ᠦᠪᠦᠷ ᠮᠣᠩᠭᠣᠯ᠎ᠤᠨ
ᠪᠠᠬᠰᠢ᠎ᠶᠢᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢᠨ ᠵᠠᠬᠢᠷᠣᠯ᠂
ᠫᠷᠣᠹᠸᠰᠰᠣᠷ᠂ ᠳ᠋ᠣᠺᠲ᠋ᠣᠷᠨᠨᠲᠤᠨ ᠵᠢᠯᠣᠭᠣᠲᠣᠬᠴᠢ ᠪᠠᠬᠰᠢ᠂ ᠦᠪᠦᠷ ᠮᠣᠩᠭᠣᠯ᠎ᠤᠨ ᠣᠳᠬ᠎ᠠ ᠣᠷᠠᠯᠢᠬ᠎ᠤᠨ
ᠬᠢᠨ᠎ᠤ ᠬᠣᠯᠪᠣᠭ᠎ᠠ᠎ᠶᠢᠨ ᠲᠡᠳ᠋ ᠲᠡᠷᠢᠬᠦᠯᠡᠭᠴᠢ᠂ ᠦᠪᠦᠷ ᠮᠣᠩᠭᠣᠯ᠎ᠤᠨ ᠵᠣᠬᠢᠶᠠᠯᠴᠢᠳ᠎ᠤᠨ ᠡᠪᠯᠡᠯ᠎ᠤᠨ
ᠲᠡᠷᠢᠬᠦᠯᠡᠭᠴᠢ ᠲᠣᠷᠣᠨᠠᠲ᠋ᠡᠭᠷᠢᠶᠢᠨ ᠡᠷᠬᠢᠯᠡᠨ ᠨᠠᠢᠷᠠᠭᠣᠯᠣᠬᠰᠠᠨ 《ᠮᠣᠩᠭᠣᠯ ᠣᠷᠠᠨ ᠵᠣᠬᠢᠶᠠᠯ᠎ᠤᠨ ᠣᠨ᠎ᠤ ᠰᠢᠯᠢᠮᠡᠯ • 2024》 ᠲᠦᠷᠪᠡᠨ ᠪᠣᠳᠢ
ᠨᠣᠮ ᠲᠦᠷᠦᠬᠦᠭᠡᠨ ᠯᠢᠶᠣᠣᠨᠢᠩ᠎ᠤᠨ ᠦᠨᠳᠦᠰᠦᠲᠡᠨ᠎ᠤ ᠬᠡᠪᠯᠡᠯ᠎ᠤᠨ ᠬᠣᠷᠢᠶ᠎ᠠ ᠡᠴᠡ ᠬᠡᠪᠯᠡᠭᠲᠡᠪᠡ᠃

ᠣᠷᠠᠨ ᠵᠣᠬᠢᠶᠠᠯ᠎ᠤᠨ
ᠤᠨ᠎ᠤ ᠰᠢᠯᠢᠮᠡᠯ ᠪᠣᠯ ᠰᠢᠯᠢᠲᠡᠭ ᠪᠦᠲᠦᠭᠡᠯ᠎ᠤᠨ ᠲᠡᠬᠦᠪᠦᠷᠢ᠎ᠶᠢᠨ ᠬᠡᠯᠪᠡᠷᠢ ᠪᠡᠷ ᠨᠢᠭᠡ ᠵᠢᠯ᠎ᠤᠨ
ᠲᠣᠷᠰᠢᠬᠢ ᠣᠷᠠᠨ ᠵᠣᠬᠢᠶᠠᠯ᠎ᠤᠨ ᠬᠦᠭᠵᠢᠯᠲᠡ᠎ᠶᠢᠨ ᠪᠠᠢᠲᠠᠯ᠎ᠢ ᠳ᠋ᠦᠩᠨᠡᠨ ᠬᠣᠷᠢᠶᠠᠩᠭᠣᠢᠯᠠᠵᠦ᠂ ᠲᠡᠯᠭᠡᠨ
ᠦᠵᠡᠬᠦᠯᠬᠦ ᠪᠡ ᠲᠠᠮᠵᠢᠭᠣᠯᠣᠨ ᠣᠯᠠᠮᠵᠢᠯᠠᠬᠣ ᠴᠢᠬᠣᠯᠠ ᠬᠡᠯᠪᠡᠷᠢ ᠪᠣᠯᠬᠣ ᠶᠣᠮ᠃ ᠲᠡᠷᠡ ᠨᠢ ᠣᠯᠣᠰ᠎ᠤᠨ
ᠲᠣᠲᠣᠭᠠᠲᠣ ᠳ᠋ᠦ ᠢᠯᠡ ᠪᠡᠷ ᠲᠠᠷᠬᠠᠭᠠᠵᠦ ᠪᠠᠢᠭ᠎ᠠ ᠣᠷᠠᠨ ᠵᠣᠬᠢᠶᠠᠯ᠎ᠤᠨ ᠬᠣᠭᠣᠴᠠᠭᠠᠲᠣ ᠰᠡᠳᠬᠦᠯ ᠪᠣᠶᠣ
ᠰᠣᠨᠢᠨ ᠳ᠋ᠦ ᠨᠡᠢᠲᠡᠯᠡᠬᠦᠯᠦᠭᠰᠡᠨ ᠪᠦᠲᠦᠭᠡᠯᠤ᠋ᠤᠨᠤᠨ ᠲᠣᠲᠣᠷ᠎ᠠ ᠡᠴᠡ ᠲᠦᠯᠦᠭᠡᠯᠡᠬᠦ ᠴᠢᠨᠠᠷᠲᠠᠢ
ᠪᠦᠲᠦᠭᠡᠯ᠎ᠢ ᠰᠢᠯᠢᠨ ᠰᠣᠩᠭᠣᠵᠦ᠂ ᠲᠢᠭ ᠰᠲ᠋ᠢᠯᠢ ᠪᠡᠷ ᠨᠢ ᠲᠦᠷᠦᠯ ᠠᠩᠬᠢᠯᠠᠨ ᠬᠡᠪᠯᠡᠬᠦᠯᠵᠦ᠂ ᠣᠷᠠᠨ
ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠦᠷ᠎ᠡ ᠪᠦᠲᠦᠭᠡᠯ ᠢ ᠲᠦᠪᠯᠡᠷᠡᠬᠦᠯᠦᠨ ᠲᠣᠰᠬᠠᠬᠣ ᠪᠡᠷ
ᠪᠠᠷᠠᠬᠣ ᠦᠭᠡᠢ ᠣᠩᠰᠢᠬᠴᠢᠳ ᠪᠠ ᠡᠷᠳᠡᠮ ᠰᠢᠨᠵᠢᠯᠡᠭᠡᠨ᠎ᠤ ᠬᠢᠨ ᠳ᠋ᠦ ᠮᠠᠲ᠋ᠸᠷᠢᠶᠠᠯ ᠬᠠᠩᠭᠠᠬᠣ ᠳ᠋ᠦ
ᠣᠷᠣᠰᠢᠨ᠎ᠠ᠃

《ᠮᠣᠩᠭᠣᠯ ᠣᠷᠠᠨ
ᠵᠣᠬᠢᠶᠠᠯ᠎ᠤᠨ ᠤᠨ᠎ᠤ ᠰᠢᠯᠢᠮᠡᠯ • 2024》 ᠲᠦᠷᠪᠡᠨ ᠪᠣᠳᠢ ᠨᠣᠮ ᠨᠢ
2024 ᠤᠨ᠎ᠤ 《ᠦᠨᠳᠦᠰᠦᠲᠡᠨ᠎ᠤ ᠣᠳᠬ᠎ᠠ ᠵᠣᠬᠢᠶᠠᠯ》᠂ 《ᠦᠨᠢᠷ ᠴᠡᠴᠡᠭ》᠂ 《ᠦᠪᠦᠷ ᠮᠣᠩᠭᠣᠯ᠎ᠤᠨ ᠡᠳᠦᠷ᠎ᠤᠨ ᠰᠣᠨᠢᠨ》᠂ 《ᠠᠯᠲᠠᠨ ᠲᠦᠯᠬᠢᠬᠦᠷ》᠂ 《ᠴᠣᠯᠮᠣᠨ》᠂ 《ᠬᠣᠨ ᠭᠠᠯᠠᠭᠣ》᠂ 《ᠴᠡᠴᠡᠭᠲᠦ ᠴᠠᠢᠲᠠᠮ》 ᠵᠡᠷᠭᠡ 16 ᠮᠣᠩᠭᠣᠯ ᠣᠷᠠᠨ ᠵᠣᠬᠢᠶᠠᠯ᠎ᠤᠨ ᠰᠡᠳᠬᠦᠯ ᠪᠠ ᠰᠣᠨᠢᠨ ᠳ᠋ᠦ
ᠨᠡᠢᠲᠡᠯᠡᠬᠦᠯᠦᠭᠰᠡᠨ ᠪᠦᠲᠦᠭᠡᠯᠤ᠋ᠤᠨᠢ ᠬᠡᠪ ᠨᠠᠮᠪᠠ ᠣᠯᠠᠨ ᠡᠰᠢᠲᠦ᠂ ᠬᠡᠯᠪᠡᠷᠢ ᠪᠢᠴᠢᠯᠭᠡ ᠣᠯᠠᠨ
ᠶᠠᠩᠵᠦ᠂ ᠬᠡᠯᠡᠯᠭᠡ ᠣᠷᠣᠰᠣᠮ᠎ᠠ ᠪᠠᠶᠠᠯᠢᠭ ᠭᠡᠬᠦ ᠵᠠᠷᠴᠢᠮ ᠶᠣᠰᠣᠭᠠᠷ ᠠᠩᠬᠠᠨ᠎ᠤ ᠰᠢᠯᠢᠯᠲᠡ᠂ ᠬᠣᠶᠠᠲᠡᠬᠢ
ᠰᠢᠯᠢᠯᠲᠡ᠂ ᠡᠴᠦᠰ᠎ᠤᠨ ᠰᠢᠯᠢᠯᠲᠡ ᠭᠡᠬᠦ ᠭᠣᠷᠪᠠᠨ ᠠᠯᠬᠣᠮ ᠶ᠋ᠢᠡᠷ ᠲᠠᠮᠵᠢᠨ ᠰᠢᠯᠢᠲᠡᠭ ᠵᠣᠬᠢᠶᠠᠯ᠎ᠢ
ᠰᠣᠩᠭᠣᠨ ᠭᠠᠷᠭᠠᠵᠣ᠂ ᠢᠷᠠᠭᠣ ᠨᠠᠢᠷᠠᠬ᠎ᠤᠨ ᠪᠣᠳᠢ᠂ ᠲᠣᠭᠣᠵᠢᠰ᠎ᠤᠨ ᠪᠣᠳᠢ᠂ ᠨᠠᠢᠷᠠᠭᠣᠯᠣᠯᠤᠨ ᠪᠣᠳᠢ᠂ ᠣᠷᠠᠨ
ᠵᠣᠬᠢᠶᠠᠯ᠎ᠤᠨ ᠣᠨᠣᠯ ᠰᠢᠬᠦᠮᠵᠢ᠎ᠶᠢᠨ ᠪᠣᠲᠢ ᠭᠡᠮᠡᠨ ᠬᠣᠪᠢᠶᠠᠵᠦ᠂ ᠤᠨ ᠴᠠᠬ᠎ᠤᠨ ᠣᠷᠣᠰᠬᠠᠯ᠂ ᠲᠡᠬᠦᠨ᠎ᠤ
ᠴᠠᠯᠬᠢᠲᠠᠰᠣ ᠪᠦᠬᠦᠨ᠎ᠢ ᠣᠷᠠᠨ ᠵᠣᠬᠢᠶᠠᠯ᠎ᠤᠨ ᠬᠡᠯᠪᠡᠷᠢ ᠪᠡᠷ ᠲᠡᠮᠲᠡᠭᠯᠡᠨ ᠦᠯᠡᠲᠡᠭᠡᠬᠦ᠎ᠶᠢ ᠵᠣᠷᠢᠵᠠᠢ᠃

《ᠮᠣᠩᠭᠣᠯ ᠣᠷᠠᠨ
ᠵᠣᠬᠢᠶᠠᠯ᠎ᠤᠨ ᠣᠨ᠎ᠤ ᠰᠢᠯᠢᠮᠡᠯ • 2024》 ᠲᠦᠷᠪᠡᠨ ᠪᠣᠳᠢ ᠨᠣᠮ᠎ᠤᠨ ᠬᠡᠪᠯᠡᠭᠲᠡᠭᠰᠡᠨ ᠨᠢ ᠮᠣᠩᠭᠣᠯ
ᠣᠷᠠᠨ ᠵᠣᠬᠢᠶᠠᠯ᠎ᠤᠨ ᠵᠣᠬᠢᠶᠠᠨ ᠪᠦᠲᠦᠭᠡᠯᠭᠡ᠎ᠶᠢᠨ ᠣᠲᠣᠬᠢ ᠪᠠᠢᠲᠠᠯ᠎ᠢ ᠡᠮᠬᠢᠯᠡᠨ ᠲᠢᠭᠯᠡᠵᠦ᠂ ᠮᠣᠩᠭᠣᠯ
ᠣᠷᠠᠨ ᠵᠣᠬᠢᠶᠠᠯ᠎ᠤᠨ ᠣᠯᠠᠮᠵᠢᠯᠠᠯ ᠰᠢᠨᠡᠴᠢᠯᠡᠯᠲᠡ᠎ᠶᠢ ᠠᠬᠢᠭᠣᠯᠣᠨ᠂ ᠡᠬᠦᠨ᠎ᠤ ᠣᠯᠠᠮ ᠶ᠋ᠢᠡᠷ ᠲᠣᠮᠲᠠᠲᠣ
ᠣᠯᠣᠰ᠎ᠤᠨ ᠴᠦᠬᠡᠨ ᠲᠣᠭᠠᠲᠣ ᠦᠨᠳᠦᠰᠦᠲᠡᠨ᠎ᠤ ᠣᠷᠠᠨ ᠵᠣᠬᠢᠶᠠᠯ᠎ᠤᠨ ᠦᠢᠯᠡᠰ᠎ᠤᠨ ᠦᠷᠬᠦᠯᠵᠢᠯᠡᠨ ᠴᠡᠴᠡᠭᠯᠡᠨ
ᠬᠦᠭᠵᠢᠬᠦ ᠳ᠋ᠦ ᠬᠦᠴᠦ ᠨᠡᠮᠡᠷᠢᠯᠡᠬᠦ ᠨᠢ ᠯᠠᠪᠳᠠᠢ᠃
