《ᠨᠤᠮ ᠨᠤᠮ ᠤᠩᠱᠢᠶᠠ᠂ ᠨᠤᠮ ᠤᠨ ᠨᠦᠬᠦᠷ ᠪᠤᠯᠤᠶ᠎ᠠ》 ᠬᠡᠵᠤ ᠴᠡᠴᠡᠷᠯᠢᠭᠤᠨ ᠬᠡᠦᠭᠡᠳᠤᠳ ᠴᠡᠭᠡᠯᠭᠡᠨ ᠲᠤᠨᠭᠭᠠᠯᠠᠭ ᠬᠤᠭᠤᠯᠠᠢ ᠪᠡᠷ ᠢᠶᠡᠨ ᠤᠷᠤᠰᠤᠮᠡ ᠰᠠᠢᠬᠠᠨ ᠤᠩᠰᠢᠬᠤ ᠳᠠᠭᠤᠨ ᠨᠢ ᠬᠦᠮᠦᠰᠤᠨ ᠰᠡᠳᠬᠢᠯᠢ ᠪᠠᠶᠠᠰᠬᠠᠨ᠎ᠠ ᠁
4 ᠰᠠᠷ᠎ᠠ ᠵᠢᠨ 20 ᠤ᠋ ᠡᠳᠤᠷ᠂ ᠮᠠᠨ ᠤ᠋ ᠤᠯᠤᠰᠤᠨ ᠬᠤᠷᠢᠨ ᠭᠤᠷᠪᠠᠳᠤᠭᠠᠷ ᠬᠤᠭᠤᠴᠠᠭᠠᠨ ᠤ᠋ ᠪᠥᠬᠥ ᠠᠷᠠᠳᠤᠨ ᠨᠣᠮ ᠤᠩᠰᠢᠬᠤ ᠪᠠᠢᠴᠠᠭᠠᠯᠲᠠ ᠵᠢᠨ ᠳᠤᠭ᠎ᠠ ᠪᠠᠷᠢᠮᠳᠠ ᠨᠡᠢᠳᠡᠯᠡᠭᠳᠡᠵᠤ᠂ 2025 ᠣᠨᠳ᠋ᠤ᠌ ᠮᠠᠨᠤ᠋ ᠤᠯᠤᠰᠤ᠋ᠨ ᠤᠯᠤᠰ ᠠᠷᠠᠳᠤ᠋ᠨ ᠨᠠᠰᠤᠨᠳ᠋ᠤ᠌ ᠬᠦᠷᠦᠭᠰᠡᠳᠤᠨ ᠶᠡᠷᠦᠩᠬᠡᠢᠯᠡᠭᠰᠡᠨ ᠨᠣᠮ ᠤᠩᠰᠢᠬᠤ ᠨᠣᠷᠮ᠎ᠠ 82.3% ᠪᠤᠯᠵᠤ᠂ 2024 ᠣᠨᠤ᠋ ᠬᠢᠡᠴᠡ ᠵᠠᠭᠤᠨᠤ ᠬᠤᠪᠢ ᠪᠡᠷ 0.2 ᠳᠡᠭᠡᠭᠰᠢᠯᠡᠨ ᠳᠤᠮᠳᠠᠴᠢ ᠪᠡᠷ ᠬᠦᠮᠦᠨ ᠪᠦᠷᠢ ᠵᠢᠨ ᠴᠠᠭᠠᠰᠤᠨ ᠨᠣᠮ ᠪᠣᠯᠤᠨ ᠡᠯᠧᠺᠲ᠋ᠷᠣᠨ ᠨᠣᠮ ᠤᠩᠰᠢᠭᠰᠠᠨ ᠬᠡᠮᠵᠢᠶ᠎ᠡ 8.39 ᠳᠡᠪᠲᠡᠷ ᠪᠤᠯᠵᠤ ᠨᠡᠮᠡᠭᠳᠡᠪᠡ᠃ ᠡᠭᠦᠨᠤ ᠳᠠᠭᠠᠦᠳᠤ᠂ ᠨᠠᠰᠤᠨ ᠳ᠋ᠤ᠌ ᠦᠯᠦ ᠬᠦᠷᠦᠭᠰᠡᠳᠦ᠋ᠨ ᠨᠣᠮ ᠪᠢᠴᠢᠭ ᠤᠩᠰᠢᠭᠰᠠᠨ ᠨᠣᠷᠮ᠎ᠠ 86.7 % ᠪᠠᠢᠵᠤ᠂ ᠬᠥᠮᠦᠨ ᠪᠦᠷᠢ ᠳᠤᠮᠳᠠᠴᠢᠪᠠᠷ ᠵᠢᠯᠳᠤ11.72 ᠳᠡᠪᠲᠡᠷ ᠨᠣᠮ ᠤᠩᠰᠢᠵᠤ᠂ ᠡᠨᠡ ᠬᠦ᠌ ᠲᠣᠭ᠎ᠠ ᠪᠠᠷᠢᠮᠲᠠ ᠨᠢ ᠨᠠᠰᠤᠨᠳᠤ ᠬᠦᠷᠦᠭᠰᠡᠳᠦ᠋ᠨ ᠬᠢᠡᠴᠡ ᠮᠡᠳᠡᠭᠳᠡᠮ᠎ᠡ ᠥᠨᠳᠥᠷ ᠪᠠᠢᠯ᠎ᠠ᠃ ᠡᠨᠡ ᠬᠦ᠌ ᠶᠡᠷᠦᠨᠭᠭᠡᠢ ᠳᠤᠭ᠎ᠠ ᠪᠠᠷᠢᠮᠳᠠ ᠨᠢ ᠬᠦᠮᠦᠰᠤᠨ ᠰᠡᠳᠭᠢᠯ ᠢ ᠪᠠᠶᠠᠰᠬᠠᠭᠰᠠᠨ ᠪᠤᠯᠪᠠᠴᠤ᠂ ᠳᠤᠭ᠎ᠠ ᠪᠠᠷᠢᠮᠳᠠ ᠵᠢᠨ ᠴᠠᠭᠠᠨ᠎ᠠ ᠨᠢ ᠨᠢᠭᠤᠬᠳᠠᠵᠤ ᠪᠠᠢᠭ᠎ᠠ ᠵᠦᠢᠯᠡᠰᠢ ᠬᠠᠷᠠᠪᠠᠯ ᠮᠦᠨ ᠴᠸ᠋ ᠰᠡᠳᠬᠢᠯ ᠠᠭᠤᠵᠢᠷᠠᠬᠤ ᠵᠢᠨ ᠠᠷᠭ᠎ᠠ ᠦᠭᠡᠢ᠃ ᠲᠤᠰ ᠮᠡᠳᠡᠭᠦᠯᠦᠯᠳᠡ ᠡᠴᠡ ᠤᠯᠵᠤ ᠬᠠᠷᠠᠬᠤ ᠨᠢ ᠮᠠᠨᠤ ᠤᠯᠤᠰᠤᠨ ᠬᠦᠮᠦᠨ ᠳᠤᠮᠳᠠᠴᠢ ᠵᠢᠨ ᠨᠤᠮ ᠤᠨᠭᠰᠢᠬᠤ ᠬᠠᠷᠢᠴᠠᠯ ᠳᠤᠭᠳᠠᠭᠤᠨᠢᠶᠡᠷ ᠳᠡᠭᠡᠭᠰᠢᠯᠡᠵᠤ ᠪᠠᠢᠭ᠎ᠠ ᠪᠤᠯᠪᠠᠴᠤ᠂ 8.39 ᠳᠡᠪᠳᠡᠷᠤᠨ ᠳᠤᠳᠤᠷ᠎ᠠ ᠡᠯᠧᠺᠲ᠋ᠷᠣᠨ ᠨᠣᠮ ᠨᠢ 80.8 % ᠵᠢ ᠡᠵᠡᠯᠡᠵᠤ᠂ ᠬᠦᠮᠦᠰᠤᠨ《ᠨᠤᠮ ᠰᠤᠨᠤᠰᠬᠤ》 ᠪᠠ 《ᠡᠯᠸᠺᠲᠷᠤᠨ ᠨᠤᠮ ᠦᠵᠡᠬᠦ》 ᠨᠢ 《ᠨᠤᠮ ᠤᠨᠭᠰᠢᠬᠤ》 ᠡᠴᠡ ᠬᠤᠯᠠ ᠳᠠᠪᠠᠭᠤᠯᠢᠭ ᠪᠠᠢᠷᠢ ᠵᠢ ᠡᠵᠡᠯᠡᠵᠤ᠂ ᠨᠤᠮ ᠤᠨᠭᠰᠢᠬᠤ ᠳᠠᠳᠬᠠᠯ ᠨᠢ ᠢᠯᠡᠳᠳᠡ ᠬᠤᠪᠢᠷᠠᠵᠤ᠂ ᠨᠤᠮ ᠤᠨᠭᠰᠢᠬᠤ ᠴᠠᠭ ᠨᠢ ᠳᠠᠰᠤᠭ ᠪᠤᠰᠤᠭ ᠮᠦᠷᠳᠡᠭᠡᠨ ᠬᠦᠨᠴᠡ ᠳᠠᠢ ᠤᠨᠭᠰᠢᠯᠭ᠎ᠠ ᠴᠦᠭᠡᠨ ᠪᠤᠯᠤᠭᠰᠠᠨ ᠪᠠᠢᠨ᠎ᠠ᠃
《ᠪᠦᠬᠦ ᠠᠷᠠᠳ ᠨᠤᠮ ᠤᠨᠭᠰᠢᠬᠤ》 ᠵᠢᠨ ᠵᠠᠨᠭᠭᠢᠯᠠᠭᠠ ᠨᠢ ᠪᠦᠬᠦ ᠠᠷᠠᠳ ᠳᠡᠭᠡᠷ᠎ᠡ ᠲᠦᠪᠯᠡᠷᠡᠵᠤ᠂ ᠭᠤᠤᠯ ᠴᠦᠮ᠎ᠡ ᠨᠢ ᠪᠠᠷᠢᠮᠳᠡᠯᠠᠯ ᠳᠡᠭᠡᠷ᠎ᠡ ᠪᠤᠢ᠃ ᠨᠤᠮ ᠤᠨᠭᠰᠢᠬᠤ ᠦᠢᠯᠡ ᠠᠵᠢᠯᠯᠠᠭ᠎ᠠ ᠨᠢ ᠬᠦᠮᠦᠰᠤᠨ ᠭᠤᠢᠪᠢᠰᠢ ᠦᠭᠡᠢ ᠪᠠᠷᠢᠮᠳᠠᠯᠠᠯ ᠪᠤᠶᠤ ᠮᠦᠨᠭᠭᠡ ᠵᠢᠨ ᠬᠦᠭᠡᠭᠡᠴᠡᠯᠳᠤᠯ ᠪᠤᠯᠬᠤ ᠦᠶᠡᠳᠤ ᠬᠦᠮᠦᠰᠤᠨ ᠤᠬᠠᠭᠠᠨ ᠰᠠᠨᠠᠭ᠎ᠠ ᠨᠡᠨᠭ ᠰᠠᠷᠠᠭᠤᠯᠵᠢᠵᠤ᠂ ᠤᠢ ᠪᠢᠯᠢᠭ ᠨᠡᠨᠭ ᠨᠡᠭᠡᠬᠡᠭᠳᠡᠨ᠂ ᠬᠠᠷᠠᠭ᠎ᠠ ᠳᠡᠯᠡᠭᠳᠡᠵᠤ ᠰᠡᠳᠬᠢᠯ ᠳᠠᠢᠪᠤᠭᠤᠬᠠᠨ ᠪᠤᠯᠬᠤ ᠨᠢ ᠯᠠᠪᠳᠠᠢ᠂ ᠡᠨᠡ ᠪᠤᠯ ᠳᠠᠷᠤᠢ ᠲᠠ ᠪᠢᠳᠡᠨᠤ ᠬᠤᠢᠴᠢ ᠦᠶ᠎ᠡ ᠳᠡᠭᠡᠨ ᠦᠯᠡᠳᠡᠭᠡᠵᠤ ᠦᠬᠬᠦ ᠬᠠᠮᠤᠭᠤᠨ ᠡᠷᠬᠢᠮ ᠨᠠᠨᠳᠢᠨ ᠵᠦᠢᠯᠡᠰ ᠪᠤᠯᠬᠤ ᠶᠤᠮ᠃ ᠤᠳᠤᠬᠠᠨᠳᠤ᠂ ᠳᠤᠭᠠᠴᠢᠯᠠᠯᠳᠠ᠂ ᠰᠦᠯᠵᠢᠶᠡᠴᠢᠯᠡᠯᠳᠡ᠂ ᠤᠶᠤᠨᠴᠢᠯᠠᠯᠳᠠ ᠵᠢᠨ ᠤᠷᠴᠢᠨ ᠠᠬᠤᠢ ᠪᠦᠬᠦᠢᠯᠡ ᠪᠦᠮᠪᠦᠷᠴᠡᠭᠢ ᠡᠵᠡᠮᠳᠡᠨ᠂ ᠡᠷᠳᠡᠮ ᠮᠡᠳᠡᠯᠭᠡ ᠵᠢᠨ ᠰᠢᠨᠡᠴᠢᠯᠡᠯᠳᠡ ᠪᠠ ᠰᠤᠯᠢᠭᠳᠠᠯ ᠲᠦᠷᠭᠡᠳᠴᠤ᠂ ᠤᠴᠢᠷ ᠶᠠᠪᠤᠳᠠᠯᠤᠨ ᠦᠨᠡᠨ ᠪᠠ ᠬᠤᠳᠠᠯ ᠤᠨ ᠵᠠᠭᠠᠭ ᠱᠤᠭᠤᠮ ᠤᠯᠠᠮ ᠢᠯᠡ ᠲᠤᠲᠤᠷᠬᠠᠢ ᠪᠤᠰᠤ ᠪᠤᠯᠵᠤ ᠪᠠᠢᠭ᠎ᠠ ᠴᠠᠭ ᠦᠶᠡᠳᠤ᠂ ᠨᠤᠮ ᠤᠨᠭᠰᠢᠬᠤ ᠵᠢᠨ ᠴᠢᠬᠤᠯᠠ ᠴᠢᠨᠠᠷ ᠨᠡᠨᠭ ᠳᠤᠪᠤᠢᠮᠡ ᠮᠡᠳᠡᠭᠳᠡᠵᠤ᠂ ᠬᠡᠦᠭᠡᠳ ᠳᠡᠬᠥᠤ ᠨᠠᠷ ᠲᠠᠭᠠᠨ ᠳᠠᠭᠤᠷᠢᠶᠠᠯ ᠪᠤᠯᠬᠤ ᠵᠢᠨ ᠬᠠᠮᠳᠤ ᠵᠢᠯᠤᠭᠤᠳᠤᠯᠭ᠎ᠠ ᠪᠤᠯᠬᠤ ᠨᠢ ᠨᠡᠨᠭ ᠳᠤᠯᠭᠠᠮ ᠪᠤᠯᠵᠤ ᠪᠤᠢ᠃
ᠨᠤᠮ ᠤᠩᠰᠢᠬᠤ ᠨᠢ ᠮᠡᠳᠡᠭᠡ ᠵᠠᠩᠭᠢ ᠣᠯᠬᠤ ᠠᠷᠭ᠎ᠠ ᠵᠠᠮ ᠪᠣᠯᠬᠤᠪᠠᠷ ᠪᠠᠷᠠᠬᠤ ᠦᠭᠡᠢ᠂ ᠨᠡᠩ ᠴᠦ᠍ ᠭᠦᠨᠵᠡᠭᠡᠢ ᠰᠡᠳᠬᠢᠬᠦ ᠴᠢᠳᠠᠪᠤᠷᠢᠶ᠋ᠢ ᠬᠥᠮᠦᠵᠢᠭᠦᠯᠬᠦ ᠠᠷᠭ᠎ᠠ ᠮᠠᠶᠢᠭ ᠮᠥᠨ᠃ ᠬᠡᠷᠬᠢᠨ 《ᠭᠦᠢᠬᠡᠨ ᠤᠩᠰᠢᠯᠭ᠎ᠠ》 ᠠ᠋ᠴᠠ 《ᠭᠦᠨᠵᠡᠭᠡᠢ ᠤᠩᠰᠢᠬᠤ》 ᠳᠠᠢᠰᠢ ᠬᠠᠨᠳᠤᠵᠤ᠂ ᠰᠠᠨᠠᠭᠠᠴᠢᠯᠠᠭ᠎ᠠ ᠡᠴᠡᠪᠡᠨ ᠰᠡᠳᠬᠢᠨ ᠪᠣᠳᠣᠯᠬᠢᠯᠠᠬᠤ ᠳᠠᠢᠰᠢ ᠵᠠᠮᠨᠠᠬᠤ ᠪᠤᠯ ᠡᠨᠡ ᠬᠦ᠌ ᠮᠡᠳᠡᠭᠦᠯᠦᠯᠲᠡ ᠪᠢᠳᠡᠨᠳᠤ ᠦᠯᠡᠳᠡᠭᠡᠭᠰᠡᠨ ᠪᠣᠳᠣᠯᠬᠢᠯᠠᠯ ᠪᠤᠯᠤᠭᠰᠠᠨ ᠪᠠᠢᠨ᠎ᠠ᠃ ᠪᠢᠳᠡ ᠪᠦᠭᠦᠳᠡᠭᠡᠷ ᠨᠤᠮ ᠪᠢᠴᠢᠭ ᠢᠯᠡᠭᠦᠭᠡᠨ ᠤᠨᠭᠰᠢᠵᠤ᠂ ᠨᠤᠮᠤᠨ ᠨᠦᠬᠦᠷ ᠪᠤᠯᠵᠠᠭᠠᠶ᠎ᠠ!