ᠰᠤᠷᠪᠤᠯᠵᠢᠯᠠᠭ᠍ᠴᠢ ᠪᠣᠭᠣᠮᠲᠠ᠎ᠶ᠋ᠢᠨ ᠶᠡᠷᠦᠩᠬᠡᠶ ᠵᠠᠬᠢᠷᠭ᠎ᠠ᠎ᠡᠴᠡ ᠣᠢᠯᠠᠭᠠᠭ᠍ᠰᠠᠨ ᠵᠢᠡᠷ᠂ ᠡᠯ᠎ᠡ ᠡᠲᠡᠭᠡᠳ᠎ᠦᠨ ᠬᠢᠨ᠎ᠦ ᠲᠣᠭ᠎ᠠ ᠪᠠᠷᠢᠮᠲᠠ ᠵᠢ ᠡᠵᠡᠮᠱᠢᠬᠦ᠌᠎ᠳᠦ ᠲᠥᠬᠥᠮ ᠪᠣᠯᠭᠠᠬᠤ᠎ᠶ᠋ᠢᠨ ᠲᠥᠯᠥᠭᠡ᠂ ᠳᠣᠲᠣᠷ᠎ᠠ ᠭᠠᠵᠠᠷ᠎ᠤᠨ ᠪᠣᠭᠣᠮᠲᠠ ᠵᠢᠨ ᠬᠢᠨ ᠱᠢᠶᠠᠩᠭᠠᠩ ᠣᠣᠮᠧᠨ᠎ᠲᠡᠶ ᠬᠠᠮᠲᠤᠷᠠᠨ ᠭᠤᠸᠠᠨᠭᠳᠦ᠋ᠩ ᠱᠢᠶᠠᠩᠭᠠᠩ ᠣᠣᠮᠧᠨ᠎ᠦ ᠲᠣᠮᠣ ᠪᠤᠯᠤᠩ᠎ᠤᠨ ᠣᠷᠣᠨ᠎ᠢᠶᠠᠷ ᠪᠦᠬᠦᠯᠢ ᠴᠣᠭ᠍ᠴᠠ ᠪᠣᠯᠭᠠᠭ᠍ᠰᠠᠨ ᠭᠠᠳᠠᠭᠠᠳᠤ᠎ᠯᠤᠭ᠎ᠠ᠎ᠶ᠋ᠢᠨ ᠪᠠᠷᠠᠭᠠᠨ᠎ᠤ ᠠᠷᠠᠯᠵᠢᠶᠠᠨ᠎ᠤ ᠪᠦᠷᠢᠳᠭᠡᠯ᠎ᠦᠨ ᠲᠣᠭ᠎ᠠ ᠪᠠᠷᠢᠮᠲᠠ᠎ᠶ᠋ᠢ ᠰᠤᠳᠤᠯᠤᠨ ᠨᠠᠢᠷᠠᠭᠤᠯᠤᠨ ᠵᠣᠬᠢᠶᠠᠬᠤ᠎ᠶ᠋ᠢᠨ ᠵᠡᠷᠭᠡ ᠪᠡᠷ ᠴᠠᠭᠲᠤᠨᠢ ᠲᠣᠬᠢᠷᠠᠭᠤᠯᠤᠨ ᠨᠡᠢᠲᠡᠯᠡᠨ᠎ᠡ᠃
ᠪᠣᠭᠣᠮᠲᠠ᠎ᠶ᠋ᠢᠨ ᠶᠡᠷᠦᠩᠬᠡᠶ ᠵᠠᠬᠢᠷᠭ᠎ᠠ ᠣᠢᠷ᠎ᠠ᠎ᠳᠤ 《ᠪᠣᠭᠣᠮᠲᠠ᠎ᠡᠴᠡ ᠭᠤᠸᠠᠩᠳᠦ᠋ᠩ ᠱᠢᠶᠠᠩᠭᠠᠩ ᠣᠣᠮᠧᠨ᠎ᠦ ᠲᠣᠮᠣ ᠪᠤᠯᠤᠩ᠎ᠤᠨ ᠣᠷᠣᠨ᠎ᠤ ᠪᠥᠲᠥᠭᠡᠨ ᠪᠠᠢᠭᠤᠯᠤᠯᠲᠠ᠎ᠶ᠋ᠢ ᠳᠡᠮᠵᠢᠬᠦ᠌ ᠠᠷᠭ᠎ᠠ ᠬᠡᠮᠵᠢᠶ᠎ᠡ᠎ᠨᠦᠭᠦᠳ》 ᠢ᠋ ᠨᠡᠢᠲᠡᠯᠡᠵᠦ᠍᠂ 5 ᠲᠠᠯ᠎ᠠ᠎ᠡᠴᠡ 20 ᠵᠦᠶ᠋ᠯ᠎ᠦᠨ ᠪᠣᠳᠠᠲᠠᠶ ᠠᠷᠭ᠎ᠠ ᠬᠡᠮᠵᠢᠶ᠎ᠡ᠎ᠶ᠋ᠢ ᠳᠤᠷᠠᠳᠴᠤ᠌᠂ ᠨᠠᠩ ᠶᠡᠬᠡ ᠡᠷᠴᠢᠮ᠎ᠢᠶᠡᠷ ᠭᠤᠸᠠᠩᠳᠦ᠋ᠩ ᠱᠢᠶᠠᠩᠭᠠᠩ ᠣᠣᠮᠧᠨ᠎ᠦ ᠲᠣᠮᠣ ᠪᠤᠯᠤᠩ᠎ᠤᠨ ᠣᠷᠣᠨ᠎ᠤ ᠪᠥᠲᠥᠭᠡᠨ ᠪᠠᠢᠭᠤᠯᠤᠯᠲᠠ᠎ᠶ᠋ᠢ ᠠᠬᠢᠭᠤᠯᠪᠠ᠃ ᠡᠭᠦᠨ᠎ᠳᠦ᠂ ᠠᠭᠤᠰᠤᠯᠴᠠᠨ ᠬᠥᠭ᠌ᠵᠢᠬᠦ᠌᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠲᠦᠷᠢᠮ᠎ᠢ ᠵᠣᠯᠭᠠᠯᠴᠠᠭᠤᠯᠬᠤ ᠲᠣᠭ᠍ᠲᠠᠴᠠ᠎ᠶ᠋ᠢ ᠵᠣᠯᠭᠠᠭᠤᠯᠬᠤ᠎ᠶ᠋ᠢ ᠴᠢᠩᠭᠠᠳᠭᠠᠵᠤ᠂ ᠲᠤᠮᠤ ᠪᠤᠯᠤᠩ᠎ᠤᠨ ᠣᠷᠣᠨ᠎ᠤ ᠵᠠᠬ᠎ᠠ ᠳᠡᠯᠭᠡᠭᠦᠷ᠎ᠢ ᠨᠢᠭᠡ ᠴᠤᠬ᠍ᠴᠠᠵᠢᠭᠤᠯᠬᠤ ᠲᠦᠪᠱᠢᠨ᠎ᠢ ᠬᠦᠴᠦᠯᠡᠨ ᠳᠡᠭᠡᠭ᠌ᠰᠢᠯᠡᠭᠦᠯᠬᠦ᠌ ᠲᠠᠯ᠎ᠠ᠎ᠪᠠᠷ᠂ ᠱᠢᠶᠠᠩᠭᠠᠩ ᠣᠣᠮᠧᠨ᠎ᠲᠡᠶ ᠬᠣᠯᠪᠣᠭᠠᠯᠠᠨ ᠲᠤᠮᠤ ᠪᠤᠯᠤᠩ᠎ᠤᠨ ᠣᠷᠣᠨ᠎ᠤ ᠭᠠᠳᠠᠭᠠᠳᠤ᠎ᠯᠤᠭ᠎ᠠ᠎ᠶ᠋ᠢᠨ ᠪᠠᠷᠠᠭᠠᠨ᠎ᠤ ᠠᠷᠠᠯᠵᠢᠶᠠᠨ᠎ᠤ ᠪᠦᠷᠢᠳᠭᠡᠯ᠎ᠦᠨ ᠲᠣᠭ᠎ᠠ ᠪᠠᠷᠢᠮᠲᠠ᠎ᠶ᠋ᠢ ᠰᠤᠳᠤᠯᠤᠨ ᠨᠠᠢᠷᠠᠭᠤᠯᠵᠤ ᠨᠡᠢᠲᠡᠯᠡᠨ᠎ᠡ ᠬᠡᠵᠤ ᠲᠣᠳᠣᠷᠬᠠᠢ ᠳᠤᠷᠠᠳᠴᠤ᠌᠂ ᠱᠢᠶᠠᠩᠭᠠᠩ ᠣᠣᠮᠧᠨᠯᠦᠭᠡᠶ᠋ᠢᠨ ᠬᠠᠷᠢᠯᠴᠠᠨ ᠮᠡᠳᠡᠷᠡᠬᠦ᠌ ᠬᠠᠮᠲᠤᠷᠠᠯᠴᠠᠭ᠎ᠠ᠎ᠶ᠋ᠢ ᠠᠬᠢᠭᠤᠯᠪᠠ᠃
ᠣᠳᠣᠬᠠᠨ᠎ᠳᠤ᠂ ᠭᠤᠸᠠᠩᠳᠦ᠋ᠩ ᠱᠢᠶᠠᠩᠭᠠᠩ ᠣᠣᠮᠧᠨ᠎ᠦ ᠲᠤᠮᠤ ᠪᠤᠯᠤᠩ᠎ᠤᠨ ᠣᠷᠣᠨ᠎ᠤ ᠳᠣᠲᠣᠷᠠᠬᠢ ᠲᠤᠰᠭᠠᠶ ᠣᠷᠣᠨ᠎ᠤ ᠲᠡᠰ᠎ᠤᠨ 9 ᠬᠣᠲᠠ᠂ ᠱᠢᠶᠠᠩᠭᠠᠩ ᠪᠣᠯᠤᠨ ᠣᠣᠮᠧᠨ ᠨᠢ ᠲᠤᠰᠪᠤᠷᠢ ᠲᠣᠰ ᠣᠷᠣᠨ ᠪᠦᠰᠡ᠎ᠶ᠋ᠢᠨ ᠭᠠᠳᠠᠭᠠᠳᠤ ᠠᠷᠠᠯᠵᠢᠶᠠᠨ᠎ᠤ ᠲᠣᠭ᠎ᠠ ᠪᠠᠷᠢᠮᠲᠠ᠎ᠶ᠋ᠢ ᠪᠦᠷᠢᠳᠭᠡᠵᠤ᠂ ᠲᠤᠮᠤ ᠪᠤᠯᠤᠩ᠎ᠤᠨ ᠣᠷᠣᠨ᠎ᠢᠶᠠᠷ ᠪᠦᠬᠦᠯᠢ ᠴᠣᠭ᠍ᠴᠠ ᠪᠣᠯᠭᠠᠭ᠍ᠰᠠᠨ ᠭᠠᠳᠠᠭᠠᠳᠤ ᠠᠷᠠᠯᠵᠢᠶᠠᠨ᠎ᠤ ᠲᠣᠭ᠎ᠠ ᠪᠠᠷᠢᠮᠲᠠ᠎ᠶ᠋ᠢ ᠱᠢᠭᠤᠳ ᠨᠡᠮᠡᠵᠦ᠍ ᠤᠯᠬᠤ᠎ᠶ᠋ᠢᠨ ᠠᠷᠭ᠎ᠠ ᠥᠬᠡᠶ᠂ ᠡᠢᠮᠦ ᠡᠴᠡ ᠮᠡᠳᠡᠭᠡ ᠵᠠᠩᠭᠢ᠎ᠶ᠋ᠢ ᠬᠠᠮᠲᠤ᠎ᠪᠠᠷ ᠡᠳ᠋ᠯᠡᠬᠦ᠌᠎ᠶ᠋ᠢ ᠭᠦᠨᠵᠡᠭᠡᠢᠷᠡᠭᠦᠯᠬᠦ᠌ ᠴᠢᠬᠤᠯᠠᠲᠠᠶ ᠪᠠᠢᠨ᠎ᠠ᠃ ᠪᠣᠭᠣᠮᠲᠠ᠎ᠶ᠋ᠢᠨ ᠶᠡᠷᠦᠩᠬᠡᠶ ᠵᠠᠬᠢᠷᠭ᠎ᠠ᠎ᠶ᠋ᠢᠨ ᠶᠡᠷᠦᠩᠬᠡᠢᠯᠡᠭ᠌ᠰᠡᠨ ᠲᠤᠬᠠᠢᠯᠠᠭ᠍ᠰᠠᠨ ᠠᠵᠢᠯ᠎ᠤᠨ ᠵᠤᠷᠭᠠᠨ᠎ᠤ ᠳᠠᠷᠤᠭ᠎ᠠ ᠯᠢᠨ ᠱᠤᠤ ᠪᠢᠨ᠂ ᠳᠣᠲᠣᠷ᠎ᠠ ᠭᠠᠵᠠᠷ᠎ᠤᠨ ᠪᠣᠭᠣᠮᠲᠠ ᠱᠢᠶᠠᠩᠭᠠᠩ ᠣᠣᠮᠧᠨ᠎ᠲᠡᠶ ᠬᠠᠮᠲᠤᠷᠠᠨ ᠲᠤᠮᠤ ᠪᠤᠯᠤᠩ᠎ᠤᠨ ᠣᠷᠣᠨ᠎ᠢᠶᠠᠷ ᠪᠦᠬᠦᠯᠢ ᠴᠣᠭ᠍ᠴᠠ ᠪᠣᠯᠭᠠᠭ᠍ᠰᠠᠨ ᠭᠠᠳᠠᠭᠠᠳᠤ᠎ᠯᠤᠭ᠎ᠠ᠎ᠶ᠋ᠢᠨ ᠪᠠᠷᠠᠭᠠᠨ᠎ᠤ ᠠᠷᠠᠯᠵᠢᠶᠠᠨ᠎ᠤ ᠪᠦᠷᠢᠳᠭᠡᠯ᠎ᠦᠨ ᠲᠣᠭ᠎ᠠ ᠪᠠᠷᠢᠮᠲᠠ᠎ᠶ᠋ᠢ ᠰᠤᠳᠤᠯᠤᠨ ᠨᠠᠢᠷᠠᠭᠤᠯᠤᠨ ᠵᠣᠬᠢᠶᠠᠬᠤ᠎ᠶ᠋ᠢᠨ ᠵᠡᠷᠭᠡ ᠪᠡᠷ ᠴᠠᠭᠲᠤᠨᠢ ᠲᠣᠬᠢᠷᠠᠭᠤᠯᠤᠨ ᠨᠡᠢᠲᠡᠯᠡᠵᠦ᠍᠂ ᠭᠠᠳᠠᠭᠠᠳᠤ ᠠᠷᠠᠯᠵᠢᠶᠠᠨ᠎ᠤ ᠬᠠᠨᠳᠤᠰᠢ᠎ᠶ᠋ᠢᠨ ᠴᠢᠨᠠᠷᠲᠠᠶ᠂ ᠪᠦᠲᠦᠴᠡ᠎ᠶ᠋ᠢᠨ ᠴᠢᠨᠠᠷᠲᠠᠶ ᠵᠠᠳᠠᠯᠤᠯᠲᠠ ᠬᠢᠵᠦ᠍᠂ ᠲᠤᠮᠤ ᠪᠤᠯᠤᠩ᠎ᠤᠨ ᠣᠷᠣᠨ᠎ᠤ ᠭᠠᠳᠠᠭᠠᠳᠤ᠎ᠯᠤᠭ᠎ᠠ᠎ᠶ᠋ᠢᠨ ᠪᠠᠷᠠᠭᠠᠨ᠎ᠤ ᠠᠷᠠᠯᠵᠢᠶᠠᠨ᠎ᠤ ᠬᠥᠭ᠌ᠵᠢᠯᠲᠡ᠎ᠶ᠋ᠢᠨ ᠦᠨᠡᠯᠡᠨ ᠵᠢᠱ᠌ᠢᠯᠲᠡ ᠬᠢᠬᠦ᠎ᠶ᠋ᠢ ᠨᠠᠩ ᠱᠢᠨᠵᠢᠯᠡᠬᠦ᠌ ᠤᠬᠠᠭᠠᠨᠴᠢ ᠪᠣᠯᠭᠠᠵᠤ᠂ ᠡᠯ᠎ᠡ ᠡᠲᠡᠭᠡᠳᠲᠤ᠌ ᠪᠦᠬᠦ ᠲᠠᠯ᠎ᠠ ᠪᠡᠷ ᠤᠢᠯᠠᠭᠠᠭᠤᠯᠤᠨ᠎ᠠ ᠭᠡᠵᠤ ᠢᠯᠡᠳᠭᠡᠪᠡ᠃
ᠮᠠᠨ᠎ᠤ ᠤᠯᠤᠰ᠎ᠤᠨ ᠨᠡᠭᠡᠭᠡᠯᠲᠡ᠎ᠶ᠋ᠢᠨ ᠬᠡᠮᠵᠢᠶ᠎ᠡ᠎ᠪᠡᠷ ᠬᠠᠮᠤᠭ᠎ᠤᠨ ᠥᠨᠳᠥᠷ᠂ ᠠᠵᠤ ᠠᠬᠤᠶ᠎ᠶ᠋ᠢᠨ ᠠᠮᠢᠵᠢᠷᠠᠯ᠎ᠤᠨ ᠬᠦᠴᠦᠨ᠎ᠢᠶᠡᠷ ᠬᠠᠮᠤᠭ᠎ᠤᠨ ᠴᠢᠩᠭ᠎ᠠ ᠣᠷᠣᠨ ᠪᠦᠰᠡ᠎ᠶ᠋ᠢᠨ ᠨᠢᠭᠡ ᠪᠣᠯᠤᠭ᠍ᠰᠠᠨ᠎ᠤ ᠬᠤᠪᠢ᠎ᠳᠤ᠂ ᠭᠤᠸᠠᠩᠳᠦ᠋ᠩ ᠱᠢᠶᠠᠩᠭᠠᠩ ᠣᠣᠮᠧᠨ᠎ᠦ ᠲᠣᠮᠣ ᠪᠤᠯᠤᠩ᠎ᠤᠨ ᠣᠷᠣᠨ ᠭᠠᠳᠠᠭᠠᠳᠤ ᠠᠷᠠᠯᠵᠢᠶᠠᠨ᠎ᠤ ᠬᠥᠭ᠌ᠵᠢᠯᠲᠡ᠎ᠶ᠋ᠢᠨ ᠤᠶᠠᠨ ᠬᠠᠲᠠᠨ ᠴᠢᠨᠠᠷ᠎ᠢᠶᠠᠷ ᠴᠢᠩᠭ᠎ᠠ᠂ ᠠᠮᠢᠵᠢᠷᠠᠯ᠎ᠤᠨ ᠬᠦᠴᠦᠨ᠎ᠢᠶᠡᠷ ᠪᠢᠯᠬᠠᠮ᠎ᠠ ᠪᠠᠢᠨ᠎ᠠ᠃ ᠲᠤᠮᠤ ᠪᠤᠯᠤᠩ᠎ᠤᠨ ᠣᠷᠣᠨ᠎ᠤ ᠳᠣᠲᠣᠷᠠᠬᠢ 9 ᠬᠤᠳᠠ᠎ᠶ᠋ᠢᠨ ᠭᠠᠳᠠᠭᠠᠳᠤ ᠡᠴᠡ ᠤᠷᠤᠭᠤᠯᠵᠤ ᠭᠠᠳᠠᠭᠠᠳᠤ ᠳ᠋ᠤ ᠭᠠᠷᠭᠠᠬᠤ ᠶᠡᠷᠦᠩᠬᠡᠢ ᠦᠷᠳᠡᠭ 2025 ᠣᠨ᠎ᠳᠤ 9 ᠲᠦᠮᠡᠨ ᠳ᠋ᠦᠩᠱᠢᠭᠤᠷ ᠲᠥᠭᠥᠷᠢᠭ᠎ᠦᠨ ᠶᠡᠬᠡ ᠪᠣᠭᠣᠮᠲᠠ᠎ᠶ᠋ᠢ ᠳᠠᠪᠠᠵᠤ᠂ ᠡᠨᠡ ᠵᠢᠯ᠎ᠦᠨ ᠲᠦᠷᠦᠭᠦᠦ 4 ᠰᠠᠷ᠎ᠠ᠎ᠳᠤ 3.4 ᠲᠦᠮᠡᠨ ᠳ᠋ᠦᠩᠱᠢᠭᠤᠷ ᠲᠥᠭᠥᠷᠢᠭ᠎ᠲᠦ ᠬᠦᠷᠴᠦ᠍᠂ ᠲᠡᠭᠡᠷ᠎ᠠ ᠵᠢᠯ ᠤ᠋ᠨ ᠠᠳᠠᠯᠢ ᠬᠤᠭᠤᠴᠠᠭᠠᠨ᠎ᠤ ᠬᠢ᠎ᠡᠴᠡ18.4 % ᠪᠡᠷ ᠨᠡᠮᠡᠭ᠌ᠳᠡᠵᠦ᠍᠂ ᠲᠤᠮᠤ ᠪᠤᠯᠤᠩ᠎ᠤᠨ ᠣᠷᠣᠨ᠎ᠤ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠬᠦᠴᠦᠷᠬᠡᠭ ᠶᠡᠬᠡ ᠠᠮᠢᠵᠢᠷᠠᠯ᠎ᠤᠨ ᠬᠦᠴᠦᠨ᠎ᠢ ᠢᠯᠡᠷᠡᠭᠦᠯᠪᠡ᠃
(ᠱᠢᠨᠬᠤᠸᠠ ᠬᠣᠷᠢᠶ᠎ᠠ ᠵᠢᠨ ᠪᠡᠭᠡᠵᠢᠩ᠎ᠦᠨ 5 ᠰᠠᠷ᠎ᠠ᠎ᠶ᠋ᠢᠨ 24 ᠤ᠋ ᠴᠠᠬᠢᠯᠭᠠᠨ ᠮᠡᠳᠡᠭᠡ)