᠎ᠠ ᠤᠤ᠂ ᠢᠳᠡᠬᠡᠬᠦ ᠦᠭᠡᠢ ᠪᠤᠯ ᠵᠣᠬᠢᠨ᠎ᠠ ᠤᠤ?

ᠤᠳᠤ ᠡᠨᠡ ᠳᠤᠬᠠᠢ ᠲᠠ ᠳᠠᠬᠢᠵᠤ ᠲᠠᠲᠠᠭᠠᠯᠵᠠᠬᠤ᠎ᠴᠢᠬᠤᠯᠠ ᠦᠭᠡᠢ᠂ ᠲᠠᠭᠠᠮᠠᠭᠯᠠᠬᠤ ᠬᠡᠷᠡᠭ ᠦᠭᠡᠢ ᠪᠤᠯᠵᠠᠢ !

ᠰᠦᠯᠵᠢᠶᠡᠨ᠎ᠦ ᠣᠷᠣᠨ ᠵᠠᠢ  ᠶ᠋ᠢ ᠤᠯᠠᠮ ᠨᠢᠭᠡ ᠠᠯᠬᠤᠮ ᠴᠡᠪᠡᠷᠰᠢᠭᠦᠯᠵᠦ᠂ ᠨᠡᠢᠭᠡᠮ ᠨᠡᠶ᠋ᠢᠲᠡ ᠶ᠋ᠢᠨ ᠴᠤᠤᠷᠬᠠᠯ ᠢ᠋ ᠢᠯᠭᠠᠨ ᠲᠠᠨᠢᠬᠤ ᠴᠢᠳᠠᠪᠤᠷᠢ ᠶ᠋ᠢ ᠳᠡᠭᠡᠭᠰᠢᠯᠡᠭᠦᠯᠦᠨ᠂ ᠡᠯ᠎ᠡ ᠡᠲᠡᠭᠡᠳ᠎ᠦᠨ ᠬᠦᠴᠦᠨ ᠢ᠋ ᠨᠢᠭ᠍ᠲᠠᠷᠠᠭᠤᠯᠵᠤ ᠪᠠᠢᠭᠠᠳ ᠰᠦᠯᠵᠢᠶᠡᠨ᠎ᠦ ᠴᠡᠪᠡᠷ ᠲᠤᠩᠭᠠᠯᠠᠭ ᠣᠷᠴᠢᠨ ᠨᠥᠬᠥᠴᠡᠯ ᠢ᠋ ᠬᠠᠮᠲᠤ᠎ᠪᠠᠷ ᠪᠤᠶ ᠪᠣᠯᠭᠠᠬᠤ ᠶ᠋ᠢᠨ ᠲᠥᠯᠥᠭᠡ 《ᠥᠪᠥᠷ ᠮᠣᠩᠭᠣᠯ᠎ᠤᠨ ᠢᠨᠲᠧᠷ ᠰᠦᠯᠵᠢᠶᠡᠨ᠎ᠦ ᠴᠤᠤᠷᠬᠠᠯ ᠢ᠋ ᠢᠯᠭᠠᠨ ᠲᠠᠨᠢᠬᠤ ᠬᠥᠮᠥᠷᠭᠡ》 ᠎ᠶᠢ 5 ᠰᠠᠷ᠎ᠠ ᠵᠢᠨ 15᠎ᠤ ᠡᠳᠤᠷ ᠡᠴᠡ ᠡᠬᠢᠯᠡᠨ ᠵᠢᠩᠬᠢᠨᠢ ᠎ᠪᠡᠷ ᠨᠡᠪᠳᠡᠷᠡᠬᠦᠯᠵᠤ᠂ ᠨᠢᠭᠡ ᠯᠡ ᠳᠠᠷᠤᠪᠴᠢ᠎ᠪᠠᠷ ᠴᠤᠤᠷᠬᠠᠯ ᠎ᠢ ᠢᠯᠭᠠᠨ ᠳᠠᠨᠢᠵᠤ ᠳᠡᠢᠯᠬᠦ ᠪᠤᠯᠵᠠᠢ᠃

ᠲᠣᠰ ᠢᠯᠭᠠᠨ ᠲᠠᠨᠢᠬᠤ ᠬᠥᠮᠥᠷᠭᠡ ᠨᠢ 《ᠥᠪᠥᠷ ᠮᠣᠩᠭᠣᠯ ᠎ᠤᠨ ᠰᠦᠯᠵᠢᠶ᠎ᠡ᠎ᠪᠡᠷ ᠢᠯᠡᠴᠢᠯᠡᠨ ᠮᠡᠳᠡᠭᠦᠯᠬᠦ 》 ᠵᠢᠷᠬᠢᠶ᠎ᠡ ᠵᠢᠨ ᠨᠡᠶ᠋ᠢᠲᠡ᠎ᠶᠢᠨ ᠳ᠋ᠤᠭᠠᠷ ᠎ᠲᠤ ᠲᠦᠰᠢᠭᠯᠡᠨ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠠᠷᠢᠶ᠎ᠠ ᠭᠠᠵᠠᠷ ᠎ᠤᠨ ᠢᠨᠲᠧᠷ ᠰᠦᠯᠵᠢᠶᠡᠨ᠎ᠦ ᠬᠠᠤᠯᠢ ᠡᠴᠡ ᠵᠥᠷᠢᠴᠡᠭᠰᠡᠨ ᠪᠠ ᠡᠷᠡᠭᠦᠯ ᠪᠤᠰᠤ ᠮᠡᠳᠡᠭᠡ ᠵᠠᠩᠭᠢ᠎ᠶᠢ ᠪᠥᠬᠥ ᠲᠠᠯ᠎ᠠ᠎ᠪᠠᠷ ᠴᠤᠭᠯᠠᠭᠤᠯᠵᠤ᠂ ᠨᠡᠢᠭᠡᠮ ᠨᠡᠶ᠋ᠢᠲᠡ ᠎ᠳᠦ ᠴᠤᠦᠷᠬᠠᠯ ᠎ᠢ ᠪᠠᠢᠴᠠᠭᠠᠨ ᠭᠡᠷᠡᠴᠢᠯᠡᠬᠦ ᠣᠨᠣᠪᠴᠢᠲᠠᠶ᠂ ᠥᠨᠳᠥᠷ ᠪᠦᠲᠦᠮᠵᠢᠲᠡᠶ ᠦᠢᠯᠡᠴᠢᠯᠡᠭᠡ ᠬᠠᠩᠭᠠᠬᠤ ᠎ᠪᠠᠷ ᠴᠢᠷᠮᠠᠢᠵᠤ ᠪᠠᠢᠨ᠎ᠠ᠃ ᠲᠠᠪᠴᠠᠩ ᠨᠢ ᠵᠠᠩᠭᠢᠯᠠᠭ᠎ᠠ᠎ᠶᠢᠨ ᠦᠭᠡ᠎ᠶᠢᠨ ᠪᠥᠬᠥ ᠠᠭᠤᠯᠭ᠎ᠠ ᠎ᠶᠢ ᠡᠷᠢᠬᠦ ᠎ᠶᠢ ᠳᠡᠮᠵᠢᠵᠦ᠂ ᠬᠡᠷᠡᠭᠯᠡᠭᠴᠢ ᠵᠠᠩᠭᠢᠯᠠᠭ᠎ᠠ᠎ᠶᠢᠨ ᠦᠭᠡ ᠎ᠶᠢ ᠣᠷᠣᠭᠤᠯᠤᠭᠰᠠᠨ ᠎ᠤ ᠳᠠᠷᠠᠭ᠎ᠠ ᠳᠠᠷᠤᠢ ᠬᠣᠯᠪᠣᠭᠳᠠᠯ ᠪᠦᠬᠦᠢ ᠴᠤᠦᠷᠬᠠᠯ᠎ᠤᠨ ᠬᠡᠷᠡᠭ ᠎ᠦᠨ ᠵᠢᠱ᠌ᠢᠶ᠎ᠡ ᠪᠣᠯᠣᠨ ᠴᠤᠦᠷᠬᠠᠯ ᠎ᠢ ᠨᠢᠴᠤᠭᠠᠬᠤ ᠠᠭᠤᠯᠭ᠎ᠠ᠎ᠶᠢ ᠤᠯᠵᠤ ᠦᠵᠡᠬᠦ ᠪᠤᠯᠤᠨ᠎ᠠ᠃ ᠤᠳᠠᠭ᠎ᠠ ᠪᠦᠷᠢ᠎ᠶᠢᠨ ᠪᠠᠢᠴᠠᠭᠠᠨ ᠯᠠᠪᠯᠠᠯᠲᠠ᠎ᠳᠤ ᠬᠠᠮᠤᠭ ᠠᠷᠪᠢᠨ᠎ᠳᠠᠭᠠᠨ ᠳᠥᠷᠪᠡᠨ ᠵᠠᠩᠭᠢᠯᠠᠭ᠎ᠠ᠎ᠶᠢᠨ ᠦᠭᠡᠰ᠎ᠢᠶᠡᠷ ᠪᠠᠢᠴᠠᠭᠠᠨ ᠯᠠᠪᠯᠠᠵᠤ ᠪᠣᠯᠣᠨ᠎ᠠ᠂ ᠵᠠᠩᠭᠢᠯᠠᠭ᠎ᠠ᠎ᠶᠢᠨ ᠦᠭᠡᠰ᠎ᠦᠨ ᠬᠣᠭᠣᠷᠣᠨᠳᠤ ᠬᠣᠭᠣᠰᠤᠨ ᠵᠠᠢ᠎ᠪᠠᠷ ᠲᠠᠰᠤᠯᠤᠭᠠᠷᠠᠢ᠃

ᠬᠡᠷᠡᠭ ᠎ᠦᠨ ᠵᠢᠱ᠌ᠢᠶ᠎ᠡ ᠨᠢᠭᠡᠪᠦᠷᠢ ᠶ᠋ᠢᠨ ᠨᠠᠷᠢᠨ ᠪᠠᠢᠳᠠᠯ ᠎ᠤᠨ ᠬᠠᠭᠤᠳᠠᠰᠤᠨ᠎ᠳᠤ 《ᠴᠤᠤᠷᠬᠠᠯ᠎ᠤᠨ ᠠᠭᠤᠯᠭ᠎ᠠ — ᠤᠯᠠᠮᠵᠢᠯᠠᠨ ᠲᠠᠷᠬᠠᠭᠠᠭᠰᠠᠨ ᠪᠠᠢᠳᠠᠯ — ᠴᠤᠤᠷᠬᠠᠯ ᠢ᠋ ᠨᠢᠴᠤᠭᠠᠭᠰᠠᠨ ᠮᠡᠳᠡᠭᠡ ᠵᠠᠩᠭᠢ —  ᠬᠡᠷᠡᠭ ᠎ᠤᠨ  ᠪᠠᠢᠳᠠᠯ ᠎ᠤᠨ ᠲᠣᠪᠴᠢ ᠲᠠᠨᠢᠯᠴᠠᠭᠤᠯᠭ᠎ᠠ — ᠬᠠᠤᠯᠢ ᠴᠠᠭᠠᠵᠠ  ᠶ᠋ᠢᠨ ᠦᠨᠳᠦᠰᠦ ᠪᠠᠷᠢᠮᠲᠠ — ᠰᠢᠢᠳᠬᠡᠭᠰᠡᠨ ᠦᠷ᠎ᠡ ᠳ᠋ᠦᠩ — ᠰᠡᠷᠡᠮᠵᠢᠯᠡᠭᠦᠯᠬᠦ ᠠᠴᠢ ᠬᠣᠯᠪᠣᠭᠳᠠᠯ 》 ᠵᠡᠷᠭᠡ ᠭᠤᠭᠴᠤᠭ᠎ᠠ ᠶ᠋ᠢ ᠪᠦᠬᠦ ᠲᠠᠯ᠎ᠠ᠎ᠪᠠᠷ ᠳᠡᠯᠭᠡᠨ ᠦᠵᠡᠭᠦᠯᠵᠦ᠂ ᠴᠤᠤᠷᠬᠠᠯ ᠎ᠤᠨ ᠪᠤᠶ ᠪᠣᠯᠬᠤ᠂ ᠤᠯᠠᠮᠵᠢᠯᠠᠨ ᠲᠠᠷᠬᠠᠭᠠᠬᠤ ᠪᠠ ᠴᠡᠭᠴᠡᠯᠡᠨ ᠵᠠᠰᠠᠬᠤ ᠪᠦᠬᠦ ᠶᠠᠪᠤᠴᠠ ᠶ᠋ᠢ ᠰᠢᠰᠲᠧᠮ᠎ᠲᠠᠢ᠎ᠪᠡᠷ ᠢᠯᠡᠷᠡᠭᠦᠯᠵᠦ᠂ ᠪᠦᠷᠢᠨ ᠪᠦᠲᠦᠨ ᠮᠡᠳᠡᠭᠡ ᠵᠠᠩᠭᠢ ᠶ᠋ᠢᠨ ᠬᠡᠯᠬᠢᠶ᠎ᠡ᠎ᠪᠡᠷ ᠳᠠᠮᠵᠢᠭᠤᠯᠤᠨ ᠦᠨᠡᠨ ᠪᠠᠢᠳᠠᠯ ᠢ᠋ ᠨᠢ ᠰᠡᠷᠭᠦᠭᠡᠵᠦ᠂ ᠴᠤᠤᠷᠬᠠᠯ  ᠢ᠋ 《ᠳᠠᠯᠳᠠᠯᠠᠬᠤ ᠭᠠᠵᠠᠷ》 ᠦᠭᠡᠢ ᠪᠣᠯᠭᠠᠵᠠᠢ᠃

ᠥᠪᠥᠷ ᠮᠣᠩᠭᠣᠯ ᠎ᠤᠨ ᠢᠨᠲᠧᠷ ᠰᠦᠯᠵᠢᠶᠡᠨ᠎ᠦ ᠴᠤᠤᠷᠬᠠᠯ ᠎ᠢ  ᠢᠯᠭᠠᠨ ᠲᠠᠨᠢᠬᠤ ᠬᠥᠮᠥᠷᠭᠡ᠎ᠶᠢ ᠬᠡᠷᠬᠢᠨ ᠬᠡᠷᠡᠭᠯᠡᠬᠦ ᠪᠤᠶ?

1.  《ᠥᠪᠥᠷ ᠮᠣᠩᠭᠣᠯ᠎ᠤᠨ ᠰᠦᠯᠵᠢᠶ᠎ᠡ᠎ᠪᠡᠷ ᠢᠯᠡᠴᠢᠯᠡᠨ ᠮᠡᠳᠡᠭᠦᠯᠬᠦ 》 ᠵᠢᠷᠬᠢᠶ᠎ᠡ ᠵᠢᠨ ᠨᠡᠶ᠋ᠢᠲᠡ᠎ᠶᠢᠨ ᠳ᠋ᠤᠭᠠᠷ᠎ᠢ ᠡᠷᠢᠵᠦ᠂ 《ᠠᠰ ᠵᠢᠡᠷ ᠵᠢᠡᠨ ᠬᠠᠷᠢᠯᠴᠠᠬᠤ 》 ᠭᠡᠳᠡᠭ ᠎ᠢ ᠲᠣᠪᠴᠢᠳᠠᠨ᠂ ᠳᠣᠣᠷ᠎ᠠ ᠲᠠᠯ᠎ᠠ᠎ᠶᠢᠨ 《ᠴᠤᠦᠷᠬᠠᠯ᠎ᠢ ᠨᠢᠴᠤᠭᠠᠬᠤ ᠲᠤᠰᠬᠠᠢ ᠣᠷᠣᠨ 》 ᠎ᠢ  ᠰᠣᠩᠭᠣᠵᠤ᠂ 《ᠴᠤᠦᠷᠬᠠᠯ ᠎ᠢ ᠢᠯᠭᠠᠨ ᠲᠠᠨᠢᠬᠤ ᠬᠥᠮᠥᠷᠭᠡ》 ᠎ᠶᠢ ᠲᠣᠪᠴᠢᠳᠠᠪᠠᠯ ᠳᠠᠷᠤᠢ ᠥᠨᠳᠥᠷ ᠪᠦᠲᠦᠮᠵᠢᠲᠡᠶ᠂ ᠨᠠᠷᠢᠯᠢᠭ᠋ ᠣᠨᠣᠴᠠᠲᠠᠢ᠂ ᠨᠠᠢᠳᠠᠪᠤᠷᠢᠲᠠᠢ ᠮᠡᠳᠡᠭᠡ ᠵᠠᠩᠭᠢ᠎ᠶᠢᠨ ᠦᠨᠡᠨ ᠬᠤᠳᠠᠯ ᠎ᠢ ᠢᠯᠭᠠᠨ ᠲᠠᠨᠢᠬᠤ ᠦᠢᠯᠡᠴᠢᠯᠡᠭᠡ ᠎ᠶᠢ ᠭᠥᠷᠳᠡᠵᠦ ᠪᠣᠯᠣᠨ᠎ᠠ᠃

2. ᠳᠣᠣᠷ᠎ᠠ ᠲᠠᠯ᠎ᠠ᠎ᠶᠢᠨ ᠬᠣᠶᠠᠷ ᠬᠡᠮᠵᠢᠯᠲᠦ ᠺᠤᠳ᠋᠎ᠢ ᠰᠢᠷᠪᠢᠵᠦ᠂ 《ᠥᠪᠥᠷ ᠮᠣᠩᠭᠣᠯ ᠎ᠤᠨ ᠢᠨᠲ᠋ᠸᠷ ᠰᠦᠯᠵᠢᠶᠡᠨ᠎ᠦ ᠴᠤᠤᠷᠬᠠᠯ᠎ᠢ ᠢᠯᠭᠠᠨ ᠲᠠᠨᠢᠬᠤ ᠬᠥᠮᠥᠷᠭᠡ》 ᠵᠢᠨ ᠥᠨᠳᠥᠷ ᠪᠦᠲᠦᠮᠵᠢᠲᠡᠢ ᠪᠥᠭᠡᠳ ᠳᠥᠭᠥᠮ ᠳᠥᠲᠡ ᠪᠠᠢᠬᠤ᠎ᠶᠢ ᠪᠡᠶᠡᠴᠢᠯᠡᠨ ᠣᠢᠯᠠᠭᠠᠨ᠎ᠠ᠃

ᠰᠢᠨ᠎ᠡ ᠭᠠᠷᠤᠭ᠎ᠠ ᠳᠡᠭᠡᠷ᠎ᠡ ᠵᠣᠭᠰᠣᠵᠤ᠂ ᠪᠢᠳᠡ ᠬᠠᠮᠳᠤ ᠪᠡᠷ ᠪᠠᠢᠴᠠᠭᠠᠨ ᠯᠠᠪᠯᠠᠯᠲᠠ᠎ᠪᠠᠷ ᠰᠣᠬᠣᠷ ᠪᠠᠯᠠᠢ ᠎ᠪᠠᠷ ᠳᠠᠮᠵᠢᠭᠤᠯᠤᠨ ᠲᠠᠷᠬᠠᠭᠠᠬᠤ ᠎ᠶᠢ ᠣᠷᠣᠯᠠᠭᠤᠯᠵᠤ᠂ ᠡᠷᠬᠡ ᠰᠦᠷᠳᠤ ᠦᠨᠡᠨ ᠪᠠᠢᠳᠠᠯ᠎ᠢᠶᠠᠷ ᠴᠤᠦᠷᠬᠠᠯ ᠎ᠤᠨ ᠮᠠᠨᠠᠨ᠎ᠢ ᠰᠠᠷᠨᠢᠭᠤᠯᠵᠤ᠂ ᠥᠪᠥᠷ ᠮᠣᠩᠭᠣᠯ ᠎ᠤᠨ ᠰᠦᠯᠵᠢᠶᠡᠨ᠎ᠦ ᠣᠷᠣᠨ ᠵᠠᠢ ᠵᠢ ᠬᠠᠮᠲᠤ᠎ᠪᠠᠷ ᠵᠠᠰᠠᠵᠤ ᠬᠠᠮᠲᠤ᠎ᠪᠠᠷ ᠡᠳ᠋ᠯᠡᠬᠦ ᠳᠤᠮᠳᠠ ᠨᠠᠩ ᠴᠡᠪᠡᠷ ᠲᠤᠩᠭᠠᠯᠠᠭ᠂ ᠠᠮᠤᠷ ᠲᠦᠪᠰᠢᠨ᠂ ᠡᠮᠬᠢ ᠵᠢᠷᠤᠮ᠎ᠲᠠᠢ ᠪᠣᠯᠭᠠᠵᠠᠭᠠᠶ᠎ᠠ!

 

ᠢᠷᠡᠯᠲᠡ ᠄ ᠥᠪᠥᠷ ᠮᠣᠩᠭᠣᠯ᠎ᠤᠨ ᠰᠦᠯᠵᠢᠶ᠎ᠡ᠎ᠪᠡᠷ ᠢᠯᠡᠴᠢᠯᠡᠨ ᠮᠡᠳᠡᠭᠦᠯᠬᠦ ᠵᠢᠷᠬᠢᠶ᠎ᠡ ᠵᠢᠨ ᠨᠡᠢᠳᠡ ᠵᠢᠨ ᠳ᠋ᠤᠭᠠᠷ

 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号