ᠥᠪᠥᠷ ᠮᠣᠩᠭᠣᠯ ᠤ᠋ᠨ ᠠᠩᠬᠠᠳᠠᠭ᠍ᠴᠢ ᠵᠣᠯ ᠵᠢᠷᠭᠠᠯᠲᠤ ᠭᠤᠤᠯ ᠮᠥᠷᠡᠨ ᠨᠠᠭᠤᠷ ᠴᠥᠭᠥᠷᠥᠮ ᠤ᠋ᠨ ᠪᠥᠲᠥᠭᠡᠨ ᠪᠠᠢᠭᠤᠯᠤᠯᠲᠠ ᠢ᠋ᠢᠨ ᠲᠥᠷᠥᠯ ᠵᠦᠶ᠋ᠯ ᠪᠤᠯᠬᠤ ᠲᠦᠩᠯᠢᠶᠣᠤ ᠬᠣᠲᠠ ᠢ᠋ᠢᠨ ᠱᠢᠶᠤᠤ ᠵᠤᠸᠠᠩ ᠾᠧ ᠭᠤᠤᠯ ᠤ᠋ᠨ ᠪᠥᠲᠥᠭᠡᠨ ᠪᠠᠢᠭᠤᠯᠤᠯᠲᠠ ᠢ᠋ᠢᠨ ᠲᠥᠷᠥᠯ ᠵᠦᠶ᠋ᠯ ᠢ᠋ ᠤᠳᠤ ᠶᠠᠭ ᠲᠦᠷᠭᠡᠳᠬᠡᠨ ᠠᠬᠢᠭᠤᠯᠵᠤ᠂ 6 ᠰᠠᠷ᠎ᠠ ᠢ᠋ᠢᠨ ᠰᠡᠭᠦᠯᠴᠢᠪᠡᠷ ᠳᠠᠭᠤᠰᠭᠠᠠ᠂ ᠵᠢᠯ ᠤ᠋ᠨ ᠰᠡᠭᠦᠯᠴᠢ ᠪᠡᠷ ᠱᠢᠯᠭᠠᠨ ᠠᠪᠬᠤ ᠪᠡᠷ ᠲᠥᠯᠥᠪᠯᠡᠵᠦ᠍ ᠪᠤᠢ ᠃
ᠤᠢᠯᠠᠭᠠᠭᠰᠠᠨ ᠢ᠋ᠢᠡᠷ᠂ ᠲᠣᠰ ᠲᠥᠷᠥᠯ ᠵᠦᠶ᠋ᠯᠳᠦ ᠨᠡᠢᠲᠡ1.02 ᠳ᠋ᠦᠩᠱᠢᠭᠤᠷ ᠲᠥᠭᠥᠷᠢᠭ ᠤ᠋ᠨ ᠪᠠᠯᠠ ᠣᠷᠣᠭᠤᠯᠵᠤ᠂ ᠭᠤᠤᠯᠳᠠᠭᠤ ᠭᠤᠤᠯ ᠮᠥᠷᠡᠨ ᠨᠠᠭᠤᠷ ᠴᠥᠭᠥᠷᠥᠮ ᠤ᠋ᠨ ᠤᠰᠤᠨ ᠱᠢᠰᠲ᠋ᠧᠮ ᠢ᠋ ᠬᠣᠯᠪᠣᠨ ᠨᠡᠪᠲᠡᠷᠡᠭᠦᠯᠬᠦ᠌᠂ ᠡᠷᠭᠢ ᠢ᠋ᠢᠨ ᠴᠢᠳᠠᠮᠵᠢ ᠢ᠋ᠢ ᠲᠡᠭᠦᠯᠳᠡᠷᠵᠢᠭᠦᠯᠬᠦ᠌᠂ ᠤᠰᠤᠨ ᠤ᠋ ᠠᠮᠢ ᠠᠬᠤᠢ ᠢ᠋ᠢ ᠵᠠᠰᠠᠨ ᠰᠡᠷᠭᠦᠭᠡᠬᠦ᠌᠂ ᠡᠷᠭᠢ ᠢ᠋ᠢᠨ ᠱᠤᠭᠤᠮ ᠢ᠋ ᠬᠠᠮᠢᠶᠠᠷᠴᠤ᠌ ᠬᠠᠮᠠᠭᠠᠯᠠᠬᠤ᠂ ᠣᠶᠤᠨᠴᠢ ᠬᠢᠨᠠᠨ ᠬᠡᠮᠵᠢᠬᠦ ᠲᠦᠬᠦᠭᠡᠷᠦᠮᠵᠢ ᠤᠭᠰᠠᠷᠠᠬᠤ ᠵᠡᠷᠭᠡ ᠲᠠᠪᠤᠨ ᠲᠠᠯ᠎ᠠ ᠢ᠋ᠢᠨ ᠲᠣᠭᠣᠷᠢᠨ ᠳ᠋ᠤ ᠭᠤᠤᠯᠳᠠᠯᠭᠠᠲᠠᠶ ᠬᠡᠷᠡᠭᠯᠡᠭᠰᠡᠨ ᠪᠠᠢᠨ᠎ᠠ᠃ ᠲᠥᠷᠥᠯ ᠵᠦᠶ᠋ᠯᠨᠢ ᠡᠷᠭᠢ ᠢ᠋ᠢᠨ ᠱᠤᠭᠤᠮ ᠤ᠋ᠨ ᠣᠷᠴᠢᠨ ᠲᠣᠭᠣᠷᠢᠨ ᠢ᠋ ᠴᠡᠭ᠌ᠴᠡᠯᠡᠨ ᠵᠠᠰᠠᠵᠤ᠂ ᠤᠰᠤᠨ ᠣᠷᠣᠨ ᠤ᠋ ᠠᠮᠢ ᠠᠬᠤᠶ ᠢ᠋ᠢ ᠰᠡᠷᠭᠦᠭᠡᠨ᠂ ᠬᠢᠨᠠᠨ ᠬᠡᠮᠵᠢᠬᠦ᠌ ᠱᠢᠰᠲ᠋ᠧᠮ ᠢ᠋ ᠪᠦᠷᠢᠨᠱᠢᠭᠦᠯᠵᠤ᠂ ᠤᠰᠤᠨ ᠤ᠋ ᠱᠢᠰᠲ᠋ᠧᠮ ᠢ᠋ ᠰᠠᠭᠠᠳ ᠥᠬᠡᠶ ᠨᠡᠪᠲᠡᠷᠡᠭᠦᠯᠤᠨ᠂ ᠦᠶᠡᠷ ᠵᠠᠯᠠᠬᠤ ᠴᠢᠳᠠᠪᠤᠷᠢ ᠢ᠋ᠢ ᠳᠡᠭᠡᠭ᠌ᠰᠢᠯᠡᠭᠦᠯᠵᠤ᠂ ᠤᠰᠤᠨ ᠤ᠋ ᠡᠬᠢ ᠪᠠᠶᠠᠯᠢᠭ ᠢ᠋ ᠲᠣᠬᠢᠷᠠᠭᠤᠯᠬᠤ᠂ ᠤᠰᠤᠨ ᠤ᠋ ᠠᠮᠢ ᠠᠬᠤᠶ ᠢ᠋ᠢ ᠰᠡᠷᠭᠦᠭᠡᠬᠦ᠌᠂ ᠤᠰᠤᠨ ᠤ᠋ ᠣᠷᠴᠢᠨ ᠲᠣᠭᠣᠷᠢᠨ ᠢ᠋ ᠵᠠᠰᠠᠬᠤ ᠢ᠋ᠢ ᠨᠢᠭᠡᠳᠦᠯᠲᠡᠶ ᠲᠦᠯᠦᠪᠵᠢᠭᠦᠯᠦᠨ ᠠᠬᠢᠭᠤᠯᠵᠤ᠂ ᠪᠠᠷᠠᠭᠤᠨ ᠯᠢᠶᠣᠤᠾᠧ ᠭᠣᠣᠯ ᠤ᠋ᠨ ᠠᠮᠢ ᠠᠬᠤᠢ ᠢ᠋ᠢᠨ ᠤᠰᠤ ᠨᠥᠬᠥᠪᠥᠷᠢᠯᠡᠬᠦ᠌ ᠴᠢᠬᠤᠯᠠ ᠵᠠᠮ ᠪᠤᠯᠵᠤ᠂ ᠰᠠᠪᠠ ᠭᠠᠵᠠᠷ ᠤ᠋ᠨ ᠦᠶᠡᠷ ᠢ᠋ ᠰᠡᠷᠭᠡᠢᠯᠡᠵᠦ᠍ ᠤᠰᠤᠲᠤᠯ ᠢ᠋ ᠵᠠᠯᠠᠬᠤ ᠴᠢᠳᠠᠪᠤᠷᠢ ᠢ᠋ᠢ ᠪᠦᠲᠦᠮᠵᠢᠲᠡᠢ ᠳᠡᠭᠡᠭ᠌ᠰᠢᠯᠡᠭᠦᠯᠬᠦ᠌ ᠪᠣᠯᠤᠨ᠎ᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号