ᠬᠤᠪᠢᠯᠭᠠᠨ ᠣᠩᠭᠣᠴᠠ ᠬᠣᠷᠢᠨ ᠭᠤᠷᠪᠠᠳᠤᠭᠠᠷ᠎ᠤᠨ ᠰᠠᠨᠰᠠᠷᠴᠢᠳ ᠤ᠋ᠨ ᠳᠤᠭᠤᠢᠯᠠᠩ ᠨᠢᠰᠭᠦ ᠣᠩᠭᠣᠴᠠ᠎ᠶ᠋ᠢᠨ ᠪᠤᠴᠠᠯᠳᠠ ᠵᠢᠨ ᠦᠷᠦᠭᠡ᠎ᠡᠴᠡ ᠲᠣᠭᠣᠷᠢᠯᠲᠠ᠎ᠶ᠋ᠢᠨ ᠵᠠᠮ᠎ᠦᠨ ᠦᠷᠦᠬᠡ᠎ᠳᠦ ᠤᠷᠤᠭ᠍ᠰᠢᠲᠠᠢ ᠣᠷᠣᠪᠠ
2026-05-27 11:07:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆


QQ20260527-105449.png


ᠳᠤᠮᠳᠠᠳᠤ ᠤᠯᠤᠰ᠎ᠤᠨ ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ᠎ᠤᠨ ᠢᠨᠵᠧᠨᠧᠷᠢᠩ᠎ᠦᠨ ᠠᠯᠪᠠᠨ ᠭᠡᠷ᠎ᠦᠨ ᠲᠠᠨᠢᠯᠴᠠᠭᠤᠯᠤᠭ᠍ᠰᠠᠨ᠎ᠢᠶᠠᠷ᠂ ᠬᠥᠮᠦᠨ ᠰᠠᠭᠤᠯᠭᠠᠭ᠍ᠰᠠᠨ ᠨᠢᠰᠭᠦ ᠣᠩᠭᠣᠴᠠ ᠪᠣᠯᠤᠨ ᠰᠠᠨᠰᠠᠷ ᠤ᠋ᠨ ᠦᠷᠳᠡᠬᠡ᠎ᠶ᠋ᠢᠨ ᠬᠠᠮ ᠴᠣᠭ᠍ᠴᠠ᠎ᠶ᠋ᠢ ᠠᠮᠵᠢᠯᠲᠠ᠎ᠲᠠᠶ ᠵᠣᠯᠭᠠᠭᠤᠯᠤᠭ᠍ᠰᠠᠨ᠎ᠤ ᠳᠠᠷᠠᠭ᠎ᠠ᠂ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ᠎ᠤᠨ ᠰᠠᠨᠰᠠᠷᠴᠢᠳ ᠤ᠋ᠨ ᠳᠤᠭᠤᠢᠯᠠᠩ ᠨᠢᠰᠭᠦ ᠣᠩᠭᠣᠴᠠ᠎ᠶ᠋ᠢᠨ ᠪᠤᠴᠠᠯᠳᠠ ᠵᠢᠨ ᠦᠷᠦᠭᠡ᠎ᠡᠴᠡ ᠲᠣᠭᠣᠷᠢᠯᠲᠠ᠎ᠶ᠋ᠢᠨ ᠵᠠᠮ᠎ᠦᠨ ᠦᠷᠦᠬᠡ᠎ᠳᠦ ᠤᠷᠤᠭ᠍ᠰᠢᠲᠠᠢ ᠣᠷᠣᠪᠠ᠃ 5 ᠰᠠᠷ᠎ᠠ᠎ᠶ᠋ᠢᠨ 25 ᠎ᠤ᠋ ᠡᠳᠦᠷ᠎ᠦᠨ 5 ᠴᠠᠭ 13 ᠮᠢᠨᠦ᠋ᠲ᠎ᠲᠦ᠂ ᠲᠣᠭᠣᠷᠢᠯᠲᠠ᠎ᠶ᠋ᠢᠨ ᠵᠠᠮ᠎ᠳᠤ ᠡᠭᠦᠷᠭᠡ ᠭᠦᠶ᠋ᠴᠡᠳᠭᠡᠵᠦ᠍ ᠪᠠᠢᠭ᠎ᠠ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠤᠨ ᠰᠠᠨᠰᠠᠷᠴᠢᠳ ᠤ᠋ᠨ ᠳᠤᠭᠤᠢᠯᠠᠩ 《ᠬᠡᠷ᠎ᠦᠨ ᠡᠭᠦᠳᠡ》 ᠪᠡᠨ ᠨᠡᠭᠡᠭᠡᠵᠦ᠍᠂ ᠬᠣᠯᠠ᠎ᠡᠴᠡ ᠢᠷᠡᠭ᠌ᠰᠡᠨ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ᠎ᠤᠨ ᠰᠠᠨᠰᠠᠷᠴᠢᠳ ᠤ᠋ᠨ ᠳᠤᠭᠤᠢᠯᠠᠩ᠎ᠤᠨ ᠬᠢᠨ᠎ᠤ ᠳᠤᠮᠳᠠᠳᠤ ᠤᠯᠤᠰ᠎ᠤᠨ ᠰᠠᠨᠰᠠᠷ᠎ᠤᠨ ᠥᠷᠲᠡᠭᠡ᠎ᠳᠦ ᠣᠷᠣᠵᠤ ᠰᠠᠭᠤᠭ᠍ᠰᠠᠨ᠎ᠢ ᠪᠠᠶᠠᠷᠯᠠᠨ ᠤᠭ᠍ᠲᠤᠪᠠ᠃ ᠳᠠᠷᠠᠭ᠎ᠠ᠎ᠨᠢ᠂ ᠬᠣᠶᠠᠷ ᠰᠠᠨᠰᠠᠷᠴᠢᠳ ᠤ᠋ᠨ ᠳᠤᠭᠤᠢᠯᠠᠩ᠎ᠤᠨ᠎ᠬᠢᠨ 《 ᠭᠡᠷ ᠪᠦᠯᠢ ᠵᠢᠨ ᠬᠠᠮᠳᠤ ᠵᠢᠨ ᠰᠡᠭᠦᠳᠡᠷ》 ᠲᠠᠳᠠᠵᠤ᠂ ᠲᠡᠳᠡᠨ᠎ᠦ ᠲᠥᠯᠥᠭᠡ ᠰᠠᠨᠠᠭᠠᠱᠢᠷᠠᠵᠤ ᠪᠠᠢᠭ᠎ᠠ ᠪᠥᠬᠥ᠌ ᠤᠯᠤᠰ᠎ᠤᠨ ᠠᠷᠠᠳ ᠲᠦᠮᠡᠨ᠎ᠳᠦ ᠠᠮᠤᠷ ᠠᠮᠤᠭᠤᠯᠠᠩ᠎ᠢᠶᠠᠨ ᠮᠡᠳᠡᠭᠦᠯᠪᠡ᠃ ᠡᠨᠡ ᠪᠣᠯ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠲᠡᠦᠬᠡᠨ ᠳᠡᠭᠡᠷᠡᠬᠢ ᠨᠠᠢ᠍ᠮᠠᠳᠠᠬᠢ 《ᠰᠠᠨᠰᠠᠷ᠎ᠤᠨ ᠠᠭᠤᠯᠵᠠᠯᠳᠠ》 ᠪᠣᠯᠤᠨ᠎ᠠ᠃ ᠵᠢᠷᠤᠭ ᠪᠣᠯ 5 ᠰᠠᠷ᠎ᠠ᠎ᠶ᠋ᠢᠨ 25 ᠎ᠤ᠋ ᠡᠳᠦᠷ ᠪᠡᠭᠡᠵᠢᠩ᠎ᠦᠨ ᠰᠠᠨᠰᠠᠷ᠎ᠤᠨ ᠠᠶᠠᠯᠠᠯ᠎ᠤᠨ ᠨᠢᠰᠦᠯᠲᠡ᠎ᠶ᠋ᠢ ᠡᠵᠡᠮᠳᠡᠬᠦ᠌ ᠲᠥᠪ᠎ᠲᠦ ᠰᠡᠭᠦᠳᠡᠷᠯᠡᠭ᠌ᠰᠡᠨ ᠬᠤᠪᠢᠯᠭᠠᠨ ᠣᠩᠭᠣᠴᠠ ᠬᠣᠷᠢᠨ ᠨᠢᠭᠡᠳᠦᠭᠡᠷ᠎ᠦᠨ ᠰᠠᠨᠰᠠᠷᠴᠢᠳ ᠤ᠋ᠨ ᠳᠤᠭᠤᠢᠯᠠᠩ ᠪᠣᠯᠤᠨ ᠬᠤᠪᠢᠯᠭᠠᠨ ᠣᠩᠭᠣᠴᠠ ᠬᠣᠷᠢᠨ ᠭᠤᠷᠪᠠᠳᠤᠭᠠᠷ᠎ᠤᠨ ᠰᠠᠨᠰᠠᠷᠴᠢᠳ ᠤ᠋ᠨ ᠳᠤᠭᠤᠢᠯᠠᠩ᠎ᠤᠨ 《ᠭᠡᠷ ᠪᠦᠯᠢ ᠵᠢᠨ ᠬᠠᠮᠳᠤ ᠵᠢᠨ ᠰᠡᠭᠦᠳᠡᠷ》 ᠪᠣᠯᠤᠨ᠎ᠠ᠃

ᠱᠢᠨᠬᠤᠸᠠ ᠬᠣᠷᠢᠶ᠎ᠠ ᠵᠢᠨ ᠰᠤᠷᠪᠤᠯᠵᠢᠯᠠᠭ᠍ᠴᠢ ᠶ᠋ᠢᠨ ᠯᠢ ᠸᠠᠩ ᠰᠡᠭᠦᠳᠡᠷᠯᠡᠪᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号