ᠭᠠᠳᠠᠭᠠᠳᠤ ᠶᠠᠪᠤᠳᠠᠯ᠎ᠤᠨ ᠶᠠᠮᠤᠨ᠎ᠤ ᠥᠭᠦᠯᠡᠭ᠌ᠴᠢ ᠭᠦᠸᠧ ᠵᠢᠶᠠ ᠺᠦᠨ 14 ᠤ᠋ ᠡᠳᠦᠷ᠂ ᠳᠤᠮᠳᠠᠳᠤ ᠤᠯᠤᠰ ᠡᠨᠡ ᠵᠢᠯ᠎ᠦᠨ 5 ᠰᠠᠷ᠎ᠠ᠎ᠶ᠋ᠢᠨ 18 ᠡᠴᠡ 19 ᠤ᠋ ᠡᠳᠦᠷ ᠪᠣᠯᠲᠠᠯ᠎ᠠ ᠱᠠᠩᠬᠠᠢ᠎ᠳᠤ ᠠᠽᠢᠶ᠎ᠠ ᠲᠢᠪ ᠨᠣᠮᠣᠬᠠᠨ ᠳᠠᠯᠠᠢ᠎ᠶ᠋ᠢᠨ ᠣᠷᠣᠨ᠎ᠤ ᠠᠵᠤ ᠠᠬᠤᠢ᠎ᠶ᠋ᠢᠨ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ (APEC) ᠵᠢᠨ ᠬᠣᠶᠠᠳᠤᠭᠠᠷ ᠤᠳᠠᠭ᠎ᠠ᠎ᠶ᠋ᠢᠨ ᠳᠡᠭᠡᠳᠦ ᠲᠤᠱᠢᠶᠠᠯᠲᠠᠨ᠎ᠤ ᠬᠤᠷᠠᠯ᠎ᠢ ᠡᠷᠬᠢᠯᠡᠨ ᠬᠤᠷᠠᠯᠳᠤᠭᠤᠯᠤᠨ᠎ᠠ ᠭᠡᠵᠦ᠍ ᠢᠯᠡᠳᠭᠡᠪᠡ᠃
ᠭᠦᠸᠧ ᠵᠢᠶᠠ ᠺᠦᠨ ᠵᠤᠷᠰᠢᠯᠲᠦ ᠰᠣᠷᠪᠣᠯᠵᠢᠯᠠᠭ᠍ᠴᠢᠳ᠎ᠤᠨ ᠬᠤᠷᠠᠯ ᠳᠡᠭᠡᠷ᠎ᠡ᠂ APEC᠎ᠤ᠋ᠨ ᠳᠡᠭᠡᠳᠦ ᠲᠤᠱᠢᠶᠠᠯᠲᠠᠨ᠎ᠤ ᠬᠤᠷᠠᠯ ᠪᠣᠯ ᠤᠳᠤᠷᠢᠳᠭᠤ ᠬᠥᠮᠦᠰ᠎ᠦᠨ ᠬᠤᠷᠠᠯ᠎ᠳᠤ ᠦᠷ᠎ᠡ ᠪᠦᠲᠦᠭᠡᠯ ᠪᠡᠯᠡᠳᠭᠡᠬᠦ᠌ ᠭᠤᠤᠯ ᠠᠷᠭ᠎ᠠ ᠵᠠᠮ ᠮᠥᠨ᠂ ᠵᠢᠯ ᠪᠦᠷᠢ ᠳᠥᠷᠪᠡ᠎ᠡᠴᠡ ᠲᠠᠪᠤ ᠤᠳᠠᠭ᠎ᠠ ᠬᠤᠷᠠᠯᠳᠤᠭᠤᠯᠳᠠᠭ᠃ 2026 ᠣᠨ᠎ᠤ APEC᠎ᠤ᠋ᠨ ᠡᠷᠬᠢᠯᠡᠭ᠌ᠴᠢ ᠤᠯᠤᠰ ᠪᠣᠯᠤᠭ᠍ᠰᠠᠨ᠎ᠤ ᠬᠤᠪᠢ᠎ᠳᠤ᠂ ᠳᠤᠮᠳᠠᠳᠤ ᠤᠯᠤᠰ 5 ᠰᠠᠷ᠎ᠠ᠎ᠶ᠋ᠢᠨ 18 ᠡᠴᠡ 19 ᠤ᠋ ᠡᠳᠦᠷ ᠪᠣᠯᠲᠠᠯ᠎ᠠ ᠱᠠᠩᠬᠠᠶ᠎ᠳᠤ APEC᠎ᠤ᠋ᠨ ᠬᠣᠶᠠᠳᠤᠭᠠᠷ ᠤᠳᠠᠭᠠᠨ᠎ᠤ ᠳᠡᠭᠡᠳᠦ ᠲᠤᠱᠢᠶᠠᠯᠲᠠᠨ᠎ᠤ ᠬᠤᠷᠠᠯ᠎ᠢ ᠡᠷᠭᠢᠯᠡᠬᠦ᠌ ᠪᠣᠯᠤᠨ᠎ᠠ ᠭᠡᠵᠦ ᠢᠯᠡᠳᠭᠡᠪᠡ᠃
《ᠡᠭᠦᠨ᠎ᠡᠴᠡ ᠭᠠᠳᠠᠨ᠎ᠠ᠂ ᠲᠣᠰ ᠤᠳᠠᠭᠠᠨ᠎ᠤ ᠳᠡᠭᠡᠳᠦ ᠲᠤᠱᠢᠶᠠᠯᠲᠠᠨ᠎ᠤ ᠬᠤᠷᠠᠯ᠎ᠡᠴᠡ ᠡᠮᠦᠨ᠎ᠡ᠂ APEC᠎ᠤ᠋ᠨ ᠡᠯ᠎ᠡ ᠵᠥᠪᠯᠡᠯ᠂ ᠠᠵᠢᠯᠯᠠᠬᠤ ᠳᠤᠭᠤᠢᠯᠠᠩ ᠴᠤ᠌ 5 ᠰᠠᠷ᠎ᠠ᠎ᠶ᠋ᠢᠨ 11᠎ᠡᠴᠡ 17 ᠤ᠋ ᠡᠳᠦᠷ ᠪᠣᠯᠲᠠᠯ᠎ᠠ 40 ᠱᠢᠬᠠᠮ ᠤᠳᠠᠭᠠᠨ᠎ᠤ ᠬᠤᠷᠠᠯ ᠬᠤᠷᠠᠯᠳᠤᠭᠤᠯᠵᠤ᠂ ᠠᠷᠠᠯᠵᠢᠶ᠎ᠠ ᠪᠠᠯᠠ ᠣᠷᠣᠭᠤᠯᠤᠯᠲᠠ᠂ ᠠᠵᠤ ᠠᠬᠤᠶ ᠮᠡᠷᠭᠡᠵᠢᠯ᠎ᠦᠨ ᠬᠠᠮᠲᠤᠷᠠᠯᠴᠠᠭ᠎ᠠ᠂ ᠡᠮᠡᠭ᠌ᠲᠡᠢᠴᠦᠳ᠂ ᠴᠠᠬᠢᠯᠭᠠᠨ ᠬᠣᠯᠪᠣᠭ᠎ᠠ᠂ ᠠᠮᠤ ᠪᠤᠳᠠᠭᠠᠨ᠎ᠤ ᠠᠮᠤᠷ ᠲᠦᠪᠱᠢᠨ ᠵᠡᠷᠭᠡ ᠬᠦᠷᠢᠶᠡᠨ᠎ᠳᠦ ᠬᠣᠯᠪᠣᠭ᠍ᠳᠠᠨ᠎ᠠ᠃ ᠵᠢᠱ᠌ᠢᠯᠲᠡ᠎ᠪᠡᠷ APEC ᠤ᠋ᠨ ᠡᠯ᠎ᠡ ᠪᠦᠷᠢᠯᠳᠦᠬᠦᠨ ᠠᠵᠤ ᠠᠬᠤᠶ᠎ᠶ᠋ᠢᠨ ᠴᠣᠭ᠍ᠴᠠ᠂ ᠨᠠᠷᠢᠨ ᠪᠢᠴᠢᠭ᠎ᠦᠨ ᠭᠠᠵᠠᠷ᠂ ᠠᠵᠢᠭ᠍ᠯᠠᠭ᠍ᠴᠢ ᠵᠡᠷᠭᠡ 1000 ᠭᠠᠷᠤᠶ ᠲᠥᠯᠥᠭᠡᠯᠡᠭ᠌ᠴᠢ ᠬᠤᠷᠠᠯ᠎ᠳᠤ ᠣᠷᠣᠯᠴᠠᠬᠤ ᠪᠣᠯᠤᠨ᠎ᠠ》 ᠭᠡᠵᠦ᠍ ᠭᠦᠸᠧ ᠵᠢᠶᠠ ᠺᠦᠨ ᠬᠡᠯᠡᠪᠡ᠃
ᠢᠷᠡᠯᠲᠡ᠄ ᠰᠢᠨᠬᠤᠸᠠ ᠬᠤᠷᠢᠶ᠎ᠠ