《ᠬᠡᠷ᠎ᠤᠨ ᠰᠤᠷᠳᠠᠯ᠎ᠤᠨ ᠤᠷᠳᠤᠨ》 ᠡᠴᠡ ᠲᠡᠯᠭᠡᠷᠡᠬᠦ ᠤᠶᠤᠨ᠎ᠤ ᠪᠤᠯᠪᠠᠰᠤᠨ᠎ᠤ ᠴᠡᠴᠡᠭᠡᠰ
2026-05-18 16:01:07
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

3 ᠰᠠᠷ᠎ᠠ ᠵᠢᠨ ᠲᠤᠮᠳᠠᠴᠢ ᠪᠡᠷ᠂ ᠮᠠᠨ᠎ᠤ ᠰᠤᠷᠪᠤᠯᠵᠢᠯᠠᠭ᠎ᠠ ᠵᠢᠨ ᠪᠦᠯᠬᠦᠮ᠎ᠤᠨ ᠬᠢᠨ ᠤᠯᠠᠭᠠᠨᠬᠠᠳᠠ ᠬᠤᠳᠠ᠎ᠶ᠋ᠢᠨ ᠨᠢᠩᠴᠧᠩ ᠱᠢᠶᠠᠨ᠎ᠤ ᠲᠢᠶ᠍ᠸ ᠳ᠋ᠦᠩ ᠵᠡᠭᠡᠯᠢ ᠭᠤᠳᠤᠮᠵᠢ ᠵᠢᠨ ᠭᠡᠷ᠎ᠤᠨ ᠰᠤᠷᠳᠠᠯ᠎ᠤᠨ ᠤᠷᠳᠤᠨ ᠳ᠋ᠦ ᠠᠩᠬ᠎ᠠ ᠬᠦᠷᠴᠦ ᠢᠷᠡᠪᠡ᠃ ᠭᠡᠭᠡᠨ ᠰᠠᠷᠠᠭᠤᠯ᠂ ᠡᠮᠬᠢ ᠴᠡᠭᠴᠡ ᠲᠠᠢ ᠦᠵᠡᠭᠦᠯᠭᠡ ᠵᠢᠨ ᠲᠢᠩᠬᠢᠮ ᠳ᠋ᠦ ᠡᠷᠳᠡᠨ ᠡᠳᠦᠭᠡ ᠵᠢᠨ ᠨᠡᠷᠡᠲᠦ ᠬᠦᠮᠦᠰ᠎ᠤᠨ ᠭᠡᠷ᠎ᠤᠨ ᠰᠤᠷᠭᠠᠯ ᠬᠡᠷ᠎ᠤᠨ ᠰᠤᠷᠳᠠᠯ᠎ᠦᠨ ᠲᠤᠬᠠᠢ ᠪᠢᠴᠢᠬᠡᠰᠦ ᠬᠠᠨ᠎ᠠ ᠲᠦᠭᠦᠷᠡᠩ ᠡᠯᠭᠦᠭᠡᠰᠦᠲᠡᠢ ᠪᠠᠢᠵᠤ᠂ ᠬᠦᠮᠦᠰ᠎ᠤᠨ ᠠᠩᠬᠠᠷᠤᠯ᠎ᠢ ᠡᠷᠭᠡ ᠦᠭᠡᠢ ᠲᠠᠳᠠᠯ᠎ᠠ᠃

ᠲᠢᠶ᠍ᠸ ᠳ᠋ᠦᠩ ᠵᠡᠭᠡᠯᠢ ᠭᠤᠳᠤᠮᠵᠢ ᠵᠢᠨ ᠨᠠᠮ᠎ᠤᠨ ᠠᠵᠢᠯ᠎ᠤᠨ ᠬᠤᠷᠢᠶᠠᠨ᠎ᠤ ᠱᠦᠵᠢ ᠸᠠᠩ ᠶᠦᠩ ᠮᠸᠢ ᠵᠢᠨ ᠲᠠᠨᠢᠯᠴᠠᠭᠤᠯᠤᠭᠰᠠᠨ ᠵᠢᠡᠷ᠂ 2024 ᠣᠨ᠎ᠳᠤ᠂ ᠲᠢᠶ᠍ᠸ ᠳ᠋ᠦᠩ ᠵᠡᠭᠡᠯᠢ ᠭᠤᠳᠤᠮᠵᠢ ᠱᠢᠯᠢᠳᠡᠭ ᠰᠠᠢ᠌ᠨ ᠭᠡᠷ᠎ᠦᠨ ᠰᠤᠷᠭᠠᠯ ᠬᠡᠷ᠎ᠤ᠋ᠨ ᠰᠤᠷᠲᠠᠯ᠎ᠢ ᠲᠦᠭ ᠲᠦᠮᠡᠨ ᠠᠢᠯ ᠡᠷᠦᠬᠡ᠎ᠳᠦ ᠬᠦᠷᠭᠡᠵᠦ᠍᠂ ᠦᠨᠳᠦᠰᠦᠨ ᠱᠠᠲᠤᠨ᠎ᠤ ᠪᠣᠯᠪᠠᠰᠤᠨ᠎ᠤ ᠱᠢᠨ᠎ᠡ ᠤᠷᠤᠰᠭᠠᠯ᠎ᠢ ᠬᠦᠳᠦᠯᠦᠨ ᠳᠠᠭᠠᠭᠤᠯᠬᠤ ᠵᠢᠨ ᠲᠦᠯᠦᠭᠡ ᠪᠦᠬᠦ᠌ ᠬᠤᠳᠠ᠎ᠶ᠋ᠢᠨ ᠠᠩᠬᠠᠳᠠᠭ᠍ᠴᠢ ᠵᠡᠭᠡᠯᠢ ᠭᠤᠳᠤᠮᠵᠢ᠎ᠶ᠋ᠢᠨ ᠲᠡᠰ᠎ᠤᠨ ᠭᠡᠷ᠎ᠦᠨ ᠰᠤᠷᠲᠠᠯ᠎ᠤᠨ ᠣᠷᠳᠣᠨ — ᠲᠢᠶ᠍ᠸ ᠳ᠋ᠦᠩ᠎ᠤᠨ ᠭᠡᠷ᠎ᠦᠨ ᠰᠤᠷᠲᠠᠯ᠎ᠤᠨ ᠣᠷᠳᠣᠨ᠎ᠢ ᠪᠠᠢᠭᠤᠯᠤᠭᠰᠠᠨ ᠪᠠᠢᠨ᠎ᠠ᠃ 310 ᠲᠡᠭ᠌ᠰᠢ ᠳᠥᠷᠪᠡᠯᠵᠢᠨ ᠮᠧᠲ᠋ᠷ᠎ᠪᠦᠬᠦᠢ ᠦᠵᠡᠭᠦᠯᠭᠡ᠎ᠶ᠋ᠢᠨ ᠲᠢᠩᠬᠢᠮ᠎ᠳ᠋ᠦ᠂ 《ᠶᠡᠷᠦᠩᠬᠡᠶ ᠱᠦᠵᠢ ᠰᠢ ᠵᠢᠨ ᠫᠢᠩ᠎ᠦᠨ ᠬᠡᠷ᠎ᠤ᠋ᠨ ᠰᠤᠷᠭᠠᠯ ᠬᠡᠷ᠎ᠦᠨ ᠰᠤᠷᠲᠠᠯ᠎ᠤᠨ ᠲᠤᠬᠠᠶ ᠴᠢᠬᠤᠯᠠ ᠥᠭᠦᠯᠡᠯᠲᠡ᠎ᠶ᠋ᠢᠨ ᠲᠡᠭᠦᠪᠦᠷᠢ》᠂ 《ᠡᠷᠲᠡᠨ᠎ᠦ ᠨᠡᠷᠡᠳᠦ ᠬᠦᠮᠦᠰ᠎ᠤᠨ ᠬᠡᠷ᠎ᠤᠨ ᠰᠤᠷᠲᠠᠯ᠎ᠤᠨ ᠥᠯᠢᠭᠡᠷ》᠂ 《ᠣᠷᠴᠢᠨ ᠦᠶ᠎ᠡ᠎ᠶ᠋ᠢᠨ ᠬᠤᠪᠢᠰᠭᠠᠯᠴᠢᠳ᠎ᠤᠨ ᠬᠡᠷ᠎ᠤᠨ ᠰᠤᠷᠲᠠᠯ᠎ᠤᠨ ᠥᠯᠢᠭᠡᠷ》᠂ 《ᠠᠷᠢᠭᠤᠨ ᠴᠢᠬᠡᠴᠢ ᠬᠡᠷ᠎ᠤᠨ ᠰᠤᠷᠲᠠᠯ᠎ᠤᠨ ᠥᠯᠢᠭᠡᠷ》 ᠵᠢᠴᠢ 《ᠲᠢᠶᠸ ᠳ᠋ᠦᠩ᠎ᠦᠨ ᠰᠠᠢᠨ ᠬᠡᠷ᠎ᠦᠨ ᠰᠤᠷᠲᠠᠯ᠎ᠤᠨ ᠥᠯᠢᠭᠡᠷ》 ᠵᠡᠷᠭᠡ᠎ᠲᠤᠯᠤᠭᠠᠨ ᠬᠡᠰᠡᠭ᠎ᠢ ᠨᠠᠷᠢᠨ ᠨᠢᠮᠪᠠᠶ ᠳᠣᠭᠢᠷᠠᠭᠤᠯᠪᠠ ᠃

ᠲᠢᠶᠧ ᠳ᠋ᠦᠩ ᠵᠡᠭᠡᠯᠢ ᠭᠤᠳᠤᠮᠵᠢ᠎ᠶ᠋ᠢᠨ᠎ᠬᠢᠨ ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠤᠨ᠂ ᠣᠯᠠᠨ ᠡᠱᠢᠲᠦ ᠤᠬᠠᠭᠤᠯᠤᠨ ᠲᠠᠢᠯᠪᠤᠷᠢᠯᠠᠬᠤ ᠠᠷᠭ᠎ᠠ ᠵᠠᠮ᠎ᠢ ᠡᠬᠦᠳᠴᠦ᠂ ᠰᠢᠯᠢᠳᠡᠭ ᠰᠠᠢᠨ ᠬᠡᠷ᠎ᠦᠨ ᠰᠤᠷᠭᠠᠯ ᠬᠡᠷ᠎ᠤᠨ ᠰᠤᠷᠲᠠᠯ᠎ᠢ ᠬᠥᠮᠦᠰ᠎ᠦᠨ ᠰᠡᠳᠭᠢᠯ᠎ᠳᠦ ᠭᠦᠨ ᠰᠠᠭᠤᠭ᠍ᠳᠠᠭᠤᠯᠵᠤ᠂ ᠪᠤᠯᠪᠠᠰᠤᠨ᠎ᠤ ᠴᠡᠴᠡᠭᠡᠰ᠎ᠢ ᠭᠠᠵᠠᠷ ᠰᠠᠢ ᠦᠭᠡᠢ ᠲᠡᠯᠭᠡᠷᠡᠬᠦᠯᠦᠨ᠎ᠡ᠃ 《ᠲᠢᠶᠸ ᠳ᠋ᠦᠩ᠎ᠦᠨ ᠰᠠᠢᠨ ᠬᠡᠷ᠎ᠦᠨ ᠰᠤᠷᠲᠠᠯ᠎ᠤᠨ ᠥᠯᠢᠭᠡᠷ》 ᠨᠢ ᠨᠢᠩᠴᠧᠩ ᠱᠢᠶᠠᠨ᠎ᠤ ᠠᠵᠢᠯ ᠦᠢᠯᠡᠰ᠎ᠢᠶᠡᠨ ᠳᠡᠭᠡᠳᠦᠯᠡᠭᠰᠡᠨ᠂ ᠨᠠᠰᠤᠲᠠᠨ᠎ᠢᠶᠠᠨ ᠬᠦᠨᠳᠦᠯᠡᠵᠦ᠍ ᠲᠦᠷᠦᠯ ᠰᠠᠳᠤᠨ᠎ᠢᠶᠠᠨ ᠬᠠᠢᠷᠠᠯᠠᠬᠰᠠᠨ᠂ ᠦᠨᠳᠦᠰᠦᠲᠡᠨ᠎ᠦ ᠪᠦᠯᠬᠦᠮᠳᠡᠯ᠎ᠢ ᠠᠬᠢᠭᠤᠯᠤᠭᠰᠠᠨ᠂ ᠪᠣᠬᠢᠷᠲᠤᠯ ᠦᠭᠡᠢ ᠣᠷᠴᠢᠨ ᠲᠣᠭᠣᠷᠢᠨ᠎ᠢ ᠬᠠᠮᠠᠭᠠᠯᠠᠬᠰᠠᠨ ᠵᠡᠷᠭᠡ ᠬᠦᠷᠢᠶᠡᠨ᠎ᠤ 34 ᠬᠡᠷ ᠪᠦᠯᠢ᠎ᠶ᠋ᠢᠨ ᠰᠡᠳᠭᠢᠯ ᠬᠥᠳᠡᠯᠭᠡᠮ᠎ᠡ ᠦᠶ᠋ᠯᠡ ᠠᠵᠢᠯᠯᠠᠭ᠎ᠠ ᠵᠢ ᠰᠤᠩᠭᠤᠵᠤ᠂ 《ᠳᠡᠷᠭᠡᠳᠡᠬᠢ ᠬᠥᠮᠦᠰ᠎ᠨᠢ ᠳᠡᠷᠭᠡᠳᠡᠬᠢ ᠤᠴᠢᠷ ᠶᠠᠪᠤᠳᠠᠯ᠎ᠢᠶᠠᠨ ᠶᠠᠷᠢᠵᠤ᠂ ᠳᠡᠷᠭᠡᠳᠡᠬᠢ ᠤᠴᠢᠷ ᠶᠠᠪᠤᠳᠠᠯ᠎ᠨᠢ ᠳᠡᠷᠭᠡᠳᠡᠬᠢ ᠬᠥᠮᠦᠰ᠎ᠢᠶᠡᠨ ᠬᠥᠮᠦᠵᠢᠭᠦᠯᠬᠦ᠌》 ᠠᠷᠭ᠎ᠠ ᠬᠡᠯᠪᠡᠷᠢ᠎ᠪᠡᠷ ᠰᠢᠯᠢᠳᠡᠭ ᠰᠠᠢᠨ ᠬᠡᠷ᠎ᠦᠨ ᠰᠤᠷᠲᠠᠯ ᠭᠡᠷ᠎ᠤᠨ ᠰᠤᠷᠭᠠᠯ᠎ᠢ ᠠᠮᠢᠳᠤᠷᠠᠯ᠎ᠳᠤ ᠨᠠᠩ ᠠᠭᠤᠰᠬᠠᠭᠰᠠᠨ ᠵᠢᠡᠷ ᠨᠦᠯᠦᠭᠡᠯᠡᠬᠦ ᠬᠦᠴᠦᠨ ᠵᠢᠡᠷ ᠴᠢᠩᠭ᠎ᠠ ᠪᠤᠯᠵᠠᠢ᠃

《ᠮᠨᠨ᠎ᠤ ᠵᠡᠭᠡᠯᠢ ᠭᠤᠳᠤᠮᠵᠢ ᠳ᠋ᠤ 8 ᠨᠠᠢᠭᠡᠮ ᠲᠤᠭᠤᠷᠢᠬ᠂ 6 ᠲᠦᠮᠡ ᠭᠠᠷᠤᠢ ᠬᠦᠮᠦᠨ ᠠᠮᠠ ᠲᠠᠢ᠂ ᠬᠦᠮᠦᠨ ᠠᠮᠠ ᠤᠯᠠᠨ ᠪᠤᠯᠬᠤᠷ ᠨᠡᠢᠭᠡᠮ᠎ᠤᠨ ᠵᠠᠰᠠᠯᠲᠠ ᠵᠢᠨ ᠠᠵᠢᠯ ᠨᠡᠯᠢᠶᠡᠳ ᠪᠤᠳᠤᠯᠢᠶᠠᠨᠳᠠᠢ ᠪᠠᠢᠵᠠᠢ᠃ ᠭᠡᠷ᠎ᠤᠨ ᠰᠤᠷᠳᠠᠯ᠎ᠤᠨ ᠤᠷᠳᠤᠨ᠎ᠢ ᠪᠠᠢᠭᠤᠯᠬᠤ ᠡᠴᠡ ᠡᠮᠦᠨ᠎ᠡ᠂ ᠲᠢᠶ᠍ᠸ ᠳ᠋ᠦᠩ ᠵᠡᠭᠡᠯᠢ ᠭᠤᠳᠤᠮᠵᠢ ᠵᠢᠨ ᠰᠠᠭᠤᠭᠠᠯᠢ ᠠᠷᠠᠳ᠎ᠤᠨ ᠵᠠᠬᠢᠳᠠᠯ ᠰᠤᠷᠪᠤᠯᠵᠢᠯᠠᠯ᠎ᠤᠨ ᠬᠡᠮᠵᠢᠶ᠎ᠡ ᠪᠦᠬᠦ ᠰᠢᠶᠠᠨ ᠳ᠋ᠦ ᠬᠠᠮᠤᠬ᠎ᠤᠨ ᠦᠨᠳᠦᠷ ᠪᠠᠢᠭᠰᠠᠨ》 ᠬᠡᠵᠦ ᠸᠠᠩ ᠶᠦᠩ ᠮᠸᠢ ᠰᠤᠷᠪᠤᠯᠵᠢᠯᠠᠬᠴᠢ ᠳ᠋ᠦ ᠲᠠᠨᠢᠯᠴᠠᠭᠤᠯᠤᠯ᠎ᠠ᠃

ᠤᠳᠤ ᠪᠤᠯᠬᠤ ᠳ᠋ᠦ᠂ ᠨᠡᠢᠭᠡᠮ ᠲᠣᠭᠣᠷᠢᠭ᠎ᠤᠨ ᠬᠥᠳᠡᠯᠭᠡᠭᠡᠨ᠎ᠦ ᠲᠠᠰᠤᠭ᠎ᠲᠤ ᠰᠠᠭᠤᠭᠠᠯᠢ ᠠᠷᠠᠳ ᠨᠢᠭᠡ ᠳᠤᠤᠷ᠎ᠠ ᠴᠤᠬᠯᠠᠷᠠᠵᠤ᠂ ᠳᠡᠷᠭᠡᠳᠡᠬᠢ ᠬᠥᠮᠦᠰ᠎ᠦᠨ᠎ᠢᠶᠡᠨ ᠬᠡᠷ᠎ᠦᠨ ᠰᠤᠷᠲᠠᠯ ᠭᠡᠷ᠎ᠤᠨ ᠰᠤᠷᠭᠠᠯ᠎ᠤᠨ ᠥᠯᠢᠭᠡᠷ᠎ᠢ ᠰᠣᠨᠣᠰᠴᠤ᠌᠂ ᠡᠷᠬᠢᠮ ᠰᠤᠷᠭᠠᠯ᠎ᠢ ᠲᠤᠩᠭᠠᠵᠤ ᠪᠤᠯᠪᠠᠰᠤᠨ ᠰᠤᠷᠳᠠᠯ᠎ᠢ ᠲᠡᠯᠭᠡᠷᠡᠬᠦᠯᠦᠨ ᠲᠦᠭᠡᠮᠡᠯᠵᠢᠬᠦᠯᠬᠦ ᠵᠢ ᠰᠠᠨᠠᠭᠠᠴᠢᠯᠠᠨ᠎ᠠ; ᠰᠤᠷᠭᠠᠭᠤᠯᠢ᠎ᠶ᠋ᠢᠨ ᠬᠦᠷᠢᠶᠡᠨ᠎ᠳᠦ᠂ 《ᠭᠡᠷ᠎ᠦᠨ ᠰᠤᠷᠲᠠᠯ᠎ᠤᠨ ᠵᠢᠵᠢᠭ ᠬᠢᠴᠢᠶᠡᠯ᠎ᠦᠨ ᠲᠠᠩᠬᠢᠮ》 ᠨᠢ ᠪᠠᠭᠰᠢ ᠰᠤᠷᠤᠭᠴᠢᠳ᠎ᠤᠨ ᠠᠩᠬᠠᠷᠤᠯ᠎ᠢ ᠲᠠᠳᠠᠵᠤ᠂ ᠬᠡᠦᠬᠡᠳ ᠪᠠᠭᠠᠴᠤᠳ᠎ᠤᠨ ᠰᠡᠳᠬᠢᠯ ᠳ᠋ᠤ ᠶᠣᠰᠣ  ᠰᠤᠷᠲᠠᠬᠤᠨ᠎ᠢ ᠡᠷᠬᠢᠮᠯᠡᠵᠦ᠍ ᠰᠠᠢ᠌ᠨ ᠰᠠᠢᠬᠠᠨ᠎ᠢ ᠬᠥᠭᠡᠭᠡᠴᠡᠯᠳᠦᠬᠦ᠌ ᠦᠷ᠎ᠡ᠎ᠶ᠋ᠢ ᠰᠠᠴᠤᠨ᠎ᠠ; ᠨᠠᠰᠤᠲᠠᠨ᠎ᠢ ᠠᠰᠠᠷᠠᠬᠤ ᠬᠦᠷᠢᠶᠡᠯᠡᠩ᠎ᠳᠦ᠂ ᠰᠠᠢᠨ ᠳᠤᠷᠠᠴᠤᠳ ᠨᠢᠭᠡ ᠲᠠᠯ᠎ᠠ᠎ᠪᠠᠷ ᠨᠠᠰᠤᠲᠠᠨ᠎ᠢ ᠬᠠᠪᠰᠤᠷᠬᠤ ᠦᠶ᠋ᠯᠡᠴᠢᠯᠡᠭᠡ ᠥᠷᠨᠢᠭᠦᠯᠵᠦ᠍᠂ ᠨᠥᠭᠥᠭᠡ ᠲᠠᠯ᠎ᠠ᠎ᠪᠠᠷ ᠨᠠᠰᠤᠲᠠᠨ᠎ᠢᠶᠠᠨ ᠠᠴᠢᠯᠠᠵᠤ ᠲᠥᠷᠥᠯ ᠰᠠᠳᠤᠨ᠎ᠢᠶᠠᠨ ᠬᠠᠢᠷᠠᠯᠠᠬᠤ ᠬᠡᠷ᠎ᠦᠨ ᠰᠤᠷᠲᠠᠯ᠎ᠤᠨ ᠥᠯᠢᠭᠡᠷ᠎ᠢ ᠬᠤᠪᠢᠶᠠᠯᠴᠠᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠬᠡᠷ᠎ᠦᠨ ᠰᠤᠷᠭᠠᠯ ᠬᠡᠷ᠎ᠤᠨ ᠰᠤᠷᠲᠠᠯ᠎ᠤᠨ ᠠᠭᠤᠯᠤᠭ᠍ᠳᠠᠬᠤᠨ᠎ᠢ ᠲᠠᠢᠯᠪᠤᠷᠢᠯᠠᠵᠤ᠂ ᠬᠡᠷ᠎ᠦᠨ ᠰᠤᠷᠭᠠᠯ ᠬᠡᠷ᠎ᠤᠨ ᠰᠤᠷᠲᠠᠯ᠎ᠤᠨ ᠤᠬᠠᠭᠤᠯᠤᠨ ᠲᠠᠢᠯᠪᠤᠷᠢᠯᠠᠯᠳᠠ ᠶ᠋ᠢ ᠬᠠᠯᠠᠭᠤᠨ ᠳᠤᠯᠠᠭᠠᠨ ᠮᠥᠷᠲᠡᠭᠡᠨ ᠢᠳᠡ ᠬᠦᠴᠦᠨ ᠲᠠᠢ ᠪᠤᠯᠭᠠᠵᠠᠢ᠃

ᠡᠭᠦᠳᠡ᠎ᠪᠡᠨ ᠨᠡᠭᠡᠭᠡᠭ᠌ᠰᠡᠨ᠎ᠡᠴᠡ ᠨᠠᠭᠠᠰᠢ ᠲᠢᠶ᠍ᠸ ᠳ᠋ᠦᠩ᠎ᠤᠨ ᠭᠡᠷ᠎ᠦᠨ ᠰᠤᠷᠲᠠᠯ᠎ᠤᠨ ᠣᠷᠳᠣᠨ᠎ᠤ ᠨᠥᠯᠥᠭᠡᠯᠡᠬᠦ᠌ ᠬᠦᠴᠦᠨ ᠦᠷᠭᠦᠯᠵᠢᠯᠡᠨ ᠥᠷᠭᠡᠵᠢᠵᠦ᠍᠂ ᠨᠠᠮ᠎ᠤᠨ ᠭᠡᠱᠢᠭᠦᠨ ᠤᠯᠠᠨ ᠲᠦᠮᠡᠨ᠎ᠢ ᠨᠡᠢ᠌ᠳᠡ 1 ᠲᠦᠮᠡᠨ ᠬᠥᠮᠦᠨ ᠤᠳᠠᠭ᠎ᠠ ᠬᠦᠯᠢᠶᠡᠨ ᠠᠪᠴᠤ ᠪᠤᠢ᠃ 20 ᠭᠠᠷᠤᠶ ᠱᠢᠶᠠᠨ᠎ᠤ ᠱᠢᠭᠤᠳ ᠬᠠᠷᠢᠶ᠎ᠠ ᠨᠢᠭᠡᠴᠢ ᠪᠣᠯᠤᠨ ᠨᠡᠢᠭᠡᠮ᠎ᠦᠨ ᠵᠣᠬᠢᠶᠠᠨ ᠪᠠᠢᠭᠤᠯᠤᠯᠲᠠ ᠤᠷᠢᠳ ᠬᠣᠵᠢᠳ ᠡᠨᠳᠡ ᠭᠤᠤᠯ ᠰᠡᠳᠦᠪᠲᠦ ᠨᠠᠮ᠎ᠤᠨ ᠡᠳᠦᠷᠯᠢᠭ᠎ᠤᠨ ᠠᠵᠢᠯᠯᠠᠭ᠎ᠠ᠂ ᠲᠣᠭᠣᠷᠢᠨ ᠰᠤᠷᠤᠯᠴᠠᠬᠤ ᠠᠵᠢᠯᠯᠠᠭ᠎ᠠ ᠥᠷᠨᠢᠭᠦᠯᠵᠦ᠍᠂ ᠨᠡᠢᠳᠡ 8000 ᠭᠠᠷᠤᠶ ᠬᠥᠮᠦᠨ ᠤᠳᠠᠭ᠎ᠠ ᠵᠢ ᠵᠤᠬᠢᠶᠠᠨ ᠪᠠᠢᠭᠤᠯᠵᠤ ᠬᠥᠮᠦᠵᠢᠯ ᠬᠦᠷᠲᠡᠭᠡᠵᠡᠢ᠃

ᠲᠢᠶ᠍ᠸ ᠳ᠋ᠦᠩ ᠵᠡᠭᠡᠯᠢ ᠭᠤᠳᠤᠮᠵᠢ᠎ᠪᠠᠰᠠ ᠥᠨᠳᠥᠷ ᠬᠡᠪ ᠪᠣᠯᠪᠠᠰᠤᠷᠠᠯ᠎ᠲᠠᠶ 100 ᠭᠠᠷᠤᠢ ᠰᠠᠢ᠌ᠨ ᠲᠤᠷᠠᠴᠤᠳ᠎ᠢ ᠵᠤᠬᠢᠶᠠᠨ ᠪᠠᠢᠭᠤᠯᠵᠤ᠂ ᠰᠠᠭᠤᠭᠠᠯᠢ ᠠᠷᠠᠳ᠎ᠤᠨ ᠲᠣᠭᠣᠷᠢᠭ᠂ ᠠᠭᠤᠳᠠᠮ ᠲᠠᠯᠠᠪᠠᠢ᠂ ᠵᠡᠭᠡᠯᠢ ᠭᠤᠳᠤᠮᠵᠢ᠎ᠪᠠᠷ ᠭᠦᠨᠵᠡᠭᠡᠢᠷᠡᠵᠦ᠍᠂ 100 ᠭᠠᠷᠤᠢ ᠲᠠᠯᠠᠪᠤᠷ ᠠᠮᠢᠳᠤᠯᠢᠭ ᠰᠠᠢᠬᠠᠨ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ ᠥᠷᠨᠢᠭᠦᠯᠵᠦ᠍᠂ ᠱᠢᠯᠢᠳᠡᠭ ᠰᠠᠢ᠌ᠨ ᠭᠡᠷ᠎ᠦᠨ ᠰᠤᠷᠲᠠᠯ᠎ᠢ ᠡᠭᠡᠯ ᠵᠢᠷ᠎ᠦᠨ ᠠᠷᠠᠳ᠎ᠤᠨ ᠭᠡᠷ᠎ᠲᠦ ᠲᠦᠭᠡᠮᠡᠯᠵᠢᠬᠦᠯᠪᠡ᠃ ᠡᠭᠦᠨ᠎ᠦ ᠬᠠᠮᠲᠤ᠂ ᠾᠧ ᠳ᠋ᠦᠩ  ᠨᠡᠢᠭᠡᠮ  ᠲᠣᠭᠣᠷᠢᠭ᠎ᠲᠤ 《ᠰᠠᠢᠨ ᠬᠡᠷ᠎ᠦᠨ ᠰᠤᠷᠭᠠᠯ᠎ᠤᠨ ᠬᠡᠷ ᠣᠷᠣᠨ》 ᠪᠠᠢᠭᠤᠯᠤᠭᠳᠠᠵᠤ᠂ ᠨᠡᠢᠭᠡᠮ ᠲᠣᠭᠣᠷᠢᠭ᠎ᠤᠨ ᠪᠠᠰᠠ ᠨᠢᠭᠡᠨ ᠦᠵᠡᠰᠭᠦᠯᠡᠩᠲᠦ ᠰᠠᠢᠬᠠᠨ ᠦᠵᠡᠮᠵᠢ᠎ᠶ᠋ᠢᠨ ᠣᠷᠣᠨ ᠪᠤᠯᠵᠤ᠂ ᠬᠠᠷᠢᠶ᠎ᠠ ᠣᠷᠣᠨ᠎ᠤ ᠨᠡᠩ ᠤᠯᠠᠨ ᠰᠠᠭᠤᠭᠠᠯᠢ ᠠᠷᠠᠳ ᠰᠠᠨᠠᠭᠠᠴᠢᠯᠠᠭ᠎ᠠ᠎ᠠᠴᠠ᠎ᠪᠠᠨ ᠤᠬᠠᠭᠤᠯᠤᠨ ᠲᠠᠢᠯᠪᠤᠷᠢᠯᠠᠬᠤ ᠡᠩᠨᠡᠭᠡ᠎ᠳᠦ ᠣᠷᠣᠯᠴᠠᠵᠤ᠂ ᠥᠪᠡᠷ᠎ᠦᠨ ᠰᠠᠢ᠌ᠨ ᠭᠡᠷ᠎ᠦᠨ ᠰᠤᠷᠲᠠᠯ᠂ ᠰᠠᠢ᠌ᠨ ᠭᠡᠷ᠎ᠦᠨ ᠰᠤᠷᠭᠠᠯ᠎ᠢᠶᠠᠨ ᠬᠤᠪᠢᠶᠠᠯᠴᠠᠵᠤ᠂ ᠰᠣᠯᠢᠯᠴᠠᠬᠤ ᠪᠠ ᠬᠤᠪᠢᠶᠠᠯᠴᠠᠬᠤ ᠳᠤᠮᠳᠠ ᠨᠡᠢᠭᠡᠮ ᠲᠣᠭᠣᠷᠢᠭ᠎ᠤᠨ ᠪᠣᠯᠪᠠᠰᠤᠨ᠎ᠤ ᠪᠠᠢᠭᠤᠯᠤᠯᠲᠠ᠎ᠶ᠋ᠢ ᠠᠬᠢᠭᠤᠯᠤᠨ᠎ᠠ᠃

ᠰᠢᠯᠢᠳᠡᠭ ᠰᠠᠢᠨ ᠭᠡᠷ᠎ᠦᠨ ᠰᠤᠷᠭᠠᠯ ᠬᠡᠷ᠎ᠤᠨ ᠰᠤᠷᠳᠠᠯ ᠨᠢ ᠬᠠᠪᠤᠷ᠎ᠤᠨ ᠦᠭᠬᠢᠶᠠᠮᠤᠷ ᠬᠤᠷ᠎ᠠ ᠮᠡᠳᠦ ᠪᠡᠷ ᠲᠦᠮᠡᠨ ᠪᠣᠳᠠᠰ᠎ᠢ ᠤᠮᠳᠠᠯᠠᠨ ᠠᠮᠢᠯᠠᠭᠤᠯᠤᠨ᠎ᠠ᠃ ᠨᠢᠩᠴᠧᠩ ᠱᠢᠶᠠᠨ᠎ᠤ ᠲᠢᠶ᠍ᠸ ᠳ᠋ᠦᠩ ᠵᠡᠭᠡᠯᠢ ᠭᠤᠳᠤᠮᠵᠢ ᠱᠢᠯᠢᠳᠡᠭ ᠰᠠᠢ᠌ᠨ ᠭᠡᠷ᠎ᠦᠨ ᠰᠤᠷᠭᠠᠯ ᠬᠡᠷ᠎ᠤᠨ ᠰᠤᠷᠲᠠᠯ᠎ᠢ ᠤᠬᠠᠭᠤᠯᠤᠨ ᠲᠡᠯᠭᠡᠷᠡᠬᠦᠯᠬᠦ ᠰᠢᠨ᠎ᠡ ᠠᠷᠭ᠎ᠠ ᠮᠠᠶᠢᠭ᠎ᠢ ᠡᠬᠦᠳᠦᠨ᠂ ᠦᠵᠡᠰᠬᠦᠯᠡᠩᠳᠦ ᠰᠠᠢᠬᠠᠨ ᠲᠤᠮᠳᠠᠳᠤ ᠤᠯᠤᠰ᠎ᠤᠨ ᠪᠦᠳᠦᠭᠡᠨ ᠪᠠᠢᠭᠤᠯᠤᠯᠳᠠ ᠳ᠋ᠤ ᠦᠪᠡᠷᠮᠢᠴᠡ ᠭᠤᠶᠤ ᠦᠵᠡᠮᠵᠢ ᠵᠢᠨ ᠵᠢᠷᠤᠭ᠎ᠢ ᠵᠢᠷᠤᠭᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号