ᠲᠦᠰᠦᠭᠡᠯᠡᠬᠰᠡᠨ ᠵᠢᠡᠷ 5
ᠰᠠᠷ᠎ᠠ ᠶ᠋ᠢᠨ 26᠎ᠤ ᠡᠳᠦᠷ᠎ᠦᠨ 8
ᠴᠠᠭ ᠠ᠋ᠴᠠ 27᠎ᠤ ᠡᠳᠦᠷ᠎ᠦᠨ 8
ᠴᠠᠭ ᠪᠣᠯᠲᠠᠯ᠎ᠠ᠂ ᠥᠪᠥᠷ ᠮᠣᠩᠭᠣᠯ᠎ᠤᠨ
ᠳᠤᠮᠳᠠ ᠪᠡᠶ᠎ᠡ᠂ ᠪᠠᠷᠠᠭᠤᠨ ᠡᠮᠦᠨᠡᠲᠦ ᠣᠷᠣᠨ᠎ᠤ ᠵᠡᠭᠦᠨ ᠪᠡᠶ᠎ᠡ ᠪᠠ ᠬᠣᠢᠲᠤ ᠪᠡᠶ᠎ᠡ᠂ ᠵᠢᠶᠠᠩᠨᠠᠨ᠎ᠤ
ᠬᠣᠢᠲᠤ ᠪᠡᠶ᠎ᠡ ᠵᠡᠷᠭᠡ ᠭᠠᠵᠠᠷ ᠵᠢᠡᠷ ᠬᠡᠰᠡᠭ ᠳᠡᠬᠡᠨ 8 ᠳᠡᠰ
ᠠ᠋ᠴᠠ ᠳᠡᠭᠡᠭᠰᠢᠬᠢ ᠶᠡᠬᠡ ᠰᠠᠯᠬᠢ ᠰᠠᠯᠬᠢᠯᠠᠨ ᠠᠶᠤᠩᠭᠠᠲᠤ ᠪᠣᠷᠣᠭᠠᠨ ᠪᠤᠶᠤ ᠮᠥᠨᠳᠥᠷ ᠲᠠᠢ᠂ ᠡᠭᠦᠨ᠎ᠳᠦ
ᠬᠤᠨᠠᠨ᠎ᠤ ᠪᠠᠷᠠᠭᠤᠨ ᠪᠡᠶ᠎ᠡ᠂ ᠵᠢᠶᠠᠩᠰᠢ ᠶ᠋ᠢᠨ ᠵᠡᠭᠦᠨ ᠬᠣᠢᠲᠤ ᠪᠡᠶ᠎ᠡ᠂ ᠭᠦᠢᠵᠧᠦ ᠶ᠋ᠢᠨ ᠵᠡᠭᠦᠨ ᠬᠣᠢᠲᠤ ᠪᠡᠶ᠎ᠡ
ᠵᠡᠷᠭᠡ ᠭᠠᠵᠠᠷ ᠵᠢᠡᠷ ᠬᠡᠰᠡᠭ ᠳᠡᠭᠡᠨ10 ᠳᠡᠰ ᠠ᠋ᠴᠠ ᠳᠡᠭᠡᠭᠰᠢᠬᠢ ᠶᠡᠬᠡ
ᠰᠠᠯᠬᠢ ᠠᠶᠤᠩᠭᠠᠲᠤ ᠪᠣᠷᠣᠭᠠᠨ᠎ᠲᠠᠢ ᠪᠠᠢᠵᠤ᠂ ᠪᠠᠷᠠᠭᠤᠨ
ᠡᠮᠦᠨᠡᠲᠦ ᠣᠷᠣᠨ᠎ᠤ ᠵᠡᠭᠦᠨ ᠪᠡᠶ᠎ᠡ᠂ ᠵᠢᠶᠠᠩᠨᠠᠨ᠎ᠤ ᠪᠠᠷᠠᠭᠤᠨ ᠪᠡᠶ᠎ᠡ᠂ ᠵᠢᠶᠠᠩᠨᠠᠨ᠎ᠤ ᠳᠤᠮᠳᠠ ᠬᠣᠢᠲᠤ ᠪᠡᠶ᠎ᠡ
ᠵᠡᠷᠭᠡ ᠭᠠᠵᠠᠷ᠎ᠵᠢᠡᠷ ᠬᠡᠰᠡᠭ ᠳᠡᠬᠡᠨ ᠪᠣᠷᠣᠭᠠᠨ᠎ᠤ ᠬᠡᠮᠵᠢᠶ᠎ᠡ ᠨᠢ 20 ᠮᠢᠯᠢᠮᠧᠲᠷ᠎ᠡᠴᠡ
ᠳᠠᠪᠠᠬᠰᠠᠨ ᠰᠢᠷᠦᠭᠦᠨ ᠪᠣᠷᠣᠭᠠᠨ ᠣᠷᠣᠨ᠎ᠠ᠂ ᠡᠭᠦᠨ᠎ᠳᠦ ᠬᠤᠪᠧᠢ ᠵᠢᠨ ᠪᠠᠷᠠᠭᠤᠨ ᠡᠮᠦᠨ᠎ᠡ ᠪᠡᠶ᠎ᠡ᠂ ᠬᠤᠨᠠᠨ᠎ᠤ
ᠪᠠᠷᠠᠭᠤᠨ ᠬᠣᠢᠲᠤ ᠪᠡᠶ᠎ᠡ ᠪᠠ ᠵᠡᠭᠦᠨ ᠪᠡᠶ᠎ᠡ᠂ ᠵᠢᠶᠠᠩᠰᠢ᠎ᠶᠢᠨ ᠳᠤᠮᠳᠠ ᠬᠣᠢᠲᠤ ᠪᠡᠶ᠎ᠡ᠂ ᠵᠧᠵᠢᠶᠠᠩ᠎ᠤᠨ ᠬᠣᠢᠲᠤ
ᠪᠡᠶ᠎ᠡ᠂ ᠴᠦᠩᠴᠢᠩ᠎ᠦᠨ ᠵᠡᠭᠦᠨ ᠡᠮᠦᠨ᠎ᠡ ᠪᠡᠶ᠎ᠡ ᠵᠡᠷᠭᠡ ᠭᠠᠵᠠᠷ᠎ᠲᠦ ᠬᠡᠰᠡᠭ ᠳᠡᠬᠡᠨ ᠪᠣᠷᠣᠭᠠᠨ᠎ᠤ ᠬᠡᠮᠵᠢᠶ᠎ᠡ
ᠨᠢ 50 ᠮᠢᠯᠢᠮᠧᠲᠷ᠎ᠡᠴᠡ ᠳᠠᠪᠠᠵᠦ᠂ ᠬᠠᠮᠤᠭ᠎ᠤᠨ ᠶᠡᠬᠡ᠎ᠳᠡᠭᠡᠨ 80 ᠮᠢᠯᠢᠮᠧᠲᠷ᠎ᠡᠴᠡ
ᠳᠠᠪᠠᠨ᠎ᠠ᠃
ᠰᠡᠷᠭᠡᠢᠯᠡᠯᠲᠡ᠎ᠶᠢᠨ ᠵᠦᠭᠯᠡᠭᠦᠷ᠄
1. ᠵᠠᠰᠠᠭ᠎ᠤᠨ
ᠣᠷᠳᠣᠨ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ ᠬᠢᠨ ᠡᠭᠦᠷᠭᠡ ᠬᠠᠷᠢᠭᠤᠴᠠᠯᠭ᠎ᠠ᠎ᠶᠢᠨ᠎ᠢᠶᠠᠨ ᠶᠣᠰᠣᠭᠠᠷ
ᠣᠬᠣᠷ ᠴᠠᠭ᠎ᠤᠨ ᠰᠢᠷᠦᠭᠦᠨ ᠪᠣᠷᠣᠭᠠᠨ᠎ᠢ ᠰᠡᠷᠭᠡᠢᠯᠡᠬᠦ᠂ ᠠᠶᠤᠩᠭ᠎ᠠ᠎ᠶᠢ ᠰᠡᠷᠭᠡᠢᠯᠡᠬᠦ᠂ ᠶᠡᠬᠡ ᠰᠠᠯᠬᠢ᠎ᠶᠢ ᠰᠡᠷᠭᠡᠢᠯᠡᠬᠦ
ᠪᠡᠯᠡᠳᠬᠡᠯ ᠠᠵᠢᠯ᠎ᠢ ᠰᠠᠢᠲᠤᠷ ᠬᠢᠵᠦ᠂ ᠴᠠᠭ ᠠᠭᠤᠷ᠎ᠤᠨ ᠰᠠᠯᠠᠭ᠎ᠠ ᠮᠥᠴᠢᠷ᠎ᠤᠨ ᠬᠢᠨ ᠬᠥᠮᠥᠨ᠎ᠦ ᠬᠦᠴᠦ᠎ᠪᠡᠷ ᠮᠥᠨᠳᠥᠷᠢ
ᠰᠡᠷᠭᠡᠢᠯᠡᠬᠦ ᠪᠡᠯᠡᠳᠬᠡᠯ ᠠᠵᠢᠯ ᠢ ᠰᠠᠢᠲᠤᠷ ᠬᠢᠬᠦ ᠬᠡᠷᠡᠭᠳᠠᠢ;
2. ᠭᠡᠷ ᠦᠨ
ᠭᠠᠳᠠᠨᠠᠬᠢ ᠬᠦᠳᠡᠯᠭᠡᠭᠡᠨ ᠪᠠ ᠠᠵᠢᠯᠯᠠᠭ᠎ᠠ ᠪᠠᠨ ᠴᠥᠭᠡᠳᠬᠡᠵᠦ᠂ ᠰᠠᠷᠠᠪᠴᠢᠨ ᠵᠢᠶᠠᠰᠠ᠂ ᠵᠠᠷ ᠤᠨ ᠫᠠᠢᠰᠠ ᠵᠡᠷᠭᠡ ᠡᠴᠡ
ᠬᠣᠯᠠ ᠪᠠᠢᠬᠤ ᠶᠢ ᠠᠩᠬᠠᠷᠬᠤ ᠬᠡᠷᠡᠭᠲᠡᠢ;
3. ᠭᠡᠷ᠎ᠦᠨ ᠵᠢᠭᠦᠷᠲᠡᠨ᠂
ᠮᠠᠯ ᠤᠨᠤᠭ᠎ᠠ᠎ᠶᠢ ᠨᠥᠮᠥᠷᠢ᠎ᠲᠠᠢ ᠭᠠᠵᠠᠷ᠎ᠲᠤ ᠣᠷᠣᠭᠤᠯᠤᠨ᠂
ᠡᠭᠦᠳᠡ ᠴᠣᠩᠬᠣ᠌᠎ᠪᠠᠨ ᠬᠠᠭᠠᠵᠤ ᠬᠠᠰᠢᠶ᠎ᠠ ᠰᠠᠷᠠᠪᠴᠢ᠎ᠪᠠᠨ ᠪᠡᠬᠢᠯᠡᠬᠦ ᠬᠡᠷᠡᠭᠳᠠᠢ;
4. ᠬᠣᠯᠪᠣᠭᠳᠠᠯ
ᠪᠦᠬᠦᠢ ᠤᠰᠤᠨ ᠣᠷᠣᠨ᠎ᠤ ᠤᠰᠤᠨ ᠳᠡᠭᠡᠷ᠎ᠡ ᠠᠵᠢᠯᠯᠠᠵᠤ ᠪᠠᠢᠬᠤ ᠪᠠ ᠨᠠᠭᠠᠰᠢ ᠴᠠᠭᠠᠰᠢ ᠥᠩᠭᠡᠷᠡᠬᠦ ᠣᠩᠭᠣᠴᠠ ᠰᠠᠯ
ᠭᠠᠷᠠᠮ᠎ᠳᠠᠭᠠᠨ ᠪᠤᠴᠠᠵᠤ ᠵᠠᠢᠯᠠᠬᠤ ᠪᠤᠶᠤ ᠲᠣᠭᠣᠷᠢᠤ ᠵᠠᠮ᠎ᠢᠶᠠᠷ
ᠠᠶᠠᠯᠠᠬᠤ ᠵᠡᠷᠭᠡ ᠢᠳᠡᠪᠬᠢᠲᠡᠢ ᠠᠷᠭᠠᠴᠠᠭᠠᠬᠤ ᠠᠷᠭ᠎ᠠ ᠬᠡᠮᠵᠢᠶ᠎ᠡ ᠠᠪᠴᠤ᠂ ᠪᠠᠷᠢᠯᠭ᠎ᠠ᠎ᠶᠢᠨ ᠭᠠᠵᠠᠷ᠎ᠲᠤ ᠪᠠᠷᠢᠯᠭ᠎ᠠ᠎ᠶᠢᠨ
ᠡᠳ᠋ ᠪᠣᠳᠠᠰ᠎ᠢ ᠬᠠᠯᠬᠠᠯᠠᠬᠤ ᠶᠢ ᠠᠩᠬᠠᠷᠴᠤ᠂ ᠰᠢᠷᠦᠭᠦᠨ ᠪᠣᠷᠣᠭᠠᠨ᠂ ᠰᠠᠯᠬᠢ ᠮᠥᠨᠳᠥᠷ᠎ᠲᠦ ᠠᠮᠠᠷᠬᠠᠨ ᠨᠥᠯᠥᠭᠡᠯᠡᠭᠳᠡᠬᠦ
ᠭᠡᠷ ᠦᠨ ᠭᠠᠳᠠᠨᠠᠬᠢ ᠡᠳ᠋ ᠪᠣᠳᠠᠰ᠎ᠢ ᠲᠣᠬᠢᠲᠠᠢ ᠲᠥᠪᠬᠢᠨᠡᠭᠦᠯᠬᠦ ᠬᠡᠷᠡᠭᠳᠠᠢ;
5. ᠬᠤᠳᠠ᠂ ᠲᠠᠷᠢᠶᠠᠨ ᠭᠠᠵᠠᠷ᠂
ᠵᠢᠭᠠᠰᠤᠨ ᠴᠥᠭᠥᠷᠥᠮ ᠦᠨ ᠤᠰᠤ ᠵᠠᠯᠠᠬᠤ ᠰᠢᠰᠲᠧᠮ᠎ᠢ ᠪᠠᠢᠴᠠᠭᠠᠵᠤ᠂ ᠤᠰᠤᠲᠤᠯ᠎ᠢ ᠵᠠᠯᠠᠬᠤ ᠪᠡᠯᠡᠳᠬᠡᠯ ᠪᠠ ᠠᠭᠤᠯᠠᠨ
ᠦᠶᠡᠷ᠂ ᠶᠡᠭᠦᠷᠡᠬᠦ᠂ ᠰᠢᠪᠠᠷ ᠴᠢᠯᠠᠭᠤᠨ᠎ᠤ ᠤᠷᠤᠰᠬᠠᠯ ᠵᠡᠷᠭᠡ ᠭᠠᠮᠰᠢᠭ᠋᠎ᠢ ᠰᠡᠷᠭᠡᠢᠯᠡᠬᠦ ᠪᠡᠯᠡᠳᠬᠡᠯ᠎ᠢ ᠰᠠᠢᠲᠤᠷ
ᠬᠢᠬᠦ ᠬᠡᠷᠡᠭᠳᠠᠢ᠃
ᠢᠷᠡᠯᠲᠡ᠄ ᠲᠥᠪ᠎ᠦᠨ ᠴᠠᠭ ᠠᠭᠤᠷ᠎ᠤᠨ ᠬᠣᠷᠢᠶ᠎ᠠ