4 ᠰᠠᠷ᠎ᠠ᠎ᠶ᠋ᠢᠨ 27 ᠤ᠋ ᠡᠳᠦᠷ᠂ ᠮᠸᠩ ᠨᠢᠦ ᠵᠢᠨ ᠨᠠᠢ᠍ᠮᠠᠳᠤᠭᠠᠷ ᠬᠤᠭᠤᠴᠠᠭᠠᠨ᠎ᠤ ᠨᠠᠢ ᠯᠢ ᠹᠠᠩ ᠦᠢᠯᠡᠳᠪᠦᠷᠢ᠎ᠶ᠋ᠢᠨ ᠲᠠᠰᠤᠭ᠎ᠲᠤ ᠮᠠᠱᠢᠨ ᠮᠧᠬᠠᠨᠢᠭ ᠬᠦᠷᠴᠢᠭᠢᠨᠡᠵᠦ᠍᠂ ᠪᠠᠺᠲ᠋ᠧᠷᠢ ᠥᠬᠡᠶ ᠦᠶ᠋ᠯᠡᠴᠢᠯᠡᠭᠡᠨ᠎ᠦ ᠬᠤᠪᠴᠠᠰᠤ ᠡᠮᠦᠰᠦᠭᠰᠡᠨ ᠠᠵᠢᠯᠯᠠᠭ᠍ᠴᠢ ᠳᠡᠯᠭᠡᠴᠡ᠎ᠶ᠋ᠢᠨ ᠡᠵᠡᠮᠱᠢᠯ ᠲᠣᠬᠢᠷᠠᠭᠤᠯᠭ᠎ᠠ᠎ᠶ᠋ᠢᠨ ᠪᠣᠯᠵᠣᠯᠲᠤ ᠲᠣᠭ᠎ᠠ᠎ᠶ᠋ᠢ ᠨᠠᠷᠢᠨ ᠠᠩᠬᠠᠷᠴᠤ᠌᠂ ᠡᠮᠬᠢ ᠵᠢᠷᠤᠮ᠎ᠲᠠᠶ᠎ᠪᠠᠷ ᠠᠵᠢᠯᠯᠠᠨ᠎ᠠ᠃
ᠵᠢᠷᠤᠮᠵᠢᠭ᠍ᠰᠠᠨ᠂ ᠨᠠᠷᠢᠯᠢᠭᠵᠢᠭᠰᠠᠨ ᠦᠶ᠋ᠯᠡᠳᠪᠦᠷᠢᠯᠡᠯ᠎ᠦᠨ ᠶᠠᠪᠤᠴᠠ᠎ᠳᠤ᠂ ᠲᠡᠮᠦᠷ ᠤᠨ ᠠᠭᠤᠯᠤᠬᠳᠠᠴᠠ ᠲᠠᠢ ᠰᠦᠨ᠎ᠦ ᠤᠭᠤᠷᠠᠭ᠂ D90 ᠳᠠᠪᠤᠰᠤ ᠥᠬᠡᠢᠳᠡᠭᠦᠯᠦᠭ᠌ᠰᠡᠨ ᠰᠢᠷᠡᠰᠦᠨ ᠲᠠᠯᠬ᠎ᠠ᠂ MCC ᠪᠢᠱᠢᠯᠠᠭ᠎ᠤᠨ ᠤᠭᠤᠷᠠᠭ᠎ᠤᠨ ᠴᠠᠪᠠᠸ᠋ᠯᠢᠭ ᠪᠠᠭ᠍ᠴᠠ ᠵᠡᠷᠭᠡ 3 ᠵᠦᠶ᠋ᠯ᠎ᠦᠨ《ᠱᠢᠨ᠎ᠡ ᠦᠢᠯᠡᠳᠬᠦᠨ》 ᠢ᠋ ᠵᠡᠷᠭᠡ ᠳ᠋ᠤᠨᠢ ᠦᠢᠯᠡᠳᠪᠦᠷᠢᠯᠡᠨ ᠭᠠᠷᠭᠠᠵᠤ᠂ ᠳᠤᠮᠳᠠᠳᠤ ᠤᠯᠤᠰ᠎ᠤᠨ ᠰᠦ ᠶ᠋ᠢᠨ ᠦᠶ᠋ᠯᠡᠰ᠎ᠦᠨ ᠳᠡᠭᠡᠳᠦ ᠲᠠᠰᠵᠢᠯᠳᠡ ᠲᠡᠢᠰᠢ ᠳᠡᠪᠱᠢᠬᠦ᠌᠎ᠳᠦ ᠬᠥᠳᠡᠯᠭᠡᠬᠦ᠌ ᠬᠦᠴᠦᠨ ᠨᠡᠮᠡᠷᠢᠯᠡᠪᠡ᠃
ᠦᠢᠯᠡᠳᠪᠦᠷᠢᠯᠡᠯ᠎ᠦᠨ ᠠᠬᠤᠢ ᠲᠠᠯᠠᠪᠠᠢ᠎ᠳᠤ ᠣᠷᠣᠪᠠᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠢᠳᠡ ᠬᠦᠴᠦᠨ ᠢ᠋ ᠦᠨᠡᠨ ᠬᠦ᠌ ᠮᠡᠳᠡᠷᠡᠨ᠎ᠡ᠃ ᠰᠢᠯ ᠬᠣᠭᠣᠯᠠᠶ ᠳᠣᠲᠣᠷᠠᠬᠢ ᠲᠦᠬᠦᠬᠡᠢ ᠰᠦ ᠨᠢ ᠳᠠᠪᠬᠤᠷᠭᠠᠯᠠᠨ ᠢᠯᠭᠠᠷᠠᠭᠤᠯᠬᠤ᠂ ᠤᠬᠢᠶᠠᠬᠤ᠂ ᠳᠠᠪᠤᠰᠤ ᠥᠬᠡᠢᠳᠡᠭᠦᠯᠬᠦ᠌᠂ ᠪᠠᠺᠲ᠋ᠧᠷᠢ ᠠᠷᠢᠯᠭᠠᠬᠤ ᠵᠡᠷᠭᠡ ᠴᠢᠩᠭ᠎ᠠ ᠨᠢᠮᠪᠠᠢ ᠠᠵᠢᠯ᠎ᠤᠨ ᠲᠡᠰ ᠳᠠᠷᠠᠭᠠᠯᠠᠯ᠎ᠢ ᠥᠩᠭᠡᠷᠡᠬᠡᠵᠦ᠂ ᠡᠴᠦᠰ᠎ᠲᠡᠬᠡᠨ ᠲᠡᠮᠦᠷ ᠤᠨ ᠠᠭᠤᠯᠤᠬᠳᠠᠴᠠ ᠲᠠᠢ ᠰᠦᠨ᠎ᠦ ᠤᠭᠤᠷᠠᠭ᠎ᠤᠨ ᠨᠤᠨᠲᠠᠭ ᠦᠢᠯᠡᠳᠪᠦᠷᠢᠯᠡᠨ ᠭᠠᠷᠭᠠᠨ᠎ᠠ᠃
ᠰᠤᠳᠤᠯᠤᠨ ᠨᠡᠭᠡᠭᠡᠬᠦ᠌᠎ᠶ᠋ᠢ ᠬᠠᠷᠢᠭᠤᠴᠠᠵᠤ ᠪᠠᠢᠭ᠎ᠠ ᠢᠨᠵᠧᠨᠧᠷ᠄《ᠲᠡᠮᠦᠷ ᠤᠨ ᠠᠭᠤᠯᠤᠬᠳᠠᠴᠠ ᠲᠠᠢ ᠰᠦᠨ ᠦ ᠤᠭᠤᠷᠠᠭ ᠪᠣᠯ 〈ᠦᠨᠡᠳᠦ ᠰᠤᠪᠤᠳ〉 ᠮᠥᠨ᠂ ᠨᠢᠭᠡ ᠲᠣᠨ ᠦᠨᠢᠶᠡᠨ ᠰᠦ ᠡᠴᠡ ᠵᠥᠪᠬᠡᠨ ᠪᠠᠭ᠎ᠠ ᠬᠡᠮᠵᠢᠶ᠎ᠡ ᠭᠠᠷᠳᠠᠭ᠂ ᠡᠳᠦᠷ ᠰᠥᠨᠢ ᠦᠭᠡᠢ ᠪᠣᠭᠣᠮᠲᠠ ᠱᠢᠪᠲᠤᠯᠵᠤ ᠴᠢᠷᠮᠠᠢᠭᠰᠠᠨ ᠡᠴᠡ ᠰᠠᠶᠢ ᠥᠨᠥᠳᠦᠷ᠎ᠦᠨ ᠬᠡᠪᠴᠢᠶᠡᠵᠢᠯ᠎ᠢ ᠪᠣᠶ ᠪᠣᠯᠭᠠᠵᠠᠶ!》 ᠭᠡᠪᠡ᠃
ᠲᠣᠰ ᠤᠳᠠᠭ᠎ᠠ ᠵᠢᠨ ᠦᠢᠯᠡᠳᠪᠦᠷᠢᠯᠡᠭᠰᠡᠨ ᠴᠡᠪᠡᠷᠴᠡ ᠪᠠᠷ ᠦᠨᠳᠦᠷ ᠲᠡᠮᠦᠷ ᠤᠨ ᠠᠭᠤᠯᠤᠬᠳᠠᠴᠠ ᠲᠠᠢ ᠰᠦᠨ᠎ᠦ ᠤᠭᠤᠷᠠᠭ᠎ᠨᠢ ᠮᠧᠩ ᠨᠢᠦ᠍ᠶ᠋ᠢᠨ ᠪᠡᠶ᠎ᠡ᠎ᠪᠡᠨ ᠳᠠᠭᠠᠭᠠᠭ᠍ᠰᠠᠨ ᠤᠷ᠎ᠠ ᠮᠡᠷᠭᠡᠵᠢᠯ ᠡᠴᠡ ᠢᠷᠡᠯᠳᠡᠢ᠂ ᠡᠯ᠎ᠡ ᠵᠦᠶ᠋ᠯ᠎ᠦᠨ ᠭᠦᠶ᠋ᠴᠡᠳᠭᠡᠯ ᠲᠣᠭ᠎ᠠ ᠨᠢ ᠴᠦᠮ ᠠᠵᠢᠯ ᠲᠥᠷᠥᠯ᠎ᠤᠨ ᠲᠤᠳᠤᠷ᠎ᠠ ᠪᠠᠨᠲᠦᠷᠦᠭᠦᠯᠡᠵᠦ᠂ ᠮᠡᠷᠭᠡᠵᠢᠯ᠎ᠦᠨ ᠪᠤᠭᠤᠮᠲᠠ᠎ᠶ᠋ᠢ ᠠᠮᠵᠢᠯᠲᠠ᠎ᠲᠠᠶ ᠰᠢᠪᠲᠤᠯᠤᠨ᠂ ᠤᠯᠤᠰ᠎ᠲᠠᠭᠠᠨ ᠦᠶ᠋ᠯᠡᠳᠪᠦᠷᠢᠯᠡᠭ᠌ᠰᠡᠨ ᠴᠠᠭᠠᠨ ᠢᠳᠡᠭᠡᠨ᠎ᠦ ᠴᠢᠨᠠᠷ ᠰᠠᠢᠨ ᠲᠦᠭᠦᠬᠡᠶ ᠮᠠᠲ᠋ᠧᠷᠢᠶᠠᠯ᠎ᠳᠤ ᠬᠦᠴᠦᠨ ᠨᠡᠮᠡᠷᠢᠯᠡᠭᠰᠡᠨ ᠪᠠᠢᠨ᠎ᠠ᠃
ᠬᠠᠵᠠᠭᠤᠲᠠᠯᠠ ᠵᠢᠨ D90 ᠳᠠᠪᠤᠰᠤ ᠥᠬᠡᠢᠳᠡᠭᠦᠯᠦᠭ᠌ᠰᠡᠨ ᠰᠢᠷᠠᠰᠤᠨ ᠲᠠᠯᠬ᠎ᠠ᠎ᠶ᠋ᠢᠨ ᠦᠶ᠋ᠯᠡᠳᠪᠦᠷᠢᠯᠡᠯ᠎ᠦᠨ ᠱᠤᠭᠤᠮ ᠴᠤ᠌ ᠮᠦᠨ ᠶᠠᠭᠠᠷᠠᠦ᠃ ᠨᠢᠯᠬ᠎ᠠ ᠬᠡᠦᠬᠡᠳ ᠤᠤᠭᠤᠬᠤ᠎ᠳᠦ ᠳᠤᠬᠢᠷᠠᠬᠰᠠᠨ ᠨᠠᠢᠷᠠᠯᠭ᠎ᠠ ᠲᠠᠢ ᠰᠢᠷᠠᠰᠤᠨ ᠲᠠᠯᠬ᠎ᠠ ᠵᠢᠨ ᠭᠤᠤᠯ ᠲᠦᠭᠦᠬᠡᠶ ᠮᠠᠲ᠋ᠧᠷᠢᠶᠠᠯ ᠪᠣᠯᠤᠭ᠍ᠰᠠᠨ᠎ᠤ ᠬᠤᠪᠢ᠎ᠳᠤ᠂ ᠤᠯᠤᠰ᠎ᠲᠠᠭᠠᠨ ᠪᠡᠶ᠎ᠡ᠎ᠪᠡᠨ ᠳᠠᠭᠠᠭᠠᠵᠤ ᠦᠶ᠋ᠯᠡᠳᠪᠦᠷᠢᠯᠡᠬᠦ᠌᠎ᠶ᠋ᠢ ᠪᠡᠶᠡᠯᠡᠭᠦᠯᠵᠦ᠍᠂ ᠤᠯᠤᠰ᠎ᠲᠠᠭᠠᠨ ᠦᠶ᠋ᠯᠡᠳᠪᠦᠷᠢᠯᠡᠭ᠌ᠰᠡᠨ ᠨᠢᠯᠬ᠎ᠠ ᠬᠡᠦᠬᠡᠳ ᠤᠤᠭᠤᠬᠤ᠎ᠳᠦ ᠳᠤᠬᠢᠷᠠᠬᠰᠠᠨ ᠨᠠᠢᠷᠠᠯᠭ᠎ᠠ ᠲᠠᠢ ᠰᠢᠷᠠᠰᠤᠨ ᠲᠠᠯᠬ᠎ᠠ ᠵᠢᠨ ᠶᠠᠰᠤ ᠴᠢᠨᠠᠷ ᠪᠠ ᠥᠪᠡᠷ᠎ᠦᠨ ᠥᠷᠲᠡᠭ᠎ᠦᠨ ᠨᠡᠮᠡᠭᠳᠡᠯ ᠳᠤ ᠳᠠᠬᠢᠨ ᠱᠢᠨ᠎ᠡ ᠬᠦᠴᠦᠨ ᠨᠡᠮᠡᠷᠢᠯᠡᠭᠰᠡᠨ ᠪᠠᠢᠨ᠎ᠠ᠃
ᠬᠠᠷᠢᠨ 《ᠣᠷᠳᠣ ᠬᠤᠭᠤᠴᠠᠭᠠᠨ᠎ᠤ ᠪᠦᠲᠦᠮᠵᠢᠲᠡᠶ ᠱᠢᠮ᠎ᠡ ᠲᠡᠵᠢᠭᠡᠯ᠎ᠦᠨ ᠠᠯᠲᠠ》ᠬᠡᠮᠡᠭ᠌ᠳᠡᠭ᠌ᠰᠡᠨ MCC ᠪᠢᠱᠢᠯᠠᠭ᠎ᠤᠨ ᠤᠭᠤᠷᠠᠭ᠎ᠤᠨ ᠴᠠᠪᠠᠸ᠋ᠯᠢᠭ ᠪᠠᠭ᠍ᠴᠠ ᠨᠢ ᠵᠥᠭᠡᠯᠡᠨ ᠹᠢᠽᠢᠺ᠎ᠦᠨ ᠮᠡᠷᠭᠡᠵᠢᠯ᠎ᠢᠶᠡᠷ ᠪᠠᠢᠭᠠᠯᠢ᠎ᠶ᠋ᠢᠨ ᠤᠭᠤᠷᠠᠭ᠎ᠤᠨ ᠪᠦᠲᠦᠴᠡ᠎ᠶ᠋ᠢ ᠪᠠᠳᠤᠯᠠᠵᠤ᠂ ᠦᠷᠭᠦᠯᠵᠢᠯᠡᠨ 6 — 8 ᠴᠠᠭ ᠡᠨᠧᠷᠭᠢ ᠬᠠᠩᠭᠠᠵᠤ᠂ ᠬᠥᠳᠡᠯᠭᠡᠭᠡᠨ ᠬᠢᠬᠦ ᠳ᠋ᠤ ᠱᠠᠭᠠᠷᠳᠠᠬᠳᠠᠬᠤ ᠱᠢᠮ᠎ᠡ ᠲᠡᠵᠢᠭᠡᠯ᠂ ᠡᠷᠡᠭᠦᠯ ᠮᠡᠨᠳᠦ᠍᠎ᠶ᠋ᠢᠨ ᠬᠠᠮᠢᠶᠠᠷᠤᠯᠲᠠ ᠵᠡᠷᠭᠡ ᠬᠦᠷᠢᠶᠡᠨ᠎ᠳᠦ ᠰᠠᠷᠠᠭᠤᠯ ᠠᠭᠤᠳᠠᠮ ᠢᠷᠡᠭᠡᠳᠦᠶ᠎ᠲᠡᠶ᠃ ᠠᠬᠤᠶ ᠲᠠᠯᠠᠪᠠᠶ᠎ᠶ᠋ᠢᠨ ᠦᠵᠡᠭᠦᠯᠭᠡ᠎ᠳᠦ᠂ ᠲᠡᠷᠡ ᠨᠢ ᠤᠰᠤᠨ ᠳ᠋ᠤ ᠲᠦᠷᠭᠡᠨ ᠠᠭᠤᠰᠴᠤ᠂ ᠲᠤᠩᠭᠠᠯᠠᠭ ᠪᠦᠭᠡᠳ ᠲᠤᠨᠳᠠᠰᠤ ᠦᠭᠡᠢ ᠰᠢᠨᠵᠢ ᠴᠢᠨᠠᠷ᠎ᠨᠢ ᠦᠵᠡᠭ᠌ᠴᠢᠳ᠎ᠢ ᠭᠠᠢᠬᠠᠰᠢ ᠠᠯᠳᠠᠭᠤᠯᠪᠠ᠃
ᠡᠲᠡᠭᠡᠷ ᠣᠯᠠᠨ ᠱᠢᠪᠲᠤᠯᠤᠯᠲᠠ ᠨᠢ ᠮᠸᠩ ᠨᠢᠦ᠍ᠶ᠋ᠢᠨ ᠣᠷᠳᠣ ᠬᠤᠭᠤᠴᠠᠭᠠᠨ᠎ᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠭᠦᠨᠵᠡᠭᠡᠶ ᠰᠤᠳᠤᠯᠤᠯᠳᠠ ᠡᠴᠡ ᠢᠷᠡᠭᠰᠡᠨ ᠶᠤᠮ᠃ ᠡᠨᠡ ᠵᠢᠯ᠎ᠦᠨ 1 ᠰᠠᠷ᠎ᠠ᠎ᠳᠤ᠂ ᠮᠧᠩ ᠨᠢᠤ᠎ᠪᠠᠷ ᠲᠦᠷᠦᠭᠦᠯᠡᠭᠦᠯᠦᠭ᠌ᠰᠡᠨ 《ᠬᠥᠳᠡᠭᠡ ᠠᠵᠤ ᠠᠬᠤᠢ ᠬᠥᠳᠡᠭᠡ ᠲᠣᠰᠭᠣᠨ᠎ᠤ ᠶᠠᠮᠤᠨ᠎ᠤ ᠴᠠᠭᠠᠨ ᠢᠳᠡᠭᠡ ᠵᠢ ᠨᠠᠷᠢᠯᠢᠭ ᠡᠳ᠋ᠱᠢᠭᠦᠯᠬᠦ᠌ ᠭᠣᠣᠯᠳᠠᠯᠭ᠎ᠠ᠎ᠲᠠᠶ ᠲᠤᠷᠱᠢᠯᠲᠠ᠎ᠶ᠋ᠢᠨ ᠲᠠᠰᠤᠭ》ᠬᠢᠨᠠᠨ ᠵᠥᠪᠱᠢᠶᠡᠷᠡᠭ᠌ᠳᠡᠵᠦ᠍᠂ ᠤᠯᠤᠰ᠎ᠤᠨ ᠳᠣᠲᠣᠭᠠᠳᠤ᠎ᠶ᠋ᠢᠨ ᠰᠦ ᠵᠢᠨ ᠦᠢᠯᠡᠰ᠎ᠦᠨ ᠴᠤᠷ᠎ᠤᠨ ᠭᠠᠭ᠍ᠴᠠ ᠤᠯᠤᠰ᠎ᠤᠨ ᠲᠡᠰ᠎ᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠲᠠᠪᠴᠠᠩ ᠪᠣᠯᠵᠠᠢ᠃
ᠲᠤᠷᠱᠢᠯᠲᠠ᠎ᠶ᠋ᠢᠨ ᠲᠠᠰᠤᠭ᠎ᠲᠤ᠂ ᠰᠤᠳᠤᠯᠭᠠᠨ᠎ᠤ ᠪᠦᠯᠬᠦᠮ᠎ᠦᠨ ᠬᠢᠨ GOSS ᠱᠢᠰᠲ᠋ᠧᠮ᠎ᠢ ᠠᠩᠬ᠎ᠠ ᠡᠭᠦᠳᠴᠦ᠍᠂ ᠲᠦᠭᠦᠬᠡᠶ ᠮᠠᠲ᠋ᠧᠷᠢᠶᠠᠯ᠎ᠤᠨ ᠪᠣᠭᠣᠮᠢ᠎ᠶ᠋ᠢ ᠪᠥᠬᠥ᠌ ᠬᠦᠴᠦᠨ᠎ᠢᠶᠡᠷ᠎ᠢᠶᠡᠨ ᠰᠢᠪᠳᠤᠯᠵᠠᠢ᠂ ᠵᠥᠪᠬᠡᠨ ᠨᠢᠳᠤᠨᠤᠨ᠎ᠤ 12 ᠰᠠᠷ᠎ᠠ᠎ᠡᠴᠡ ᠣᠲᠣ ᠪᠣᠯᠲᠠᠯ᠎ᠠ᠂ ᠲᠦᠭᠦᠬᠡᠢ ᠰᠦ ᠪᠡᠷ ᠦᠢᠯᠡᠳᠦᠭᠰᠡᠨ ᠪᠢᠱᠢᠯᠠᠭ᠂ ᠲᠡᠮᠦᠷ ᠤᠨ ᠠᠭᠤᠯᠤᠬᠳᠠᠴᠠ ᠲᠠᠢ ᠰᠦᠨ᠎ᠦ ᠤᠭᠤᠷᠠᠭ ᠵᠡᠷᠭᠡ ᠣᠯᠠᠨ ᠵᠦᠶ᠋ᠯ᠎ᠦᠨ ᠦᠢᠯᠡᠳᠬᠦᠨ᠎ᠨᠢ ᠶᠡᠬᠡ ᠬᠡᠪᠴᠢᠶ᠎ᠠ ᠪᠡᠷ ᠦᠢᠯᠡᠳᠪᠦᠷᠢᠯᠡᠬᠦ ᠡᠴᠡ ᠡᠮᠦᠨᠡᠬᠢ ᠲᠤᠷᠱᠢᠯᠲᠠ ᠵᠢᠨ ᠱᠠᠲᠤ ᠵᠢ ᠲᠠᠪᠠᠪᠡ᠃ ᠢᠷᠡᠭᠡᠳᠦᠶ᠎ᠳᠦ ᠨᠡᠩ ᠴᠤ᠌ 9 ᠶᠡᠬᠡ ᠲᠥᠷᠥᠯ᠎ᠦᠨ ᠤᠶᠠᠨ ᠴᠢᠨᠠᠷᠲᠠᠶ ᠦᠶ᠋ᠯᠡᠳᠪᠦᠷᠢᠯᠡᠯ᠎ᠢ ᠪᠦᠷᠬᠦᠬᠦᠯᠬᠦ ᠪᠣᠯᠤᠨ᠎ᠠ᠃
ᠣᠳᠣᠬᠠᠨ᠎ᠳᠤ᠂ ᠳᠤᠮᠳᠠᠳᠤ ᠤᠯᠤᠰ᠎ᠤᠨ ᠰᠦ ᠶ᠋ᠢᠨ ᠦᠶ᠋ᠯᠡᠰ ᠶᠠᠭ ᠬᠡᠯᠪᠡᠷᠢ᠎ᠪᠡᠨ ᠬᠤᠪᠢᠷᠠᠭᠤᠯᠬᠤ ᠵᠠᠩᠭᠢᠯᠠᠭ᠎ᠠ᠎ᠶ᠋ᠢᠨ ᠬᠤᠭᠤᠴᠠᠭᠠᠨ᠎ᠳᠤ ᠣᠷᠣᠱᠢᠵᠤ᠂ ᠲᠦᠭᠦᠬᠡᠶ ᠰᠦ ᠶ᠋ᠢ ᠶᠡᠷᠦᠩᠬᠡᠢᠯᠡᠨ ᠠᠱᠢᠭ᠍ᠯᠠᠬᠤ ᠨᠣᠷᠮ᠎ᠠ ᠳᠤᠤᠷ᠎ᠠ ᠪᠠᠢᠵᠤ᠂ ᠭᠤᠤᠯᠯᠠᠬᠤ ᠲᠦᠭᠦᠬᠡᠶ ᠡᠳ᠋᠎ᠢ ᠭᠠᠳᠠᠭᠠᠳᠤ᠎ᠡᠴᠡ ᠣᠷᠣᠭᠤᠯᠬᠤ᠎ᠳᠤ ᠲᠦᠱᠢᠭ᠌ᠯᠡᠬᠦ᠌ ᠵᠡᠷᠭᠡ ᠬᠦᠴᠢᠷ ᠠᠰᠠᠭᠤᠳᠠᠯ᠎ᠳᠦ ᠱᠢᠪᠲᠤᠯᠤᠯᠲᠠ ᠬᠢᠬᠦ ᠴᠢᠬᠤᠯᠠᠲᠠᠶ ᠪᠠᠢᠨ᠎ᠠ᠃ ᠮᠸᠩ ᠨᠢᠤ ᠨᠠᠷᠢᠯᠢᠭ ᠡᠳ᠋ᠱᠢᠭᠦᠯᠬᠦ᠌ ᠣᠢᠯᠠᠭᠠᠭ᠍ᠳᠠᠬᠤᠨ᠎ᠢᠶᠠᠷ᠂ ᠪᠥᠬᠥ᠌ ᠬᠡᠯᠬᠢᠶ᠎ᠠ ᠵᠢᠨ ᠲᠣᠭᠠᠴᠢᠯᠠᠭ᠍ᠰᠠᠨ ᠱᠢᠰᠲ᠋ᠧᠮ᠎ᠢ ᠪᠠᠢᠭᠤᠯᠵᠤ᠂ ᠲᠠᠩ ᠭᠠᠭ᠍ᠴᠠ ᠪᠦᠲᠦᠭᠡᠭ᠌ᠳᠡᠬᠦᠨ᠎ᠡᠴᠡ ᠣᠯᠠᠨ ᠲᠥᠷᠥᠯ ᠵᠦᠶ᠋ᠯ᠎ᠦᠨ ᠤᠶᠠᠨ ᠴᠢᠨᠠᠷᠲᠠᠶ ᠦᠶ᠋ᠯᠡᠳᠪᠦᠷᠢᠯᠡᠯ ᠬᠦᠷᠲᠡᠯ᠎ᠡ᠂ ᠠᠩᠬ᠎ᠠ ᠠᠯᠬᠤᠮ ᠡᠳ᠋ᠱᠢᠭᠦᠯᠬᠦ᠌᠎ᠡᠴᠡ ᠨᠠᠷᠢᠯᠢᠭ᠍ᠵᠢᠭᠤᠯᠤᠨ ᠰᠠᠯᠭᠠᠨ ᠡᠳ᠋ᠱᠢᠭᠦᠯᠬᠦ᠌ ᠬᠦᠷᠲᠡᠯᠡᠬᠢ ᠬᠤᠤᠰ ᠳᠠᠪᠠᠯᠲᠠ᠎ᠶ᠋ᠢ ᠪᠡᠶᠡᠯᠡᠭᠦᠯᠵᠦ᠍᠂ 《ᠨᠢᠭᠡ ᠴᠣᠭ᠍ᠴᠠ ᠬᠣᠶᠠᠷ ᠵᠢᠭᠦᠷ》 ᠤ᠋ᠨ ᠪᠠᠢᠯᠳᠤᠬᠤ ᠪᠣᠳᠣᠯᠭ᠎ᠠ᠎ᠶ᠋ᠢ ᠠᠮᠢᠳᠤᠯᠢᠭ᠎ᠢᠶᠠᠷ ᠦᠶ᠋ᠯᠡᠳᠦᠯᠭᠡᠵᠢᠭᠦᠯᠵᠦ ᠪᠤᠢ᠃
ᠮᠠᠰᠺᠠᠫᠧᠨ᠂ ᠮᠠᠰᠦ᠋ᠷᠢᠯᠠ ᠪᠢᠱᠢᠯᠠᠭᠢ ᠠᠮᠵᠢᠯᠲᠠ᠎ᠲᠠᠶ ᠦᠶ᠋ᠯᠡᠳᠪᠦᠷᠢᠯᠡᠵᠤ ᠭᠠᠷᠭᠠᠬᠰᠠᠨ᠎ᠡᠴᠡ ᠠᠪᠤᠭᠠᠳ ᠲᠣᠰ ᠤᠳᠠᠭᠠᠨ᠎ᠤ ᠣᠯᠠᠨ ᠵᠦᠶ᠋ᠯ᠎ᠦᠨ ᠨᠠᠷᠢᠯᠢᠭ ᠡᠳ᠋ᠱᠢᠭᠦᠯᠦᠭ᠌ᠰᠡᠨ ᠱᠢᠨ᠎ᠡ ᠦᠢᠯᠡᠳᠬᠦᠨ᠎ᠢ ᠲᠥᠪᠯᠡᠷᠡᠭᠦᠯᠦᠨ ᠦᠶ᠋ᠯᠡᠳᠪᠦᠷᠢᠯᠡᠬᠦ᠌ ᠬᠦᠷᠳᠡᠯ᠎ᠠ᠂ ᠮᠸᠩ ᠨᠢᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠪᠡᠷ ᠬᠥᠳᠡᠯᠭᠡᠭᠦᠷ ᠪᠣᠯᠭᠠᠵᠤ᠂ ᠠᠵᠢᠯ ᠲᠥᠷᠥᠯᠦᠨᠳᠡᠮᠳᠡᠭᠯᠡᠯᠢ ᠲᠠᠰᠤᠷᠠᠯᠲᠠ ᠥᠬᠡᠶ ᠱᠢᠨᠡᠳᠭᠡᠪᠡ᠃
ᠮᠠᠱᠢᠨ ᠮᠸᠬᠠᠨᠢᠭ ᠬᠦᠩᠭᠢᠨᠡᠵᠦ᠂ ᠱᠢᠨ᠎ᠡ ᠨᠢᠬᠡᠨ ᠦᠢᠯᠡᠳᠬᠦᠨ᠎ᠢ ᠦᠢᠯᠡᠳᠪᠦᠷᠢᠯᠡᠵᠤ ᠭᠠᠷᠭᠠᠬᠤ ᠪᠦᠷᠢ ᠳᠤᠮᠳᠠᠳᠤ ᠤᠯᠤᠰ᠎ᠤᠨ ᠰᠦ ᠶ᠋ᠢᠨ ᠦᠶ᠋ᠯᠡᠰ᠎ᠤ᠋ᠨ ᠴᠢᠨᠠᠷ ᠰᠠᠢᠲᠠᠶ ᠬᠥᠭ᠌ᠵᠢᠯᠲᠡ᠎ᠶ᠋ᠢᠨ ᠬᠦᠴᠦᠷᠬᠡᠭ ᠲᠠᠭᠤᠨ᠎ᠢ ᠲᠠᠮᠵᠢᠭᠤᠯᠵᠤ ᠪᠠᠢᠨ᠎ᠠ᠃ ᠢᠷᠡᠭᠡᠳᠦᠢ᠎ᠳᠦ᠂ ᠮᠸᠩ ᠨᠢᠦ ᠠᠵᠤ ᠦᠢᠯᠡᠰᠵᠢᠯᠲᠡ᠎ᠶ᠋ᠢᠨ ᠠᠬᠢᠴᠠ᠎ᠪᠠᠨ ᠦᠷᠭᠦᠯᠵᠢᠯᠡᠨ ᠲᠦᠷᠭᠡᠳᠭᠡᠵᠦ᠍᠂ ᠨᠡᠩ ᠤᠯᠠᠨ ᠳᠡᠭᠡᠳᠦ ᠲᠡᠰ᠎ᠤᠨ ᠦᠢᠯᠡᠳᠬᠦᠨ᠎ᠢ ᠦᠢᠯᠡᠳᠪᠦᠷᠢᠯᠡᠵᠤ᠂ ᠳᠤᠮᠳᠠᠳᠤ ᠤᠯᠤᠰ᠎ᠤᠨ ᠰᠦ᠎ᠶ᠋ᠢᠨ ᠦᠢᠯᠡᠰ᠎ᠦᠨ 《ᠰᠦ ᠤᠤᠭᠤᠬᠤ》 ᠡᠴᠡ 《ᠴᠠᠭᠠᠨ ᠢᠳᠡᠬᠡ ᠢᠳᠡᠬᠦ᠌》 ᠵᠠᠭ᠍ᠪᠤᠷ ᠲᠡᠢᠰᠢ ᠳᠡᠰ ᠳᠡᠪᠱᠢᠬᠦ ᠳ᠋ᠤ ᠬᠦᠴᠦᠨ ᠨᠡᠮᠡᠷᠢᠯᠡᠵᠤ᠂ ᠳᠡᠭᠡᠳᠦ ᠲᠡᠰᠵᠢᠭ᠌ᠰᠡᠨ᠂ ᠳᠡᠯᠡᠬᠡᠢᠵᠢᠭ᠌ᠰᠡᠨ ᠱᠢᠨ᠎ᠡ ᠠᠶᠠᠨ᠎ᠳᠤ ᠮᠣᠷᠳᠠᠨᠡ᠃