ᠲᠢᠱ ᠲᠡᠱ᠂ ᠲᠢᠱ ᠲᠠᠱ ᠁ ᠲᠠᠪᠳᠠᠭᠰᠠᠭᠠᠷ ᠪᠠᠢᠵᠤ ᠲᠠᠷᠬᠠᠨ ᠪᠤᠯᠤᠭᠰᠠᠨ ᠠᠯᠳᠠᠠᠠᠠᠭᠤᠯᠠ
2026-05-22 11:50:49
ᠵᠣᠬᠢᠶᠠᠭ᠍ᠴᠢ᠄
​ ᠰᠠᠷᠭᠠᠢ ᠴᠤᠪᠤᠭᠤ
ᠣᠩᠱᠢᠭ᠍ᠰᠠᠨ ᠣᠳᠠᠭ᠎ᠠ᠄
★★★☆☆

ᠬᠦᠭᠵᠢᠶᠡᠨ ᠶᠡᠬᠡᠳᠡᠢ ᠬᠦᠬᠡᠬᠤᠳᠡ ᠢ᠋ᠢᠨ ᠮᠤᠨᠭᠭᠤᠯ ᠬᠤᠳᠠ ᠬᠤᠳᠠᠯᠳᠤᠭᠠᠨ ᠤ᠋ ᠲᠦᠪ ᠤ᠋ᠨ ᠨᠢᠬᠡᠳᠤᠬᠡᠷ ᠲᠠᠪᠬᠤᠷᠯᠢᠭ ᠤ᠋ᠨ 《ᠠᠯᠳᠠᠠᠠᠠᠭᠤᠯᠠ ᠮᠦᠨᠭᠬᠦᠨ ᠭᠠᠷ ᠤᠷᠠᠯᠡᠯ ᠤ᠋ᠨ ᠦᠷᠦᠬᠡ》 ᠡᠴᠡ ᠠᠯᠤᠬ᠎ᠡ ᠲᠦᠰᠢ ᠢ᠋ᠢᠨ ᠲᠠᠭᠤᠨ ᠠᠢᠵᠠᠮ ᠲᠠᠢ ᠰᠤᠨᠤᠰᠤᠭᠳᠠᠵᠤ᠂ ᠠᠯᠳᠠᠠᠠᠠᠭᠤᠯᠠ ᠨᠢᠬᠡ ᠡᠳᠤᠷ ᠤ᠋ᠨ ᠠᠵᠢᠯ ᠢ᠋ᠢᠡᠨ ᠡᠷᠳᠡᠬᠡᠨ ᠡᠬᠢᠯᠡᠬᠦᠯᠴᠢᠬᠡᠵᠡᠢ᠃ ᠲᠡᠷᠡ ᠡᠳᠤᠷ ᠪᠦᠷᠢ ᠠᠵᠢᠯᠯᠠᠬᠤ ᠦᠷᠦᠬᠡ ᠳ᠋ᠡᠬᠡᠨ ᠮᠦᠨᠭᠬᠦᠨ ᠡᠳ᠋ᠯᠡᠯ ᠢ᠋ᠢᠡᠨ ᠤᠷᠠᠯᠠᠨ ᠰᠠᠭᠤᠵᠤ᠂ ᠡᠨᠡ ᠬᠦ᠌ ᠠᠵᠢᠯ ᠢ᠋ᠢᠡᠨ ᠲᠠᠬᠢᠨ ᠲᠠᠪᠳᠠᠨ ᠬᠢᠵᠤ᠂ ᠵᠠᠷᠢᠮ ᠳ᠋ᠠᠭᠠᠨ ᠬᠡᠴᠢᠨᠡᠨ ᠴᠠᠭ ᠢ᠋ᠢᠡᠷ ᠠᠵᠢᠯᠯᠠᠭᠰᠠᠨ ᠢ᠋ᠢᠡᠨ ᠮᠠᠷᠳᠠᠴᠢᠬᠠᠭᠰᠠᠨ ᠴᠦ᠍ ᠲᠤᠷᠠᠳᠡᠢ ᠠᠵᠢᠯ ᠢ᠋ᠢᠡᠨ ᠬᠢᠵᠤ ᠪᠠᠢᠬᠤ ᠪᠤᠯᠬᠤᠷ ᠵᠤᠭᠰᠤᠭ᠎ᠠ ᠵᠢᠯᠤᠭᠤ ᠦᠬᠡᠢ ᠪᠡᠷ ᠡᠳᠤᠷ ᠬᠤᠨᠤᠭ ᠢ᠋ ᠤᠳᠬ᠎ᠠ ᠠᠭᠤᠯᠭ᠎ᠠ ᠲᠠᠢ ᠦᠨᠭᠬᠡᠷᠡᠬᠦᠯᠦᠨ᠎ᠡ᠃


QQ20260522-114904.png


ᠮᠦᠨᠭᠬᠦ ᠬᠠᠢᠯᠤᠭᠤᠯᠬᠤ᠂ ᠮᠦᠨᠭᠬᠦ ᠲᠠᠷᠤᠬᠤ᠂ ᠬᠡ ᠤᠭᠠᠯᠵᠠ ᠤᠷᠠᠯᠠᠬᠤ᠂ ᠮᠦᠨᠭᠬᠦ ᠪᠡᠨ ᠭᠠᠨᠭᠨᠠᠬᠤ᠂ ᠰᠢᠬᠢᠳᠬᠡᠭᠡᠷᠢ ᠰᠠᠭᠤᠯᠭᠠᠬᠤ ᠬᠡᠳ ᠨᠠᠷᠢᠯᠢᠭ ᠠᠵᠢᠯ ᠤ᠋ᠳ ᠢ᠋ ᠮᠢᠨᠭᠭ᠎ᠠ ᠲᠦᠮᠡᠨ ᠤᠳᠠᠭ᠎ᠠ ᠪᠡᠷ ᠲᠠᠪᠳᠠᠵᠤ᠂ ᠠᠯᠳᠠᠠᠠᠠᠭᠤᠯᠠ ᠰᠡᠳᠬᠢᠯ ᠵᠢᠷᠤᠬᠡ ᠪᠡᠨ ᠠᠭᠤᠳᠠᠯᠤᠨ ᠬᠦᠴᠦ ᠬᠦᠯᠦᠰᠤ ᠤᠷ᠎ᠡ ᠤᠬᠠᠭᠠᠨ ᠢ᠋ᠢᠡᠨ ᠰᠢᠨᠭᠬᠡᠬᠡᠨ ᠪᠠᠢᠵᠤ ᠨᠠᠷᠢᠯᠢᠭ ᠬᠢᠴᠡ ᠲᠠᠢ ᠭᠠᠷ ᠤᠷᠠᠯᠠᠯ ᠤ᠋ᠨ ᠪᠦᠳᠦᠬᠡᠯ ᠤ᠋ᠳ ᠢ᠋ ᠤᠷᠠᠯᠠᠨ ᠪᠦᠳᠦᠬᠡᠨ᠎ᠡ᠃


QQ20260522-114917.png


ᠠᠯᠳᠠᠠᠠᠠᠭᠤᠯᠠ ᠮᠦᠨᠭᠬᠦᠨ ᠲᠠᠷᠬᠠᠨ ᠤ᠋ ᠤᠯᠠᠮᠵᠢᠯᠠᠯᠳᠤ ᠤᠷ᠎ᠡ ᠮᠡᠷᠬᠡᠵᠢᠯ ᠢ᠋ ᠠᠪᠤ ᠳᠡᠭᠡᠳᠦ ᠡᠴᠡ ᠪᠡᠨ ᠦᠪᠯᠡᠵᠤ ᠠᠪᠤᠭ᠎ᠠ ᠦᠬᠡᠢ ᠬᠠᠷᠢᠨ ᠤᠯᠠᠨ ᠵᠢᠯ ᠤ᠋ᠨ ᠴᠦᠬᠦᠷᠡᠰᠢ ᠦᠬᠡᠢ ᠤᠷᠤᠯᠳᠤᠯᠭ᠎ᠠ ᠴᠢᠷᠮᠠᠢᠯᠭ᠎ᠠ᠂ ᠤᠷ᠎ᠡ ᠴᠢᠳᠠᠪᠤᠷᠢ ᠪᠤᠯᠤᠨ ᠲᠤᠭᠤᠯᠵᠤ ᠢᠷᠡᠭᠰᠡᠨ ᠠᠮᠢᠳᠤᠷᠡᠯ ᠤ᠋ᠨ ᠨᠤᠬᠤᠴᠢᠭᠠᠨ ᠳ᠋ᠤ᠌ ᠰᠤᠷᠴᠤ ᠲᠠᠪᠳᠠᠭᠳᠠᠭᠰᠠᠨ ᠶᠤᠮ᠃ ᠲᠡᠷᠡ ᠪᠡᠷ ᠦᠰᠴᠦ ᠲᠦᠷᠦᠭᠰᠡᠨ ᠦᠯᠦᠬᠡᠢ ᠨᠤᠳᠤᠭ ᠤᠯᠠᠭᠠᠨᠬᠠᠳᠠ ᠬᠤᠳᠠ ᠢ᠋ᠢᠨ ᠠᠷᠦ ᠬᠤᠷᠴᠢᠨ ᠬᠤᠰᠢᠭᠤᠨ ᠤ᠋ ᠵᠢᠭᠠᠰᠤᠳᠡᠢ ᠪᠠᠯᠭᠠᠰᠤ ᠵᠢᠨ ᠳ᠋ᠠᠮ ᠭᠠᠴᠠᠭᠠᠨ ᠳ᠋ᠤ ᠮᠠᠯ ᠮᠠᠯᠵᠢᠵᠤ ᠠᠮᠢᠳᠤᠷᠡᠯ ᠢ᠋ᠢᠡᠨ ᠪᠤᠰᠬᠠᠵᠤ ᠪᠠᠢᠭᠰᠠᠨ ᠢ᠋ᠢᠡᠨ ᠪᠡᠯᠴᠢᠬᠡᠷ ᠨᠤᠳᠤᠭ ᠲᠤᠨᠢ ᠦᠶᠡᠷ ᠤ᠋ᠨ ᠭᠠᠮᠰᠢᠭ ᠭᠠᠷᠤᠭᠰᠠᠨ᠂ ᠲᠠᠷᠢᠶᠠᠨ ᠭᠠᠵᠠᠷ ᠪᠠᠭᠠᠳᠠᠢ᠂ ᠬᠡᠤᠬᠡᠳ ᠢ᠋ᠢᠡᠨ ᠰᠤᠷᠭᠠᠭᠤᠯᠢ ᠳ᠋ᠤ᠌ ᠰᠠᠭᠤᠯᠭᠠᠬᠤ ᠵᠡᠷᠬᠡ ᠦᠢᠯᠡᠳᠪᠤᠷᠢᠯᠡᠯ ᠠᠮᠢᠳᠤᠷᠠᠯ ᠤ᠋ᠨ ᠤᠴᠠᠷᠠᠯ ᠢ᠋ᠢᠡᠷ ᠠᠷᠭ᠎ᠠ ᠪᠤᠰᠤ ᠮᠠᠯ ᠤᠨᠤᠭ᠎ᠠ ᠪᠡᠨ ᠪᠦᠬᠦᠨ ᠢ᠋ ᠬᠤᠳᠠᠯᠳᠤᠵᠤ᠂ 2000 ᠤᠨ ᠳ᠋ᠤ᠌ ᠴᠢᠪᠠᠭ᠎ᠠ ᠪᠠᠯᠭᠠᠰᠤᠨ ᠳ᠋ᠤ᠌ ᠬᠤᠭᠤᠯᠠᠨ ᠬᠡᠷ ᠨᠡᠬᠡᠬᠡᠵᠤ ᠠᠵᠤ ᠠᠮᠢᠳᠤᠷᠡᠯ ᠢ᠋ᠢᠡᠨ ᠦᠬᠡᠳᠡ ᠪᠡᠨ ᠲᠠᠳᠠᠬᠤ ᠢ᠋ᠢ ᠪᠤᠳᠤᠵᠡᠢ᠃ ᠬᠡᠬᠦ ᠳ᠋ᠤ᠌ ᠵᠡᠬ᠎ᠡ ᠲᠡᠯᠬᠡᠬᠦᠷ ᠤ᠋ᠨ ᠪᠠᠢᠳᠡᠯ ᠢ᠋ ᠤᠢᠯᠠᠭᠠᠬᠤ ᠦᠬᠡᠢ᠂ ᠠᠷᠠᠯᠵᠢᠶ᠎ᠡ ᠮᠠᠢᠮᠠᠢ ᠬᠢᠬᠦ ᠠᠷᠭ᠎ᠠ ᠤᠬᠠᠭᠠᠨ ᠬᠦᠷᠦᠯᠴᠡᠬᠦ ᠦᠬᠡᠢ ᠵᠡᠷᠬᠡ ᠰᠢᠯᠳᠠᠭᠠᠨ ᠡᠴᠡ ᠨᠢᠬᠡ ᠵᠢᠯ ᠪᠤᠯᠤᠯ ᠦᠬᠡᠢ ᠪᠡᠷ ᠬᠤᠭᠤᠯᠠᠨ ᠬᠡᠷ ᠤ᠋ᠨ ᠢ᠋ᠢᠡᠨ ᠡᠬᠦᠳᠡ ᠢ᠋ᠢ ᠬᠠᠭᠠᠵᠤ᠂ ᠬᠤᠳᠠ ᠳ᠋ᠤ᠌ ᠬᠦᠯ ᠲᠤᠭᠳᠠᠨᠢᠵᠤ ᠲᠡᠢᠯᠦᠭᠰᠡᠨ ᠦᠬᠡᠢ ᠮᠦᠷᠳᠡᠬᠡᠨ ᠬᠦᠳᠡᠬᠡ ᠳ᠋ᠡᠬᠡᠨ ᠴᠦ᠍ ᠪᠤᠴᠠᠬᠤ ᠢ᠋ᠢᠨ ᠠᠷᠭ᠎ᠠ ᠦᠬᠡᠢ ᠪᠤᠯᠵᠤ ᠭᠠᠷ ᠨᠤᠬᠤᠯᠠᠨ ᠭᠠᠴᠢᠭᠳᠠᠪᠠ᠃




ᠠᠮᠢᠳᠤᠷᠡᠯ ᠳ᠋ᠤ᠌ ᠲᠤᠬᠢᠶᠠᠯᠳᠤᠬᠤ ᠪᠠᠷᠬᠡ ᠲᠠᠪᠠᠭ᠎ᠠ ᠢ᠋ᠢ ᠲᠤᠭᠤᠯᠵᠤ ᠭᠠᠷᠬᠤ ᠡᠴᠡ ᠪᠢᠰᠢ ᠲᠤᠭᠤᠷᠢᠵᠤ ᠭᠠᠷᠬᠤ ᠵᠢᠨ ᠠᠷᠭ᠎ᠠ ᠦᠬᠡᠢ ᠶᠤᠮ᠃ 2004 ᠤᠨ ᠳ᠋ᠤ ᠠᠯᠳᠠᠠᠠᠠᠭᠤᠯᠠ ᠪᠤᠭᠴᠤ ᠪᠡᠨ ᠡᠬᠦᠷᠴᠤ ᠯᠢᠶᠤᠤᠨᠢᠨᠭ᠌ ᠤ᠋ᠨ ᠠᠨᠱᠠᠨ ᠬᠤᠳᠠ ᠳ᠋ᠤ᠌ ᠬᠦᠷᠴᠤ ᠰᠦᠯᠢᠶᠤᠤ ᠬᠠᠪᠳᠠᠰᠤ ᠤᠭᠰᠠᠷᠠᠬᠤ ᠨᠠᠷᠢᠨ ᠰᠢᠷᠢᠨ ᠠᠵᠢᠯ ᠬᠢᠵᠤ 3 ᠵᠢᠯ ᠢ᠋ ᠦᠨᠭᠬᠡᠷᠡᠬᠦᠯᠵᠡᠢ᠃ 《ᠲᠡᠷᠡ ᠦᠶ᠎ᠡ ᠳ᠋ᠤ᠌ ᠬᠦᠮᠦᠨ ᠤ᠋ ᠭᠠᠵᠠᠷ ᠬᠦᠨᠳᠡᠯᠡᠨ ᠤ᠋ ᠨᠤᠳᠤᠭ ᠲᠦ᠍ ᠬᠦᠯᠦᠰᠤᠨ ᠠᠵᠢᠯ ᠬᠢᠵᠤ ᠶᠠᠪᠤᠬᠤ ᠳ᠋ᠠᠭᠠᠨ ᠰᠠᠯᠵᠤ ᠤᠳᠠᠭᠰᠠᠨ ᠨᠤᠳᠤᠭ ᠤᠰᠤ ᠪᠠᠨ ᠶᠡᠬᠡ ᠰᠠᠨᠠᠨ᠎ᠡ᠂ ᠨᠠᠰᠤ ᠵᠠᠯᠠᠭᠤ ᠪᠠᠢᠬᠤ ᠲᠡᠬᠡᠷ᠎ᠡ ᠪᠡᠨ ᠨᠤᠳᠤᠭ ᠲᠠᠭᠠᠨ ᠬᠠᠷᠢᠵᠤ ᠠᠵᠢᠯ ᠤᠢᠯᠡᠰ ᠢ᠋ᠢᠡᠨ ᠪᠤᠰᠬᠠᠶ᠎ᠡ ᠬᠡᠵᠤ ᠨᠤᠳᠤᠭ ᠲᠠᠭᠠᠨ ᠢᠷᠡᠭᠰᠡᠨ ᠶᠤᠮ》ᠬᠡᠵᠤ ᠠᠯᠳᠠᠠᠠᠠᠭᠤᠯᠠ ᠶᠠᠷᠢᠵᠤ ᠪᠠᠢᠯ᠎ᠡ᠃ ᠲᠡᠷᠡ ᠨᠤᠳᠤᠭ ᠲᠠᠭᠠᠨ ᠬᠠᠷᠢᠭᠠᠳ ᠤᠯᠠᠭᠠᠨᠬᠠᠳᠡ ᠬᠤᠳᠠ ᠢ᠋ᠢᠨ ᠮᠤᠷᠢᠨ ᠬᠤᠭᠤᠷ ᠤ᠋ᠨ ᠤᠢᠯᠡᠳᠪᠤᠷᠢ ᠳ᠋ᠤ᠌ ᠮᠤᠷᠢᠨ ᠬᠤᠭᠤᠷ ᠬᠢᠬᠦ ᠮᠡᠷᠬᠡᠵᠢᠯ ᠢ᠋ 3 ᠵᠢᠯ ᠰᠤᠷᠴᠤ᠂ 2010 ᠤᠨ ᠳ᠋ᠤ᠌ ᠶᠡᠬᠡ ᠬᠤᠳᠠ ᠳ᠋ᠤ᠌ ᠤᠷᠤᠵᠤ ᠦᠪᠡᠷ ᠤ᠋ᠨ ᠰᠤᠷᠤᠭᠰᠠᠨ ᠮᠡᠷᠭᠡᠵᠢᠯ ᠢ᠋ᠢᠡᠨ ᠲᠡᠭᠡᠭᠰᠢᠯᠡᠬᠦᠯᠬᠦ ᠵᠤᠷᠢᠯᠭ᠎ᠠ ᠪᠡᠷ ᠲᠠᠨᠢᠯ ᠠᠬ᠎ᠡ ᠢ᠋ᠢᠨ ᠢ᠋ᠢᠡᠨ ᠲᠠᠨᠢᠯᠴᠠᠭᠤᠯᠭ᠎ᠠ ᠪᠡᠷ ᠬᠦᠬᠡᠬᠤᠳᠡ ᠢ᠋ᠢᠨ ᠭᠠᠷᠠᠭ ᠮᠤᠷᠢᠨ ᠬᠤᠭᠤᠷ ᠤ᠋ᠨ ᠤᠢᠯᠡᠳᠪᠤᠷᠢ ᠢ᠋ᠢᠨ ᠡᠵᠡᠨᠳᠡᠨ ᠲᠠᠢ ᠤᠴᠠᠷᠠᠨ ᠵᠤᠯᠭᠠᠵᠤ᠂ ᠦᠪᠡᠷ ᠤ᠋ᠨ ᠬᠢᠭᠰᠡᠨ ᠮᠤᠷᠢᠨ ᠬᠤᠭᠤᠷ ᠢ᠋ᠢᠡᠨ ᠦᠵᠡᠬᠦᠯᠦᠭᠰᠡᠨ ᠳ᠋ᠤ᠌ ᠲᠡᠬᠦᠨ ᠳ᠋ᠤ᠌ ᠶᠡᠬᠡᠳᠡ ᠲᠤᠭᠤᠭᠳᠠᠵᠤ᠂ ᠤᠢᠯᠡᠳᠪᠤᠷᠢ ᠳ᠋ᠤᠨᠢ ᠠᠵᠢᠯᠯᠠᠬᠤ ᠪᠡᠷ ᠪᠤᠯᠵᠡᠢ᠃ ᠲᠡᠬᠡᠬᠡᠳ 5 ᠵᠢᠯ ᠤ᠋ᠨ ᠰᠢᠷᠭᠠᠭᠤ ᠬᠠᠳᠠᠭᠤᠵᠢᠯᠳᠡᠢ ᠴᠢᠷᠮᠠᠢᠯᠭ᠎ᠠ ᠪᠡᠷ ᠮᠤᠷᠢᠨ ᠬᠤᠭᠤᠷ ᠢ᠋ ᠤᠯᠠᠮ ᠨᠠᠷᠢᠯᠢᠭ ᠬᠢᠬᠦ ᠪᠤᠯᠤᠭᠰᠠᠨ ᠶᠤᠮ᠃

ᠠᠯᠳᠠᠠᠠᠠᠭᠤᠯᠠ ᠢ᠋ᠢᠨ ᠰᠤᠷᠤᠭᠰᠠᠨ ᠮᠤᠷᠢᠨ ᠬᠤᠭᠤᠷ ᠬᠢᠬᠦ ᠤᠷ᠎ᠡ ᠮᠡᠷᠬᠡᠵᠢᠯ ᠨᠢ ᠲᠡᠬᠦᠨ ᠤ᠋ ᠮᠦᠨᠭᠬᠦᠨ ᠲᠠᠷᠬᠠᠨ ᠪᠤᠯᠬᠤ ᠳ᠋ᠤ᠌ ᠰᠠᠭᠤᠷᠢ ᠲᠠᠯᠪᠢᠵᠠᠢ᠃ ᠤᠷᠤᠯᠭ᠎ᠠ ᠪᠡᠨ ᠨᠡᠮᠡᠭᠳᠡᠬᠦᠯᠵᠤ ᠠᠵᠤ ᠠᠮᠢᠳᠤᠷᠡᠯ ᠢ᠋ᠢᠡᠨ ᠦᠨᠭᠬᠡ ᠲᠠᠢ ᠦᠬᠡᠳᠡ ᠲᠠᠢ ᠪᠤᠯᠭᠠᠬᠤ ᠢ᠋ᠢᠨ ᠲᠦᠯᠦᠬᠡ 2014 ᠤᠨ ᠳ᠋ᠤ᠌ ᠠᠯᠳᠠᠠᠠᠠᠭᠤᠯᠠ ᠬᠠᠷᠠᠬᠠᠨ ᠪᠠᠭ᠎ᠠ ᠡᠴᠡ ᠪᠡᠨ ᠲᠤᠷ᠎ᠡ ᠪᠠᠬᠠᠳᠡᠢ ᠮᠦᠨᠭᠬᠦᠨ ᠲᠠᠷᠬᠠᠨ ᠤ᠋ ᠤᠷ᠎ᠡ ᠮᠡᠷᠬᠡᠵᠢᠯ ᠢ᠋ ᠰᠤᠷᠬᠤ ᠢ᠋ᠢ ᠵᠤᠷᠢᠵᠤ ᠲᠠᠬᠢᠨ ᠨᠤᠳᠤᠭ ᠲᠠᠭᠠᠨ ᠬᠠᠷᠢᠵᠤ᠂ ᠠᠷᠤ ᠬᠤᠷᠴᠢᠨ ᠬᠤᠰᠢᠭᠤᠨ ᠤ᠋ ᠨᠡᠷᠡᠳᠤ ᠲᠠᠷᠬᠠᠨ ᠫᠤᠨᠲ᠋ᠤᠤ ᠪᠠᠭᠰᠢ ᠳ᠋ᠤ᠌ ᠮᠤᠷᠢᠨ ᠬᠤᠭᠤᠷ ᠢ᠋ᠢᠡᠨ ᠡᠷᠬᠦᠨ ᠪᠠᠷᠢᠵᠤ ᠱᠠᠪᠢ ᠤᠷᠤᠭᠠᠳ ᠤᠯᠠᠮᠵᠢᠯᠠᠯᠳᠤ ᠮᠦᠨᠭᠬᠦᠨ ᠲᠠᠷᠬᠠᠨ ᠤ᠋ ᠮᠡᠷᠬᠡᠵᠢᠯ ᠢ᠋ ᠰᠤᠷᠴᠤ᠂ ᠡᠨᠡ ᠪᠡᠶ᠎ᠡ ᠳ᠋ᠡᠬᠡᠨ ᠢᠯᠡᠬᠦᠦ ᠨᠢᠬᠡ ᠮᠡᠷᠬᠡᠵᠢᠯ ᠲᠠᠢ ᠪᠤᠯᠤᠭᠰᠠᠨ ᠠᠵᠢ᠃ ᠭᠠᠷ ᠤᠷᠠᠨ ᠠᠯᠳᠠᠠᠠᠠᠭᠤᠯᠠ ᠪᠠᠭᠰᠢ ᠡᠴᠡ ᠪᠡᠨ 5 ᠡᠳᠤᠷ ᠮᠡᠷᠬᠡᠵᠢᠯ ᠰᠤᠷᠤᠮᠠᠭᠴᠡ ᠬᠠᠷᠠᠭᠠᠨ ᠳ᠋ᠤ᠌ ᠬᠦᠷᠬᠡᠮᠡᠷ ᠪᠦᠭᠡᠵᠢ ᠬᠢᠵᠤ ᠭᠠᠷᠭᠠᠭᠠᠳ ᠰᠢᠭᠤᠳ ᠪᠠᠭᠠᠷᠢᠨ ᠪᠠᠷᠠᠭᠤᠨ ᠬᠤᠰᠢᠭᠤᠨ ᠤ᠋ ᠳ᠋ᠠᠪᠠᠨ ᠪᠠᠯᠭᠠᠰᠤᠨ ᠳ᠋ᠤ᠌ ᠬᠦᠷᠴᠤ 《ᠮᠦᠨᠭᠬᠦᠨ ᠲᠠᠷᠬᠠᠨ》 ᠤ᠋ ᠦᠷᠦᠬᠡ ᠪᠡᠨ ᠨᠡᠭᠡᠭᠡᠵᠤ ᠲᠠᠷᠬᠠᠨ ᠤ᠋ ᠠᠵᠢᠯ ᠢ᠋ᠢᠡᠨ ᠡᠬᠢᠯᠡᠬᠦᠯᠪᠠ᠃《ᠲᠡᠬᠡᠵᠤ ᠪᠠᠢᠳᠠᠯ᠎ᠡ ᠵᠤᠴᠢᠨ ᠢᠷᠡᠵᠤ ᠪᠦᠬᠡᠵᠢ ᠬᠢᠯᠬᠡᠯ᠎ᠡ᠂ ᠬᠠᠵᠠᠭᠤ ᠳ᠋ᠤ᠌ ᠬᠠᠷᠠᠭᠠᠳ ᠰᠠᠭᠤᠬᠤᠯᠠᠷ ᠨᠢ ᠬᠦᠯᠦᠰᠦ ᠭᠠᠷᠤᠭᠠᠳ ᠪᠠᠷᠢᠭᠰᠠᠨ ᠲᠠᠯᠪᠢᠭᠰᠠᠨ ᠢ᠋ᠢᠡᠨ ᠤᠯᠬᠤ ᠦᠬᠡᠢ᠂ ᠠᠨᠭᠬᠠᠨ ᠤ᠋ ᠪᠦᠬᠡᠵᠢ ᠪᠡᠨ ᠬᠢᠵᠤ ᠪᠠᠢᠯ᠎ᠡ》 ᠬᠡᠵᠤ ᠠᠯᠳᠠᠠᠠᠠᠭᠤᠯᠠ ᠦᠨᠭᠬᠡᠷᠡᠭᠰᠡᠨ ᠢ᠋ᠢᠡᠨ ᠡᠷᠬᠢᠴᠡᠬᠦᠯᠦᠨ᠎ᠡ᠃ ᠢᠨᠭᠬᠢᠬᠡᠳ ᠲᠡᠷᠡ ᠠᠨᠭᠬᠠᠨ ᠤ᠋ ᠪᠦᠬᠡᠵᠢ ᠪᠡᠨ ᠬᠢᠵᠤ ᠭᠠᠷᠭᠠᠭᠰᠠᠨ ᠡᠴᠡ ᠠᠪᠤᠭᠠᠳ ᠤᠯᠠᠨ ᠲᠦᠷᠦᠯ ᠤ᠋ᠨ ᠮᠦᠨᠭᠬᠦᠨ ᠡᠳ᠋ᠯᠡᠯ ᠬᠡᠷᠡᠭᠰᠡᠯ ᠢ᠋ ᠬᠢᠬᠦ ᠲᠤᠰᠤᠮ ᠵᠢᠡᠨ ᠡᠪ ᠲᠡᠮ ᠢ᠋ ᠨᠢ ᠤᠯᠵᠤ᠂ ᠠᠵᠢᠯ ᠳ᠋ᠠᠭᠠᠨ ᠴᠠᠭᠠᠷᠠᠵᠤ ᠡᠬᠢᠯᠡᠭᠰᠡᠨ ᠪᠢᠯᠡ᠃

ᠳ᠋ᠠᠪᠠᠨ ᠪᠠᠯᠭᠠᠰᠤᠨ ᠳ᠋ᠤ᠌ ᠬᠦᠮᠦᠨ ᠠᠮᠠ ᠰᠡᠢᠷᠡᠭ ᠂ ᠠᠰᠢᠭ ᠤᠷᠤᠯᠭ᠎ᠠ ᠪᠠᠭ᠎ᠠ ᠲᠤᠯᠠ ᠠᠯᠳᠠᠠᠠᠠᠭᠤᠯᠠ ᠮᠦᠨᠭᠬᠦᠨ ᠡᠳ᠋ᠯᠡᠯ ᠬᠢᠬᠦ ᠪᠠᠭᠠᠵᠢ ᠬᠡᠷᠡᠭᠰᠡᠯ ᠢ᠋ᠢᠡᠨ ᠡᠬᠦᠷᠦᠬᠡᠳ ᠲᠠᠷᠬᠠᠨ ᠤ᠋ ᠠᠵᠢᠯ ᠢ᠋ᠢᠡᠨ ᠦᠷᠬᠦᠯᠵᠢᠯᠡᠬᠦᠯᠬᠦ ᠪᠡᠷ ᠬᠦᠮᠦᠨ ᠤᠯᠠᠨᠳᠡᠢ ᠬᠦᠬᠡᠬᠤᠳᠡ ᠢ᠋ᠢ ᠲᠠᠬᠢᠨᠳᠡ ᠵᠤᠷᠢᠯ᠎ᠡ᠃ ᠤᠢᠯᠡᠰ ᠪᠦᠳᠦᠬᠡᠬᠦ ᠬᠡᠵᠤ ᠬᠦᠯ ᠤᠯᠠ ᠪᠡᠨ ᠤᠯᠬᠤ ᠪᠡᠷ ᠭᠠᠴᠢᠭᠳᠠᠵᠤ ᠶᠠᠪᠤᠭᠰᠠᠨ ᠠᠯᠳᠠᠠᠠᠠᠭᠤᠯᠠ ᠬᠦᠬᠡᠬᠤᠳᠡ ᠳ᠋ᠤ᠌ ᠢᠷᠡᠬᠡᠳ ᠬᠠᠭᠤᠴᠢᠨ ᠠᠵᠢᠯ ᠮᠤᠷᠢᠨ ᠬᠤᠭᠤᠷ ᠬᠢᠬᠦ ᠮᠡᠷᠬᠡᠵᠢᠯ ᠢ᠋ᠢᠡᠨ ᠵᠠᠯᠭᠠᠵᠤ ᠬᠢᠵᠤ ᠪᠠᠢᠭᠰᠠᠨ ᠴᠦ᠍ ᠦᠪᠡᠷ ᠤ᠋ᠨ ᠲᠤᠷᠠᠳᠠᠢ ᠶᠠᠭᠤᠮ᠎ᠡ ᠪᠡᠨ ᠬᠢᠵᠤ ᠪᠦᠳᠦᠬᠡᠶ᠎ᠡ ᠬᠡᠰᠡᠨ ᠪᠤᠳᠤᠯ ᠨᠢ ᠤᠯᠠᠮ ᠴᠢᠨᠭᠭᠠᠷᠡᠪᠠ᠃ ᠡᠨᠡ ᠬᠤᠭᠤᠷᠤᠨᠳᠤ ᠲᠡᠷᠡ ᠨᠤᠳᠤᠭ ᠤ᠋ᠨ ᠲᠡᠬᠦᠦ ᠲᠠᠢ ᠪᠡᠨ ᠬᠠᠮᠳᠤᠷᠡᠨ ᠮᠦᠨᠭᠬᠦᠨ ᠡᠳ᠋ᠯᠡᠯ ᠬᠡᠷᠡᠭᠰᠡᠯ ᠬᠢᠵᠤ ᠤᠯᠠᠨ ᠠᠷᠪᠢᠨ ᠦᠷ᠎ᠡ ᠪᠦᠳᠦᠬᠡᠯ ᠭᠠᠷᠭᠠᠭᠰᠠᠨ ᠪᠠᠢᠯ᠎ᠡ᠃ 2023 ᠤᠨ ᠤ᠋ ᠨᠠᠮᠤᠷ ᠤ᠋ᠨ ᠨᠢᠬᠡᠨ ᠡᠳᠤᠷ ᠠᠯᠳᠠᠠᠠᠠᠭᠤᠯᠠ ᠬᠦᠬᠡᠬᠤᠳᠡ ᠢ᠋ᠢᠨ ᠮᠤᠨᠭᠭᠤᠯ ᠬᠤᠳᠠ ᠬᠤᠳᠠᠯᠳᠤᠭᠠᠨ ᠤ᠋ ᠲᠦᠪ ᠲᠦ᠍ ᠲᠤᠭᠤᠷᠢᠵᠤ ᠪᠠᠢᠭᠠᠳ ᠤᠳᠤ ᠢ᠋ᠢᠨ ᠡᠨᠡ ᠠᠵᠢᠯ ᠤ᠋ᠨ ᠦᠷᠦᠬᠡᠨ ᠤ᠋ ᠪᠠᠢᠷᠢ ᠵᠢ ᠦᠵᠡᠵᠤ ᠲᠤᠭᠤᠭᠠᠳ ᠪᠠᠷᠢᠨ ᠲᠤᠤᠷ᠎ᠠ ᠨᠢ ᠬᠡᠷ᠎ᠡ ᠲᠤᠭᠳᠠᠵᠤ ᠠᠵᠢᠯ ᠢ᠋ᠢᠡᠨ ᠡᠬᠢᠯᠡᠬᠦᠯᠬᠦ ᠪᠡᠷ ᠪᠤᠯᠵᠡᠢ᠃ ᠲᠡᠷᠡ ᠢᠨᠭᠬᠢᠵᠤ ᠤᠷᠤᠰᠢᠨ ᠲᠤᠭᠳᠠᠨᠢᠬᠤ ᠤᠷᠤᠨ ᠵᠠᠢ ᠪᠡᠨ ᠤᠯᠤᠭᠰᠠᠨ ᠳ᠋ᠠᠭᠠᠨ ᠢᠳᠡᠬᠡᠯ ᠬᠦᠪᠴᠢᠯᠡᠭᠳᠡᠵᠤ᠂ ᠨᠢᠬᠡ ᠰᠡᠳᠬᠢᠯ ᠨᠢᠬᠡ ᠵᠤᠷᠢᠭ ᠵᠢᠡᠷ ᠮᠦᠩᠬᠦᠨ ᠲᠠᠷᠬᠠᠨ ᠤ᠋ ᠠᠵᠢᠯ ᠳ᠋ᠠᠭᠠᠨ ᠰᠢᠭᠤᠳᠤᠯ᠎ᠠ᠃

ᠠᠯᠳᠠᠠᠠᠠᠭᠤᠯᠠ ᠢ᠋ᠢᠨ ᠠᠵᠢᠯ ᠤ᠋ᠨ ᠦᠷᠦᠬᠡᠨ ᠳ᠋ᠤ᠌ ᠬᠠᠢᠴᠢ᠂ ᠠᠯᠤᠬ᠎ᠡ᠂ ᠰᠦᠬᠡ ᠮᠡᠳᠤ ᠢ᠋ᠢᠨ ᠤᠯᠠᠨ ᠲᠦᠷᠦᠯ ᠤ᠋ᠨ ᠪᠠᠭᠠᠵᠢ ᠬᠡᠷᠡᠭᠰᠡᠯ ᠲᠦᠬᠦᠷᠡᠨᠭ ᠲᠠᠯᠪᠢᠭᠠᠰᠤᠳᠡᠢ᠃ ᠠᠨᠭᠬ᠎ᠡ ᠡᠬᠢᠯᠡᠬᠦ ᠳ᠋ᠤ᠌ ᠲᠡᠬᠦᠨ ᠤ᠋ ᠠᠵᠢᠯ ᠤ᠋ᠨ ᠦᠷᠦᠬᠡᠨ ᠳ᠋ᠤ᠌ ᠨᠤᠳᠤᠭ ᠡᠴᠡ ᠪᠡᠨ ᠡᠬᠦᠷᠴᠤ ᠢᠷᠡᠭᠰᠡᠨ ᠪᠠᠭᠠᠵᠢ ᠬᠡᠷᠡᠭᠰᠡᠯ ᠪᠠ ᠨᠢᠬᠡ ᠵᠢᠵᠢᠭᠬᠡᠨ ᠪᠠᠷᠠᠭᠠᠨ ᠤ᠋ ᠲᠠᠯᠪᠢᠭᠤᠷ ᠪᠠᠢᠭᠰᠠᠨ ᠢ᠋ᠢᠡᠨ ᠤᠳᠤ ᠪᠤᠯᠬᠤ ᠳ᠋ᠤ᠌ ᠪᠠᠭᠠᠵᠢ ᠬᠡᠷᠡᠭᠰᠡᠯ ᠨᠢ ᠪᠦᠷᠢᠨ ᠪᠤᠯᠵᠤ᠂ ᠪᠠᠷᠠᠭᠠᠨ ᠤ᠋ ᠲᠠᠯᠪᠢᠭᠤᠷ ᠢ᠋ᠢᠡᠨ ᠴᠦ᠍ ᠶᠡᠬᠡᠰᠬᠡᠵᠡᠢ᠃《ᠠᠯᠳᠠᠠᠠᠠᠭᠤᠯᠠ ᠮᠦᠨᠭᠬᠦᠨ ᠭᠠᠷ ᠤᠷᠠᠯᠡᠯ ᠤ᠋ᠨ ᠦᠷᠦᠬᠡ》 ᠡᠷᠤᠬᠡ ᠪᠡᠨ ᠰᠡᠬᠦᠭᠡᠳ 3 ᠵᠢᠯ ᠤ᠋ᠨ ᠨᠢᠭᠤᠷ ᠦᠵᠡᠵᠤ᠂ ᠲᠡᠷᠡ ᠪᠡᠷ ᠤᠷᠡᠨ ᠭᠠᠷ ᠤᠬᠠᠭᠠᠯᠢᠭ ᠲᠠᠷᠢᠬᠢ ᠪᠡᠷ ᠢ᠋ᠢᠡᠨ ᠤᠯᠠᠨ ᠤ᠋ ᠨᠢᠳᠤ ᠢ᠋ᠢ ᠪᠠᠶᠠᠰᠬᠠᠬᠤ ᠭᠠᠷ ᠤᠷᠡᠯᠡᠯ ᠤ᠋ᠨ ᠦᠢᠯᠡᠳᠬᠦᠨ ᠢ᠋ ᠤᠷᠠᠯᠠᠨ ᠪᠦᠳᠦᠬᠡᠵᠤ᠂ ᠤᠢᠯᠡᠰ ᠤ᠋ᠨ ᠵᠠᠮ ᠨᠢ ᠢᠯᠭᠤᠮ ᠤᠷᠤᠭᠰᠢᠳᠡᠢ ᠪᠤᠯᠵᠤ᠂ ᠠᠷᠠᠯᠵᠢᠶ᠎ᠡ ᠮᠠᠢᠮᠠᠢ ᠨᠢ ᠴᠦ᠍ ᠰᠠᠢᠵᠢᠷᠠᠨ᠂ ᠬᠤᠯᠠ ᠤᠢᠷ᠎ᠡ ᠢ᠋ᠢᠨ ᠭᠠᠵᠠᠷ ᠡᠴᠡ ᠵᠠᠬᠢᠶᠠᠯᠠᠭ᠎ᠠ ᠲᠤᠰᠳᠠᠭ ᠪᠤᠯᠤᠯ᠎ᠠ᠃《ᠡᠳᠤᠷ ᠲᠡᠬᠡᠨ ᠠᠵᠢᠯ ᠲᠠᠰᠤᠷᠠᠬᠤ ᠦᠬᠡᠢ᠂ ᠠᠵᠢᠯ ᠤ᠋ᠨ ᠦᠷᠦᠬᠡ ᠳ᠋ᠡᠬᠡᠨ ᠰᠠᠭᠤᠵᠤ ᠯᠡ ᠪᠠᠢᠪᠡᠯ ᠲᠤᠯᠤᠭᠠᠢ ᠦᠨᠳᠡᠢᠬᠦ ᠵᠠᠪ ᠦᠬᠡᠢ ᠬᠢᠵᠤ ᠯᠡ ᠪᠠᠢᠨ᠎ᠡ᠃ ᠤᠳᠤᠬᠠᠨ ᠳ᠋ᠤ ᠪᠢ ᠤᠯᠤᠭᠰᠠᠨ ᠵᠤᠭᠤᠰ ᠵᠢᠡᠨ ᠪᠠᠷᠤᠭ ᠪᠦᠷ ᠮᠦᠨᠭᠬᠦ᠂ ᠱ᠌ᠢᠷᠦ᠂ ᠤᠭ᠌ᠶᠤ ᠪᠠ ᠴᠢᠯᠠᠭᠤᠨ ᠤ᠋ ᠵᠦᠢᠯ ᠢ᠋ ᠬᠤᠳᠠᠯᠳᠤᠨ ᠠᠪᠬᠤ ᠳ᠋ᠤ᠌ ᠤᠷᠤᠭᠤᠯᠵᠤ ᠪᠠᠢᠨ᠎ᠡ》 ᠬᠡᠵᠤ ᠠᠯᠳᠠᠠᠠᠠᠭᠤᠯᠠ ᠶᠠᠷᠢᠨ᠎ᠡ᠃

《 ᠲᠠᠪᠳᠠᠭᠰᠠᠭᠠᠷ ᠲᠠᠪᠳᠠᠭᠰᠠᠭᠠᠷ ᠲᠠᠷᠬᠠᠨ ᠪᠤᠯᠳᠠᠭ 》 ᠬᠡᠳᠡᠭᠴᠢᠯᠡᠨ ᠠᠯᠳᠠᠠᠠᠠᠭᠤᠯᠠ ᠢ᠋ᠢᠨ ᠤᠷᠠᠯᠠᠨ ᠬᠢᠭᠰᠡᠨ ᠪᠦᠬᠡᠵᠢ᠂ ᠡᠭᠡᠮᠦᠭ᠂ ᠪᠠᠭᠤᠪᠴᠢ ᠪᠠ ᠡᠨᠭᠬᠡᠷ ᠤ᠋ᠨ ᠵᠡᠬᠦᠯᠳᠡ ᠵᠡᠷᠬᠡ ᠮᠦᠨᠭᠬᠦᠨ ᠡᠳ᠋ᠯᠡᠯ ᠬᠡᠷᠡᠭᠰᠡᠯ ᠨᠢ ᠤᠷ᠎ᠡ ᠬᠢᠴᠡ ᠨᠠᠷᠢᠯᠢᠭ ᠭᠤᠶᠤᠮᠰᠤᠭ ᠢ᠋ᠢᠡᠷ ᠢ᠋ᠢᠡᠨ ᠤᠯᠠᠨ ᠳ᠋ᠤ᠌ ᠲᠠᠭᠠᠰᠢᠶᠠᠭᠳᠠᠵᠤ᠂ ᠲᠡᠬᠦᠨ ᠤ᠋ ᠲᠠᠪᠳᠠᠵᠤ ᠬᠢᠭᠰᠡᠨ ᠪᠠᠷᠠᠭ᠎ᠠ ᠶ᠋ᠢ ᠬᠤᠳᠠᠯᠳᠤᠨ ᠠᠪᠬᠤ ᠪᠤᠶᠤ ᠱ᠌ᠢᠷᠦ ᠤᠭ᠌ᠶᠤ ᠪᠡᠨ ᠠᠪᠴᠢᠷᠠᠭᠠᠳ ᠵᠠᠰᠠᠯ ᠵᠢᠮᠰᠡᠭ ᠬᠢᠯᠬᠡᠬᠦ᠂ ᠮᠦᠨᠭᠬᠦᠨ ᠡᠳ᠋ᠯᠡᠯ ᠬᠡᠷᠡᠭᠰᠡᠯ ᠢ᠋ᠢᠡᠨ ᠰᠡᠯᠪᠢᠵᠤ ᠵᠠᠰᠠᠭᠤᠯᠬᠤ ᠬᠦᠮᠦᠰ ᠴᠦ᠍ ᠡᠳᠤᠷ ᠡᠴᠡ ᠡᠳᠤᠷ ᠤᠯᠠᠰᠢᠷᠡᠵᠡᠢ᠃ ᠲᠡᠬᠦᠨ ᠤ᠋ ᠬᠡᠯᠡᠬᠦ ᠪᠡᠷ ᠭᠠᠷ ᠢ᠋ᠢᠡᠷ ᠲᠠᠪᠳᠠᠵᠤ ᠬᠢᠭᠰᠡᠨ ᠮᠦᠨᠭᠬᠦᠨ ᠡᠳ᠋ᠯᠡᠯ ᠢ᠋ ᠮᠠᠰᠢᠨ ᠢ᠋ᠢᠡᠷ ᠬᠢᠭᠰᠡᠨ ᠲᠠᠢ ᠠᠳᠠᠯᠢᠳᠬᠠᠪᠠᠯ ᠴᠢᠨᠠᠷ ᠨᠢ ᠨᠡᠩ ᠰᠠᠢᠨ᠂ ᠡᠳ᠋ᠯᠡᠵᠤ ᠬᠡᠷᠡᠭᠯᠡᠬᠦ ᠳ᠋ᠤ᠌ ᠠᠮᠠᠷᠬᠠᠨ ᠦᠷᠡᠭᠳᠡᠵᠤ ᠰᠦᠢᠷᠡᠬᠦ ᠦᠬᠡᠢ ᠮᠦᠷᠳᠡᠬᠡᠨ 《ᠦᠩᠬᠡ ᠵᠢᠰᠤ》 ᠨᠢ ᠦᠪᠡᠷᠮᠢᠴᠡ ᠪᠠᠢᠵᠤ᠂ ᠪᠦᠳᠦᠬᠡᠯ ᠪᠤᠯᠭᠠᠨ ᠨᠢ ᠴᠤᠷ ᠤ᠋ᠨ ᠭᠠᠭᠴᠡ ᠮᠦᠨᠭᠬᠡ ᠢ᠋ᠢᠨ ᠲᠤᠷᠠᠳᠬᠠᠯ ᠲᠠᠢ ᠪᠠᠢᠳᠠᠭ ᠡᠴᠡ ᠬᠠᠳᠠᠭᠠᠯᠠᠬᠤ ᠦᠨ᠎ᠡ ᠦᠷᠳᠡᠭ ᠲᠠᠢ ᠶᠤᠮ᠃

ᠠᠯᠳᠠᠠᠠᠠᠭᠤᠯᠠ ᠤᠷ᠎ᠡ ᠴᠢᠳᠠᠪᠤᠷᠢ ᠪᠤᠯᠤᠨ ᠲᠤᠷᠭᠠᠨ ᠮᠡᠳᠡᠷᠡᠮᠵᠢ ᠪᠡᠷ ᠢ᠋ᠢᠡᠨ ᠤᠯᠠᠮᠵᠢᠯᠠᠯᠳᠤ ᠡᠳ᠋ᠯᠡᠯ ᠬᠡᠷᠡᠭᠰᠡᠯ ᠢ᠋ ᠤᠯᠠᠮᠵᠢᠯᠡᠯ ᠶᠤᠰᠤᠭᠠᠷ ᠨᠢ ᠬᠢᠬᠦ ᠢ᠋ᠢ ᠪᠠᠷᠢᠮᠳᠠᠯᠠᠭᠰᠠᠭᠠᠷ ᠢᠷᠡᠵᠤ᠂ ᠬᠡᠷᠡᠭᠯᠡᠭᠴᠢᠳ ᠤ᠋ᠨ ᠰᠠᠨᠠᠭ᠎ᠠ ᠪᠤᠳᠤᠯ ᠳ᠋ᠤ ᠵᠤᠬᠢᠴᠠᠭᠤᠯᠤᠨ ᠨᠠᠷᠢᠯᠢᠭ ᠪᠦᠬᠡᠳ ᠴᠡᠪᠡᠷᠬᠡᠨ ᠬᠢᠵᠤ᠂ ᠬᠡᠷᠡᠭᠯᠡᠭᠴᠢᠳ ᠲᠦ᠍ ᠦᠨᠡᠨᠴᠢ ᠪᠡᠷ ᠤᠢᠯᠡᠴᠢᠯᠡᠬᠡ ᠬᠠᠨᠭᠭᠠᠳᠠᠭ ᠡᠴᠡ ᠤᠯᠠᠨ ᠤ᠋ ᠰᠠᠢᠨ ᠦᠨᠡᠯᠡᠯᠳᠡ ᠢ᠋ᠢ ᠤᠯᠵᠡᠢ᠃ 《ᠪᠢ ᠮᠦᠨᠭᠬᠦᠨ ᠡᠳ᠋ᠯᠡᠯ ᠤᠷᠠᠯᠡᠵᠤ ᠬᠢᠬᠦ ᠳ᠋ᠡᠬᠡᠨ ᠮᠦᠨᠭᠬᠦᠨ ᠤ᠋ ᠴᠡᠪᠡᠷᠴᠡ ᠪᠤᠯᠤᠨ ᠬᠡᠮᠵᠢᠶ᠎ᠡ ᠢ᠋ᠢ ᠪᠠᠳᠤᠯᠠᠳᠠᠭ᠂ ᠪᠢ ᠤᠯᠠᠨᠭᠬᠢ ᠵᠢ ᠪᠦᠷ ᠪᠤᠰᠤᠳ ᠤ᠋ᠨ ᠵᠠᠬᠢᠶᠠᠯᠠᠭ᠎ᠠ ᠪᠡᠷ ᠬᠢᠵᠤ᠂ ᠭᠠᠭᠴᠠᠭᠠᠷ ᠢ᠋ᠢᠡᠨ ᠬᠢᠵᠤ ᠪᠠᠢᠬᠤ ᠲᠤᠯᠠ ᠵᠠᠬᠢᠶᠠᠯᠠᠭ᠎ᠠ ᠡᠴᠡ ᠪᠤᠰᠤᠳ ᠪᠡᠯᠡᠨ ᠪᠠᠷᠠᠭ᠎ᠠ ᠬᠢᠵᠤ ᠠᠮᠵᠢᠬᠤ ᠦᠬᠡᠢ ᠪᠠᠢᠨ᠎ᠡ᠃ ᠰᠡᠬᠦᠯᠡᠷ ᠤᠯᠠᠮᠵᠢᠯᠠᠯᠳᠤ ᠭᠠᠷ ᠤᠷᠠᠯᠠᠯ ᠤ᠋ᠨ ᠮᠡᠷᠬᠡᠵᠢᠯ ᠢ᠋ᠢᠡᠨ ᠬᠦᠭᠵᠢᠬᠦᠯᠬᠦ ᠢ᠋ᠢᠨ ᠬᠠᠮᠳᠤ ᠵᠤᠬᠢᠬᠤ ᠬᠡᠮᠵᠢᠶᠡᠨ ᠤ᠋ ᠰᠢᠨᠡᠴᠢᠯᠡᠯᠳᠡ ᠬᠢᠵᠤ᠂ ᠦᠪᠡᠷ ᠤ᠋ᠨ ᠤᠨᠴᠠᠯᠢᠭ ᠢ᠋ᠢᠡᠨ ᠲᠤᠪᠤᠢᠯᠭᠠᠭᠰᠠᠨ ᠦᠢᠯᠡᠳᠬᠦᠨ ᠢ᠋ ᠢᠯᠡᠬᠦᠬᠡᠨ ᠭᠠᠷᠭᠠᠵᠤ᠂ ᠠᠵᠢᠯ ᠤ᠋ᠨ ᠦᠷᠦᠬᠡ ᠪᠡᠨ ᠦᠷᠬᠡᠳᠬᠡᠨ᠂ ᠪᠤᠷᠤᠯᠠᠭᠤᠯᠭ᠎ᠠ ᠢ᠋ᠢᠨ ᠠᠷᠭ᠎ᠠ ᠪᠠᠷᠢᠯ ᠢ᠋ᠢᠡᠨ ᠦᠬᠡᠷᠡᠴᠢᠯᠡᠵᠤ᠂ ᠰᠤᠷᠤᠭᠰᠠᠨ ᠤᠷ᠎ᠡ ᠮᠡᠷᠬᠡᠵᠢᠯ ᠢ᠋ᠢᠡᠨ ᠨᠡᠨᠭ ᠤᠯᠠᠨ ᠬᠦᠮᠦᠨ ᠳ᠋ᠤ᠌ ᠵᠢᠭᠠᠵᠤ ᠤᠯᠠᠮᠵᠢᠯᠠᠬᠤ ᠵᠢ ᠪᠤᠳᠤᠵᠤ ᠪᠠᠢᠨ᠎ᠠ》 ᠬᠡᠵᠤ ᠠᠯᠳᠠᠠᠠᠠᠭᠤᠯᠠ ᠬᠠᠷᠠᠯᠳᠡ ᠬᠦᠰᠡᠯ ᠢ᠋ᠢᠡᠨ ᠲᠡᠯᠬᠡᠨ᠎ᠡ᠃

ᠠᠯᠳᠠᠠᠠᠠᠭᠤᠯᠠ ᠤᠷᠠᠨ ᠭᠠᠷ ᠢ᠋ᠢᠡᠷ ᠠᠵᠢᠯ ᠤᠢᠯᠡᠰ ᠢ᠋ᠢᠡᠨ ᠴᠤᠭᠴᠠᠯᠠᠵᠤ᠂ ᠡᠷᠡᠰ ᠬᠠᠳᠠᠭᠤ ᠵᠤᠷᠢᠭ ᠢ᠋ᠢᠡᠷ ᠠᠮᠢᠳᠤᠷᠡᠯ ᠤ᠋ᠨ ᠬᠠᠳᠠᠭᠤ ᠲᠠᠪᠠᠭ᠎ᠠ ᠢ᠋ᠢ ᠲᠤᠭᠤᠯᠤᠨ᠂ ᠠᠷᠢᠭᠤᠨ ᠬᠦᠳᠡᠯᠮᠤᠷᠢ ᠪᠡᠷ ᠢ᠋ᠢᠡᠨ ᠤᠯᠤᠭᠰᠠᠨ ᠦᠷ᠎ᠡ ᠪᠦᠳᠦᠬᠡᠯ ᠢ᠋ ᠡᠳ᠋ᠯᠡᠵᠤ᠂ ᠰᠡᠳᠬᠢᠯ ᠬᠠᠨᠭᠬᠤᠯᠤᠭᠤᠨ ᠲᠦᠬᠦᠷᠡᠨᠭ ᠵᠢᠷᠭᠠᠯ ᠲᠠᠢ ᠠᠮᠢᠳᠤᠷᠡᠨ᠎ᠡ᠃ ᠲᠡᠬᠦᠨ ᠤ᠋ ᠬᠦᠳᠡᠯᠮᠤᠷᠢ ᠵᠢᠳᠬᠦᠯ ᠤ᠋ᠨ ᠬᠠᠷᠢᠭᠤ ᠳ᠋ᠤ᠌ ᠠᠵᠢᠯ ᠤᠢᠯᠡᠰ ᠨᠢ ᠤᠯᠠᠮ ᠦᠬᠡᠳᠡᠷᠬᠡᠭ᠂ ᠰᠠᠨᠠᠭᠰᠠᠨ ᠪᠦᠬᠦᠨ ᠨᠢ ᠰᠡᠳᠬᠢᠯᠴᠢᠯᠡᠨ ᠪᠦᠳᠦᠬᠦ ᠨᠢ ᠯᠠᠪᠳᠡᠢ ᠬᠡᠳᠡᠭ ᠲᠦ᠍ ᠢᠳᠡᠬᠡᠵᠤ ᠪᠠᠢᠨ᠎ᠡ᠃

ᠠᠯᠳᠠᠠᠠᠠᠭᠤᠯᠠ ᠵᠠᠬᠢᠶᠠᠯᠠᠭ᠎ᠠ ᠢ᠋ᠢᠨ ᠠᠵᠢᠯ ᠢ᠋ᠢᠡᠨ ᠱᠠᠯᠠᠪᠳᠠᠭᠤᠯᠬᠤ ᠪᠡᠷ ᠠᠵᠢᠯ ᠳ᠋ᠠᠭᠠᠨ ᠤᠷᠤᠯ᠎ᠡ᠃ ᠲᠡᠬᠦᠨ ᠤ᠋ ᠠᠵᠢᠯ ᠤ᠋ᠨ ᠦᠷᠦᠬᠡ ᠡᠴᠡ ᠲᠢᠱ ᠲᠡᠱ᠂ ᠲᠢᠱ ᠲᠠᠱ᠂ ᠲᠢᠱ ᠳᠠᠱ ᠬᠡᠬᠦ ᠮᠦᠨᠭᠬᠦ ᠲᠠᠪᠳᠠᠬᠤ ᠲᠠᠭᠤᠨ ᠲᠠᠰᠤᠷᠡᠯᠳᠡ ᠦᠬᠡᠢ ᠲᠤᠭᠤᠯᠳᠠᠨ᠎ᠠ  ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号