5 ᠰᠠᠷ᠎ᠠ ᠵᠢᠨ 17 ᠤ᠋ ᠡᠳᠤᠷ᠂ ᠤᠯᠠᠨ ᠤᠯᠤᠰ ᠤ᠋ᠨ ᠮᠦᠽᠸᠢ ᠵᠢᠨ ᠡᠳᠤᠷ ᠬᠦᠷᠴᠤ ᠢᠷᠡᠬᠦ ᠲᠠᠰᠢᠷᠠᠮ ᠳ᠋ᠤ ᠬᠦᠬᠡᠬᠤᠳᠠ ᠵᠢᠨ ᠮᠦᠽᠸᠢ 《ᠠᠭᠤᠯᠠ ᠤᠰᠤ ᠨᠢ ᠬᠦᠬᠡᠷᠡᠨ ᠴᠡᠡᠭᠭᠡᠷᠯᠡᠭᠰᠡᠨ ᠦᠵᠡᠰᠭᠦᠯᠡᠩᠲᠦ ᠰᠠᠢᠬᠠᠨ ᠬᠥᠬᠡᠬᠣᠲᠠ — ᠬᠥᠬᠡᠬᠣᠲᠠ ᠵᠢᠨ ᠲᠡᠦᠬᠡ ᠰᠣᠶᠣᠯ ᠤ᠋ᠨ ᠦᠵᠡᠬᠦᠯᠭᠡ》 ᠭᠠᠷᠭᠠᠵᠤ᠂ 700 ᠭᠠᠷᠤᠢ ᠬᠤᠪᠢ (ᠢᠵᠢ) ᠲᠡᠦᠬᠡ ᠵᠢᠨ ᠳᠤᠷᠠᠰᠭᠠᠯᠲᠤ ᠵᠦᠢᠯᠡᠰ ᠢ᠋ ᠲᠠᠯᠬᠡᠨ ᠦᠵᠡᠬᠦᠯᠵᠤ᠂ ᠬᠦᠬᠡᠬᠤᠳᠠ ᠵᠢᠨ ᠦᠤᠬᠡ ᠲᠡᠤᠭᠡ ᠵᠢ ᠲᠡᠯᠭᠡᠯᠠ᠃

ᠵᠢᠷᠤᠭ ᠪᠤᠯ 5 ᠰᠠᠷ᠎ᠡ ᠵᠢᠨ 17ᠤ ᠡᠳᠦᠷ᠂ ᠬᠤᠲᠠ ᠵᠢᠨ ᠠᠷᠠᠳ 《ᠠᠭᠤᠯᠠ ᠤᠰᠤ ᠨᠢ ᠬᠦᠬᠡᠷᠡᠨ ᠴᠡᠩᠭᠡᠷᠯᠡᠭᠰᠡᠨ ᠦᠵᠡᠰᠭᠦᠯᠡᠩᠲᠦ ᠰᠠᠢᠬᠠᠨ ᠬᠦᠬᠡᠬᠤᠲᠠ — ᠬᠦᠬᠡᠬᠤᠲᠠ ᠵᠢᠨ ᠲᠡᠤᠬᠡ ᠰᠤᠶᠤᠯ ᠤᠨ ᠦᠵᠡᠭᠦᠯᠭᠡ》ᠳᠤ ᠬᠦᠷᠴᠦ᠂ ᠲᠡᠤᠭᠡ ᠵᠢᠨ ᠲᠤᠷᠰᠬᠠᠯᠲᠦ ᠵᠦᠢᠯᠡᠰᠢ ᠰᠤᠨᠢᠷᠬᠠᠵᠦ ᠪᠠᠢᠨ᠎ᠡ᠃
ᠲᠤᠰ ᠰᠤᠨᠢᠨᠤ ᠰᠤᠷᠪᠤᠯᠵᠢᠯᠠᠭᠴᠢ ᠭᠤᠤ ᠬᠤᠩ ᠯᠢᠶᠠᠨ ᠰᠡᠭᠦᠳᠡᠷᠯᠡᠪᠡ
ᠤᠯᠤᠰ ᠤ᠋ᠨ ᠲᠡᠤᠭᠡ ᠵᠢᠨ ᠲᠤᠷᠠᠰᠬᠠᠯᠳᠤ ᠵᠦᠢᠯᠡᠰ ᠤ᠋ᠨ ᠲᠤᠪᠴᠢᠶ᠎ᠠ᠂ ᠤᠯᠤᠰ ᠤ᠋ᠨ ᠮᠦᠽᠸᠢ᠂ ᠬᠠᠭᠠᠨ ᠤ᠋ ᠤᠷᠳᠤᠨ ᠤ᠋ ᠮᠦᠽᠸᠢ᠂ ᠦᠪᠤᠷ ᠮᠤᠡᠭᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠲᠡᠤᠭᠡ ᠵᠢᠨ ᠲᠤᠷᠠᠰᠬᠠᠯᠳᠤ ᠵᠦᠢᠯᠡᠰ ᠤ᠋ᠨ ᠲᠤᠪᠴᠢᠶ᠎ᠠ᠂ ᠦᠪᠤᠷ ᠮᠤᠡᠭᠭᠤᠯ ᠤ᠋ᠨ ᠮᠦᠽᠸᠢ᠂ ᠦᠪᠤᠷ ᠮᠤᠡᠭᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠲᠡᠤᠭᠡ ᠵᠢᠨ ᠲᠤᠷᠠᠰᠬᠠᠯᠳᠤ ᠵᠦᠢᠯᠡᠰ ᠤ᠋ᠨ ᠬᠠᠭᠤᠴᠢ ᠰᠤᠳᠤᠯᠬᠤ ᠬᠦᠷᠢᠶᠡᠯᠡᠡᠭ᠂ ᠬᠦᠬᠡᠬᠤᠳᠠ ᠵᠢᠨ ᠲᠡᠤᠭᠡ ᠵᠢᠨ ᠲᠤᠷᠠᠰᠬᠠᠯᠳᠤ ᠵᠦᠢᠯᠠᠰ ᠤ᠋ᠨ ᠬᠠᠭᠤᠴᠢ ᠰᠤᠳᠤᠯᠬᠤ ᠭᠠᠵᠠᠷ ᠵᠡᠷᠭᠡ 20 ᠭᠠᠷᠤᠢ ᠪᠠᠢᠭᠤᠯᠭ᠎ᠠ ᠨᠢᠭᠡᠴᠢ ᠵᠢᠨ ᠬᠢᠨ ᠦᠵᠡᠬᠦᠯᠭᠡ ᠵᠢᠨ ᠡᠬᠢᠯᠡᠯᠳᠡ ᠵᠢᠨ ᠶᠤᠰᠤᠯᠠᠯ ᠳ᠋ᠤ ᠤᠷᠤᠯᠴᠠᠪᠠ᠃
ᠦᠵᠡᠬᠦᠯᠭᠡ ᠨᠢ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠤ ᠪᠡᠷ ᠭᠣᠣᠯ ᠱᠢᠵᠢᠮ ᠪᠣᠯᠭᠠᠵᠤ᠂ ᠬᠥᠬᠡᠬᠣᠲᠠ ᠵᠢᠨ ᠦᠶ᠎ᠠ ᠤᠯᠠᠷᠢᠨ ᠬᠦᠭᠵᠢᠵᠤ ᠢᠷᠡᠭᠰᠡᠨ ᠦᠨᠢᠷ ᠪᠠᠳᠠᠷᠠᠯᠳᠤ ᠲᠡᠤᠭᠡ᠂ ᠠᠮᠢᠳᠤᠯᠢᠭ ᠦᠯᠢᠭᠡᠷ᠂ ᠬᠢᠯᠢ ᠬᠢᠵᠠᠭᠠᠷ ᠤ᠋ᠨ ᠵᠠᠰᠠᠯᠳᠠ ᠵᠢᠨ ᠠᠭᠤᠳᠠᠮᠴᠢ ᠪᠤᠳᠤᠯᠭ᠎ᠠ ᠪᠠ ᠤᠶᠤᠨ ᠤᠬᠠᠭᠠᠨ ᠢ᠋ ᠪᠦᠬᠦ ᠲᠠᠯ᠎ᠠ ᠪᠡᠷ ᠲᠠᠢᠯᠪᠤᠷᠢᠯᠠᠬᠰᠠᠨ ᠡᠴᠡ ᠭᠠᠳᠠᠨ᠎ᠠ ᠡᠨᠡ ᠬᠦ᠌ ᠠᠷᠠᠯᠵᠢᠶ᠎ᠠ ᠬᠤᠳᠠᠯᠳᠤᠭᠠᠨ ᠤ᠋ ᠴᠢᠬᠤᠯᠠ ᠪᠠᠯᠭᠠᠰᠤ ᠵᠢᠨ ᠬᠥᠭ᠌ᠵᠢᠯ ᠴᠡᠴᠡᠭ᠌ᠯᠡᠯ ᠪᠠ ᠠᠭᠤᠰᠤᠯᠴᠠᠯ ᠢ᠋ ᠢᠯᠡᠷᠡᠭᠦᠯᠵᠦ᠍᠂ ᠦᠵᠡᠭ᠌ᠴᠢᠳ ᠲᠦ᠍ ᠬᠥᠬᠡᠬᠣᠲᠠ ᠵᠢᠨ ᠦᠤᠬᠡ ᠲᠡᠤᠭᠡ ᠵᠢ ᠬᠦᠨᠵᠡᠭᠡᠢ ᠦᠢᠯᠠᠭᠠᠭᠤᠯᠵᠠᠢ᠃ ᠦᠵᠡᠬᠦᠯᠬᠡ ᠳ᠋ᠤ ᠳᠤᠮᠳᠠᠳᠤ ᠤᠯᠤᠰ ᠤ᠋ᠨ ᠤᠯᠤᠰ ᠤ᠋ᠨ ᠮᠦᠽᠧᠢ ᠳ᠋ᠤ ᠬᠤᠷᠢᠶᠠᠨ ᠬᠠᠳᠠᠭᠠᠯᠠᠵᠤ ᠪᠠᠢᠭ᠎ᠠ ᠬᠥᠬᠡᠬᠣᠲᠠ ᠣᠷᠣᠨ ᠡᠴᠡ ᠤᠯᠳᠠᠭᠰᠠᠨ ᠬᠠᠨ ᠤᠯᠤᠰ ᠤ᠋ᠨ ᠦᠶ᠎ᠡ ᠵᠢᠨ ᠨᠡᠷᠡᠨ ᠬᠡᠮᠵᠢᠬᠦᠷ ᠵᠡᠷᠭᠡ 《ᠤᠯᠤᠰ ᠤ᠋ᠨ ᠡᠷᠳᠡᠨᠢ》 ᠵᠢ ᠪᠠᠬᠳᠠᠭᠠᠬᠰᠠᠨ 700 ᠭᠠᠷᠤᠢ ᠬᠤᠪᠢ (ᠢᠵᠢ) ᠲᠡᠦᠬᠡ ᠵᠢᠨ ᠳᠤᠷᠠᠰᠭᠠᠯᠲᠤ ᠵᠦᠢᠯᠡᠰ ᠢ᠋ ᠲᠡᠯᠭᠡᠨ ᠦᠵᠡᠬᠦᠯᠦᠭᠰᠡᠨ ᠪᠠᠢᠨ᠎ᠠ᠃
《ᠲᠤᠰ ᠦᠵᠡᠬᠦᠯᠭᠡ ᠪᠤᠯ 2026 ᠤᠨ ᠤ᠋ ᠤᠯᠠᠨ ᠤᠯᠤᠰ ᠤ᠋ᠨ ᠮᠦᠽᠸᠢ ᠵᠢᠨ ᠡᠳᠤᠷ ᠤ᠋ᠨ ᠲᠤᠮᠳᠠᠳᠤ ᠤᠯᠤᠰ ᠤ᠋ᠨ ᠭᠤᠤᠯ ᠬᠤᠷᠠᠯ ᠤ᠋ᠨ ᠲᠠᠯᠠᠪᠠᠢ ᠵᠢᠨ ᠴᠢᠬᠤᠯᠠ ᠠᠵᠢᠯᠯᠠᠭ᠎ᠠ ᠵᠢᠨ ᠨᠢᠭᠡ ᠪᠠᠢᠵᠤ᠂ ᠦᠷᠭᠡᠨ ᠤᠯᠠᠨ ᠦᠵᠡᠭᠴᠢ ᠵᠢᠨ ᠠᠡᠭᠬᠠᠷᠤᠯ ᠢ᠋ ᠲᠠᠳᠠᠯ᠎ᠠ᠃ ᠮᠦᠨ ᠴᠦ᠍ ᠠᠡᠭᠬ᠎ᠠ ᠤᠳᠠᠭ᠎ᠠ ᠬᠦᠬᠡᠬᠤᠳᠠ ᠵᠢᠨ ᠲᠡᠤᠭᠡ ᠰᠤᠶᠤᠯ ᠢ᠋ ᠪᠦᠬᠦ ᠲᠠᠯ᠎ᠠ ᠪᠡᠷ ᠡᠮᠬᠢᠯᠡᠵᠤ᠂ ᠮᠠᠯᠵᠢᠬᠤ ᠲᠠᠷᠢᠶᠠᠯᠠᠬᠤ ᠰᠤᠶᠤᠯ ᠰᠤᠯᠪᠢᠴᠠᠬᠰᠠᠨ ᠤᠷᠤᠨ ᠤ᠋ ᠦᠨᠳᠤᠰᠤᠳᠡᠨ ᠨᠤᠬᠦᠳ ᠤ᠋ᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ ᠤ᠋ᠨ ᠲᠡᠤᠭᠡᠨ ᠶᠠᠪᠤᠴᠠ ᠵᠢ ᠰᠢᠰᠲᠸᠮ ᠲᠠᠢ ᠲᠠᠢᠯᠪᠤᠷᠢᠯᠠᠬᠤ ᠪᠡᠷ ᠲᠡᠮᠵᠢᠨ ᠨᠡᠡᠭ ᠤᠯᠠᠨ ᠬᠦᠮᠤᠰ ᠲᠸ᠋ ᠬᠦᠬᠡᠬᠤᠳᠠ ᠵᠢᠨ ᠲᠡᠤᠭᠡ ᠰᠤᠶᠤᠯ ᠢ᠋ ᠰᠠᠢᠳᠤᠷ ᠦᠢᠯᠠᠭᠠᠭᠤᠯᠬᠤ ᠵᠢ ᠵᠤᠷᠢᠪᠡ᠃ ᠪᠢᠳᠡ ᠲᠤᠰ ᠦᠵᠡᠬᠦᠯᠭᠡ ᠵᠢ ᠪᠠᠢᠡᠭᠭᠤ ᠵᠢᠨ ᠴᠢᠨᠠᠷᠳᠠᠢ ᠲᠡᠯᠭᠡᠨ ᠦᠵᠡᠬᠦᠯᠬᠦ ᠪᠤᠯᠤᠨ᠎ᠠ》 ᠬᠡᠵᠤ ᠬᠦᠬᠡᠬᠤᠳᠠ ᠵᠢᠨ ᠮᠦᠽᠸᠢ ᠵᠢᠨ ᠠᠵᠢᠯᠳᠠᠨ ᠭᠤᠤ ᠺᠠᠢ ᠯᠦᠨ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
ᠦᠵᠡᠬᠦᠯᠭᠡ ᠨᠢ ᠬᠥᠬᠡᠬᠣᠲᠠ ᠵᠢᠨ ᠴᠢᠬᠤᠯᠠ ᠶᠡᠭᠡ ᠰᠣᠶᠣᠯ ᠤ᠋ᠨ ᠪᠡᠯᠭᠡ ᠳᠡᠮᠳᠡᠭ ᠪᠤᠯᠬᠤ — ᠬᠢᠯᠢ ᠬᠢᠵᠠᠭᠠᠷ ᠤ᠋ᠨ ᠴᠢᠬᠤᠯᠠ ᠪᠠᠯᠭᠠᠰᠤ᠂ ᠲᠤᠪᠠ ᠰᠢᠶᠠᠨᠪᠢ ᠵᠢᠨ ᠡᠬᠦᠰᠤᠯ ᠤ᠋ᠨ ᠭᠠᠵᠠᠷ᠂ ᠦᠨᠳᠦᠰᠦᠲᠡᠨ ᠤ᠋ ᠠᠭᠤᠰᠤᠯᠴᠠᠯ ᠤ᠋ᠨ ᠴᠢᠬᠤᠯᠠ ᠤᠷᠤᠨ ᠪᠠ ᠰᠦᠮ᠎ᠠ ᠬᠡᠢᠳ ᠤ᠋ᠨ ᠰᠣᠶᠣᠯ ᠢ᠋ ᠳᠤᠪᠤᠢ᠌ᠯᠭᠠᠬᠰᠠᠨ ᠤ᠋ ᠬᠠᠮᠲᠤ ᠴᠡᠯᠡᠭᠡᠷ ᠲᠠᠯ᠎ᠠ ᠵᠢᠨ ᠳᠠᠭᠤᠯᠠᠯ ᠪᠡ ᠸᠠᠩ ᠵᠤᠤ ᠵᠢᠶᠦ᠋ᠨ ᠬᠡᠬᠦ 2 ᠶᠡᠬᠡ IP ᠲᠠᠢ ᠤᠶᠠᠯᠳᠤᠭᠤᠯᠵᠤ ᠪᠠᠢᠭᠠᠳ ᠬᠦᠬᠡᠬᠤᠳᠠ ᠵᠢᠨ ᠰᠤᠶᠤᠯ ᠤ᠋ᠨ ᠠᠭᠤᠯᠤᠬᠳᠠᠬᠤᠨ ᠢ᠋ ᠬᠦᠨᠵᠡᠬᠡᠢ ᠢᠯᠡᠷᠡᠬᠦᠯᠵᠤ᠂ ᠲᠤᠮᠳᠠᠳᠤ ᠵᠢᠨ ᠦᠨᠳᠤᠰᠤᠳᠡᠨ ᠤ᠋ ᠤᠯᠠᠨ ᠡᠰᠢᠵᠢᠵᠤ ᠨᠢᠭᠡ ᠴᠤᠬᠴᠠᠵᠢᠬᠰᠠᠨ ᠪᠠᠢᠷᠢᠰᠢᠯ ᠢ᠋ ᠬᠦᠨᠵᠡᠭᠡᠢ ᠲᠠᠢᠯᠪᠤᠷᠢᠯᠠᠵᠠᠢ᠃ ᠪᠠᠰᠠ ᠤᠮᠠᠷᠠᠲᠤ ᠵᠢᠨ ᠲᠠᠯ᠎ᠠ ᠨᠤᠲᠤᠭ ᠤ᠋ᠨ ᠨᠡᠭᠦᠳᠡᠯ ᠮᠠᠯᠵᠢᠯ ᠤ᠋ᠨ ᠪᠣᠯᠪᠠᠰᠤᠨ ᠪᠣᠯᠤᠨ ᠳᠤᠮᠳᠠᠳᠤ ᠣᠷᠣᠨ ᠤ᠋ ᠲᠠᠷᠢᠶᠠᠯᠠᠬᠤ ᠪᠣᠯᠪᠠᠰᠤᠨ ᠤ᠋ ᠮᠥᠷᠭᠥᠯᠳᠤᠯ ᠪᠠ ᠠᠭᠤᠰᠤᠯᠴᠠᠯ ᠤ᠋ᠨ ᠰᠦᠷ ᠲᠠᠯᠠᠢᠴᠠᠳᠠᠢ ᠵᠢᠷᠤᠭ ᠢ᠋ ᠲᠠᠯᠬᠡᠵᠤ᠂ ᠬᠥᠬᠡᠬᠣᠲᠠ ᠵᠢᠨ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠰᠠᠨ ᠲᠡᠦᠬᠡᠳᠤ ᠭᠡᠷᠡᠴᠢ ᠵᠢ ᠪᠠᠳᠤᠵᠢᠭᠤᠯᠪᠠ᠃