5 ᠰᠠᠷ᠎ᠠ᠎ᠶ᠋ᠢᠨ 24 ᠤ᠋ ᠡᠳᠦᠷ᠎ᠦᠨ 23 ᠴᠠᠭ 08 ᠮᠢᠨᠦ᠋ᠲ᠎ᠲᠦ᠂ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠣᠴᠠ᠎ᠶ᠋ᠢ ᠠᠴᠢᠶᠠᠯᠠᠭ᠍ᠰᠠᠨ ᠴᠠᠩ ᠵᠧᠩ ᠬᠣᠶᠠᠳᠤᠭᠠᠷ F ᠠᠯᠤᠰ ᠡᠵᠡᠮᠱᠢᠯ᠎ᠳᠦ ᠬᠣᠷᠢᠨ ᠭᠤᠷᠪᠠᠳᠤᠭᠠᠷ ᠬᠥᠯᠭᠡ ᠲᠡᠢ᠌ᠷᠦᠯᠲᠦ ᠰᠤᠮᠤ᠎ᠶ᠋ᠢ ᠵᠢᠦᠴᠢᠦᠸᠠᠨᠤ ᠳᠠᠭᠠᠭᠤᠯᠢ ᠤᠳᠤ ᠬᠠᠷᠪᠤᠬᠤ ᠲᠥᠪ᠎ᠡᠴᠡ ᠬᠠᠷᠪᠤᠵᠤ ᠭᠠᠷᠭᠠᠪᠠ᠂ ᠪᠠᠷᠤᠭ 10 ᠮᠢᠨᠦ᠋ᠲ᠎ᠦᠨ ᠳᠠᠷᠠᠭ᠎ᠠ᠂ ᠨᠢᠰᠭᠦ ᠣᠩᠭᠣᠴᠠ ᠲᠡᠢ᠌ᠷᠦᠯᠲᠦ ᠰᠤᠮᠤ᠎ᠡᠴᠡ ᠠᠮᠵᠢᠯᠲᠠ᠎ᠲᠠᠶ ᠰᠠᠯᠵᠤ᠂ ᠵᠢᠱ᠌ᠢᠭ᠌ᠰᠡᠨ ᠲᠣᠭᠣᠷᠢᠯᠲᠠ᠎ᠶ᠋ᠢᠨ ᠵᠠᠮ᠎ᠳᠤ ᠣᠷᠣᠵᠤ᠂ ᠰᠠᠨᠰᠠᠷᠴᠢᠨ᠎ᠤ ᠳᠤᠭᠤᠢᠯᠠᠩ᠎ᠤᠨ ᠪᠠᠢᠳᠠᠯ ᠮᠠᠰᠢ ᠰᠠᠢ᠌ᠨ ᠪᠠᠢᠵᠤ᠂ ᠬᠠᠷᠪᠤᠯᠲᠠ ᠵᠢᠨ ᠡᠭᠦᠷᠭᠡ ᠲᠡᠭᠦᠰ ᠠᠮᠵᠢᠯᠲᠠ ᠣᠯᠵᠠᠢ᠃

5 ᠰᠠᠷ᠎ᠠ᠎ᠶ᠋ᠢᠨ 24 ᠤ᠋ ᠡᠳᠦᠷ᠂ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠣᠴᠠ᠎ᠶ᠋ᠢ ᠠᠴᠢᠶᠠᠯᠠᠭ᠍ᠰᠠᠨ ᠴᠠᠩ ᠵᠧᠩ ᠬᠣᠶᠠᠳᠤᠭᠠᠷ F ᠠᠯᠤᠰ ᠡᠵᠡᠮᠱᠢᠯ᠎ᠳᠦ ᠬᠣᠷᠢᠨ ᠭᠤᠷᠪᠠᠳᠤᠭᠠᠷ ᠬᠥᠯᠭᠡ ᠲᠡᠢ᠌ᠷᠦᠯᠲᠦ ᠰᠤᠮᠤ᠎ᠶ᠋ᠢ ᠵᠢᠦᠴᠢᠦᠸᠠᠨᠤ ᠳᠠᠭᠠᠭᠤᠯᠢ ᠤᠳᠤ ᠬᠠᠷᠪᠤᠬᠤ ᠲᠥᠪ᠎ᠡᠴᠡ ᠬᠠᠷᠪᠤᠵᠤ ᠭᠠᠷᠭᠠᠪᠠ᠃ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠣᠴᠠ᠎ᠶᠢᠨ ᠬᠠᠷᠪᠤᠯᠲᠠ ᠵᠢᠨ ᠡᠭᠦᠷᠭᠡ ᠲᠡᠭᠦᠰ ᠠᠮᠵᠢᠯᠲᠠ ᠣᠯᠵᠠᠢ᠃
ᠰᠤᠷᠪᠤᠯᠵᠢᠯᠠᠭᠴᠢ ᠮᠠ ᠵᠢᠶᠥ᠋ᠨ ᠤ᠋ᠤᠢ ᠰᠡᠭᠦᠳᠡᠷᠯᠡᠪᠡ
ᠳᠤᠮᠳᠠᠳᠤ ᠤᠯᠤᠰ᠎ᠤᠨ ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ᠎ᠤᠨ ᠢᠨᠵᠧᠨᠧᠷᠢᠩ᠎ᠦᠨ ᠠᠯᠪᠠᠨ ᠬᠡᠷ᠎ᠤᠨ ᠳᠠᠨᠢᠯᠴᠠᠭᠤᠯᠤᠭᠰᠠᠨ᠎ᠢᠶᠡᠷ᠂ ᠨᠢᠰᠭᠦ ᠣᠩᠭᠣᠴᠠ ᠲᠣᠭᠣᠷᠢᠯᠲᠠ᠎ᠶ᠋ᠢᠨ ᠵᠠᠮ᠎ᠳᠤ ᠤᠷᠤᠭ᠍ᠰᠠᠨ᠎ᠤ ᠳᠠᠷᠠᠭ᠎ᠠ᠂ ᠤᠷᠢᠳᠴᠢᠯᠠᠨ ᠲᠣᠭ᠍ᠲᠠᠭᠠᠭ᠍ᠰᠠᠨ ᠵᠢᠷᠤᠮ ᠶᠣᠰᠣᠭᠠᠷ ᠰᠠᠨᠰᠠᠷ᠎ᠤᠨ ᠥᠷᠲᠡᠭᠡ᠎ᠶ᠋ᠢᠨ ᠨᠡᠢᠯᠡᠮᠡᠯ ᠴᠣᠭ᠍ᠴᠠ᠎ᠲᠠᠶ ᠪᠡᠶ᠎ᠡ᠎ᠪᠡᠨ ᠳᠠᠭᠠᠭᠠᠵᠤ ᠲᠦᠷᠭᠡᠨ ᠵᠤᠯᠭᠠᠵᠤ᠂ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ᠎ᠤᠨ ᠰᠠᠨᠰᠠᠷᠴᠢᠨ᠎ᠤ ᠳᠤᠭᠤᠢᠯᠠᠩ ᠨᠢ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠦᠨ ᠰᠠᠨᠰᠠᠷᠴᠢᠨ᠎ᠤ ᠳᠤᠭᠤᠢᠯᠠᠩ᠎ᠲᠠᠶ ᠲᠣᠭᠣᠷᠢᠯᠲᠠ᠎ᠶ᠋ᠢᠨ ᠵᠠᠮ ᠳᠡᠭᠡᠷ᠎ᠡ ᠡᠭᠡᠯᠵᠢ ᠪᠠᠨ ᠰᠣᠯᠢᠨ᠎ᠠ᠃ ᠰᠠᠨᠰᠠᠷ᠎ᠤᠨ ᠦᠷᠳᠡᠭᠡ᠎ᠳᠦ ᠰᠠᠭᠠᠲᠠᠬᠤ ᠬᠤᠭᠤᠴᠠᠭᠠᠨ᠎ᠳᠤ᠂ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ᠎ᠤᠨ ᠰᠠᠨᠰᠠᠷᠴᠢᠨ᠎ᠤ ᠳᠤᠭᠤᠢᠯᠠᠩ᠎ᠤᠨ ᠬᠢᠨ ᠰᠠᠨᠰᠠᠷ ᠲᠡᠬᠢ ᠠᠮᠢ ᠨᠠᠰᠤ ᠪᠣᠯᠤᠨ ᠬᠥᠮᠦᠨ᠎ᠦ ᠪᠡᠶ᠎ᠡ᠎ᠶ᠋ᠢᠨ ᠰᠤᠳᠤᠯᠭᠠᠨ᠂ ᠪᠢᠴᠢᠯ ᠬᠦᠨᠳᠦ᠍᠎ᠶ᠋ᠢᠨ ᠬᠦᠴᠦᠨ᠎ᠦ ᠹᠢᠽᠢᠺ᠎ᠦᠨ ᠱᠢᠨᠵᠢᠯᠡᠬᠦ᠌ ᠤᠬᠠᠭᠠᠨ᠂ ᠣᠭ᠍ᠲᠠᠷᠭᠤᠢ᠎ᠶ᠋ᠢᠨ ᠱᠢᠨ᠎ᠡ ᠮᠡᠷᠭᠡᠵᠢᠯ ᠵᠡᠷᠭᠡ ᠬᠦᠷᠢᠶᠡᠨ᠎ᠳᠦ ᠤᠯᠠᠨ ᠵᠦᠢᠯ᠎ᠦᠨ ᠲᠤᠷᠱᠢᠯᠲᠠ ᠥᠷᠨᠢᠭᠦᠯᠵᠦ᠍᠂ ᠤᠯᠠᠨ ᠤᠳᠠᠭ᠎ᠠ ᠦᠷᠦᠬᠡ᠎ᠡᠴᠡ ᠭᠠᠷᠬᠤ ᠠᠵᠢᠯᠯᠠᠭ᠎ᠠ ᠶᠠᠪᠤᠭᠳᠠᠭᠤᠯᠵᠤ᠂ ᠦᠷᠦᠬᠡ᠎ᠶ᠋ᠢᠨ ᠳᠣᠲᠣᠷ᠎ᠠ ᠭᠠᠳᠠᠨᠠᠬᠢ ᠲᠥᠬᠥᠭᠡᠷᠦᠮᠵᠢ᠎ᠶ᠋ᠢ ᠤᠭ᠍ᠰᠠᠷᠠᠬᠤ᠂ ᠲᠤᠬᠢᠷᠠᠭᠤᠯᠤᠨ ᠲᠤᠷᠱᠢᠬᠤ᠂ ᠬᠠᠮᠠᠭᠠᠯᠠᠵᠤ ᠰᠡᠯᠪᠢᠨ ᠵᠠᠰᠠᠬᠤ ᠵᠡᠷᠭᠡ ᠡᠭᠦᠷᠭᠡ᠎ᠶ᠋ᠢ ᠪᠡᠶᠡᠯᠡᠭᠦᠯᠬᠦ᠌ ᠪᠣᠯᠤᠨ᠎ᠠ᠃
ᠲᠣᠰ ᠤᠳᠠᠭ᠎ᠠ ᠵᠢᠨ ᠡᠭᠦᠷᠭᠡ ᠪᠣᠯ ᠢᠨᠵᠧᠨᠧᠷᠢᠩ᠎ᠦᠨ ᠰᠠᠨᠰᠠᠷ᠎ᠤᠨ ᠥᠷᠲᠡᠭᠡ᠎ᠶᠢᠨ ᠬᠡᠷᠡᠭᠯᠡᠯᠲᠡ ᠪᠠ ᠬᠥᠭᠵᠢᠯᠲᠡ᠎ᠶᠢᠨ ᠱᠠᠲᠤᠨ᠎ᠳᠤ ᠣᠷᠣᠭᠰᠠᠨ ᠳᠣᠯᠣᠳᠤᠭᠠᠷ ᠤᠳᠠᠭᠠᠨ᠎ᠤ ᠬᠥᠮᠥᠨ ᠰᠠᠭᠤᠯᠭᠠᠭᠰᠠᠨ ᠨᠢᠰᠦᠯᠲᠡ᠎ᠶᠢᠨ ᠡᠭᠦᠷᠭᠡ ᠮᠥᠨ᠂ ᠪᠠᠰᠠ ᠴᠤ᠌ ᠢᠨᠵᠧᠨᠧᠷᠢᠩ᠎ᠦᠨ ᠲᠥᠷᠥᠯ ᠵᠦᠢᠯ᠎ᠢ ᠲᠣᠭᠲᠠᠭᠠᠵᠤ ᠬᠡᠷᠡᠭᠵᠢᠭᠦᠯᠦᠭᠰᠡᠨ᠎ᠡᠴᠡ ᠨᠠᠭᠠᠰᠢᠬᠢ 40 ᠳ᠋ᠤᠭᠡᠷ ᠤᠳᠠᠭ᠎ᠠ ᠵᠢᠨ ᠬᠠᠷᠪᠤᠯᠲᠠ᠎ᠶᠢᠨ ᠡᠭᠦᠷᠭᠡ ᠪᠤᠯᠤᠨ᠎ᠠ᠃ ᠣᠳᠣᠬᠠᠨ ᠪᠣᠯᠲᠠᠯ᠎ᠠ᠂ ᠮᠠᠨ᠎ᠤ ᠤᠯᠤᠰ᠎ᠲᠤ ᠨᠢᠭᠡᠨᠲᠡ 30 ᠰᠠᠨᠰᠠᠷᠴᠢᠨ᠂ 47 ᠬᠥᠮᠥᠨ ᠤᠳᠠᠭ᠎ᠠ ᠰᠠᠨᠰᠠᠷ᠎ᠲᠤ ᠭᠠᠷᠴᠤ ᠨᠢᠰᠦᠯᠲᠡ᠎ᠶᠢᠨ ᠡᠭᠦᠷᠭᠡ ᠵᠢ ᠭᠦᠢᠴᠡᠳᠬᠡᠵᠡᠢ᠃
ᠲᠤᠰ ᠤᠳᠠᠭ᠎ᠠ᠎ᠶᠢᠨ ᠡᠭᠦᠷᠭᠡ ᠪᠣᠯ ᠪᠠᠰᠠ ᠴᠤ᠌ ᠴᠠᠩ ᠵᠧᠩ ᠰᠢᠷᠢᠰ ᠬᠥᠯᠭᠡ ᠲᠡᠢᠷᠦᠯᠲᠦ ᠰᠤᠮᠤ᠎ᠶᠢᠨ 644 ᠳ᠋ᠤᠭᠡᠷ ᠤᠳᠠᠭ᠎ᠠ᠎ᠶᠢᠨ ᠨᠢᠰᠦᠯᠲᠡ᠂ ᠬᠤᠪᠢᠯᠭᠠᠨ ᠣᠩᠭᠣᠴᠠ ᠨᠢᠰᠬᠦ ᠣᠩᠭᠣᠴᠠ᠎ᠶᠢᠨ 23 ᠳ᠋ᠤᠭᠠᠷ ᠤᠳᠠᠭ᠎ᠠ᠎ᠶᠢᠨ ᠨᠢᠰᠦᠯᠲᠡ᠎ᠶᠢᠨ ᠡᠭᠦᠷᠭᠡ ᠪᠣᠯᠣᠨ᠎ᠠ᠃
ᠣᠳᠣᠬᠠᠨ᠎ᠳᠤ᠂ ᠰᠠᠨᠰᠠᠷ᠎ᠤᠨ ᠦᠷᠳᠡᠭᠡ᠎ᠶᠢᠨ ᠨᠡᠢᠯᠡᠮᠡᠯ ᠴᠣᠭᠴᠠ ᠨᠢᠭᠡᠨᠲᠡ ᠵᠤᠯᠭᠠᠯᠳᠠ᠎ᠶᠢᠨ ᠲᠣᠭᠣᠷᠢᠯᠲᠠ᠎ᠶᠢᠨ ᠵᠠᠮ᠎ᠳᠤ ᠣᠷᠣᠵᠤ᠂ ᠠᠵᠢᠯᠯᠠᠬᠤ ᠪᠠᠢᠳᠠᠯ ᠮᠠᠰᠢ ᠰᠠᠢᠨ ᠪᠠᠢᠵᠤ᠂ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ ᠬᠥᠮᠥᠨ ᠰᠠᠭᠤᠯᠭᠠᠭᠰᠠᠨ ᠨᠢᠰᠬᠦ ᠣᠩᠭᠣᠴᠠ᠎ᠲᠠᠢ ᠵᠤᠯᠭᠠᠭᠤᠯᠬᠤ ᠪᠠ ᠰᠠᠨᠰᠠᠷᠴᠢᠨ᠎ᠤ ᠣᠷᠣᠵᠤ ᠰᠠᠭᠤᠬᠤ ᠨᠥᠬᠥᠴᠡᠯ᠎ᠢ ᠬᠠᠩᠭᠠᠭᠰᠠᠨ ᠪᠠᠢᠨ᠎ᠠ᠃
(ᠱᠢᠨᠬᠤᠸᠠ ᠬᠤᠷᠢᠶ᠎ᠠ ᠵᠢᠨ ᠵᠢᠦᠴᠢᠦᠸᠠᠨᠤ 5 ᠰᠠᠷ᠎ᠠ᠎ᠶ᠋ᠢᠨ 24 ᠤ᠋ ᠴᠠᠬᠢᠯᠭᠠᠨ ᠮᠡᠳᠡᠭᠡ)