ᠴᠡᠩᠭᠡᠷᠬᠡᠨ ᠠᠯᠤᠰ᠎ᠲᠤ ᠠᠭᠤᠯᠠᠰ᠎ᠤᠨ ᠪᠠᠷ᠎ᠠ ᠲᠤᠳᠤᠷᠠᠭᠠᠳ
ᠴᠡᠯᠮᠡᠭ᠌ᠬᠡᠨ ᠤᠭ᠍ᠲᠠᠷᠭᠤᠢ᠎ᠶ᠋ᠢ ᠵᠡᠯ᠎ᠡ᠎ᠶ᠋ᠢᠨ ᠴᠤᠪᠤᠭ᠎ᠠ ᠬᠦᠪᠦᠷᠢᠳᠦᠨᠡ
ᠴᠡᠯᠡᠭᠡᠷᠬᠡᠨ ᠪᠤᠳᠤᠯ᠎ᠤᠨ ᠠᠶᠠᠯᠭᠤ ᠡᠭᠡᠱᠢᠭᠢ ᠴᠢᠪᠬᠠᠳᠠᠨ
ᠴᠡᠩᠭᠡᠯᠬᠡᠨ ᠬᠠᠪᠤᠷ ᠤᠲᠤᠷ᠎ᠤᠨ ᠬᠠᠶᠠᠭ᠎ᠠ᠎ᠶ᠋ᠢ ᠲᠡᠯᠡᠨ᠎ᠡ
ᠠᠨᠢᠷᠯᠠᠩᠬᠠᠨ ᠲᠠᠯ᠎ᠠ᠎ᠳᠤ ᠠᠬᠢ᠎ᠶ᠋ᠢᠨ ᠨᠢᠳᠦ ᠴᠤᠬᠤᠯᠵᠠᠭᠠᠳ
ᠠᠶᠠᠰᠭᠠᠨ ᠰᠠᠯᠬᠢ᠎ᠶ᠋ᠢ ᠲᠦᠯ᠎ᠤᠨ ᠳᠠᠭᠤ ᠵᠦᠭᠡᠯᠡᠯᠡᠨᠡ
ᠠᠶᠠᠷᠬᠠᠨ ᠪᠤᠳᠤᠯ᠎ᠤᠨ ᠠᠶᠠᠯᠭᠤ ᠡᠭᠡᠱᠢᠭᠢ ᠴᠢᠪᠬᠠᠳᠠᠨ
ᠠᠯᠲᠠᠩᠬᠠᠨ ᠬᠠᠪᠤᠷ ᠠᠮᠢᠳᠤᠷᠠᠯ᠎ᠤᠨ ᠨᠤᠲᠢ ᠬᠦᠭ᠌ᠯᠡᠨᠡ
ᠬᠦᠬᠡᠷᠡᠩᠬᠡᠨ ᠤᠢ᠎ᠳᠤ ᠬᠦᠬᠦᠭᠡ᠎ᠶ᠋ᠢᠨ ᠳᠠᠭᠤ ᠴᠤᠤᠷᠢᠶᠠᠯᠠᠭᠠᠳ
ᠬᠦᠯᠢᠶᠡᠩᠬᠡᠨ ᠳᠡᠷᠲᠡᠭᠡ᠎ᠶ᠋ᠢ ᠬᠦᠬᠡ ᠵᠡᠷᠭᠡᠯᠭᠡᠨ ᠴᠠᠯᠭᠢᠭᠤᠯᠤᠨ᠎ᠠ
ᠬᠦᠰᠡᠩᠬᠡᠨ ᠪᠤᠳᠤᠯ᠎ᠤᠨ ᠠᠶᠠᠯᠭᠤ ᠡᠭᠡᠱᠢᠭᠢ ᠴᠢᠪᠬᠠᠳᠠᠨ
ᠬᠦᠭ᠌ᠵᠢᠯᠬᠡᠨ ᠬᠠᠪᠤᠷ ᠠᠮᠢᠵᠢᠷᠠᠯ᠎ᠤᠨ ᠨᠠᠢᠷᠠᠯᠢ ᠬᠦᠭᠡᠮᠡᠢᠯᠡᠨᠡ
ᠳᠠᠯᠠᠯᠤᠩᠬᠠᠨ ᠨᠠᠭᠤᠷ᠎ᠲᠤ ᠡᠭᠦᠯᠡᠰ᠎ᠤᠨ ᠰᠡᠭᠦᠳᠡᠷ ᠬᠦᠪᠦᠵᠦ᠍
ᠳᠠᠰᠤᠯᠬᠠᠨ ᠠᠩᠭᠢᠷᠢ ᠤᠰᠤᠨ᠎ᠤ ᠢᠷᠠᠯᠵᠠᠭᠠ ᠢᠯᠪᠢᠨ᠎ᠡ
ᠲᠡᠮᠡᠦᠯᠦᠩᠬᠡᠨ ᠪᠤᠳᠤᠯ᠎ᠤᠨ ᠡᠭᠡᠱᠢᠭ ᠠᠶᠠᠯᠭᠤ᠎ᠶ᠋ᠢ ᠴᠢᠪᠬᠠᠳᠠᠨ
ᠳᠡᠯᠭᠡᠷᠡᠩᠬᠡᠨ ᠬᠠᠪᠤᠷ ᠳᠡᠯᠡᠬᠡᠢ ᠪᠠᠢᠭᠠᠯᠢ᠎ᠶ᠋ᠢ ᠳᠡᠪᠳᠡᠷᠢᠭᠦᠯᠦᠨᠡ
ᠱᠢᠪᠡᠷᠡᠩᠬᠡᠨ ᠪᠤᠷᠤᠭᠠᠨ᠎ᠳᠤ ᠱᠢᠷᠢᠭᠢ ᠵᠦᠯᠭᠡ ᠰᠡᠷᠪᠡᠯᠵᠡᠵᠦ᠍
ᠱᠢᠷᠲᠡᠩᠬᠡᠨ ᠮᠦᠷᠦᠭᠡᠳᠦᠯ᠎ᠢ ᠰᠠᠨᠰᠠᠷ᠎ᠤᠨ ᠲᠤᠩᠭᠠᠯᠠᠭ ᠪᠡᠯᠴᠢᠭᠡᠨ᠎ᠡ
ᠱᠢᠪᠡᠨᠡᠭ᠌ᠬᠡᠨ ᠪᠤᠳᠤᠯ᠎ᠤᠨ ᠠᠶᠠᠯᠭᠤ ᠡᠭᠡᠱᠢᠭᠢ ᠴᠢᠪᠬᠠᠳᠠᠨ
ᠱᠢᠨᠡᠬᠡᠨ ᠬᠠᠪᠤᠷ ᠰᠡᠳᠭᠢᠯ ᠢᠲᠡᠭᠡᠯ᠎ᠢ ᠱᠢᠷᠤᠩᠬᠠᠢᠯᠠᠨᠠ