ᠴᠢᠺᠠᠭᠤ᠋᠎ᠶᠢᠨ ᠠᠲᠸᠨᠨᠠ ᠪᠠᠷᠢᠯᠭ᠎ᠠ᠎ᠶᠢᠨ ᠵᠢᠷᠤᠭ ᠲᠥᠯᠥᠪᠯᠡᠭᠡ᠎ᠶᠢᠨ
ᠮᠦᠽᠧᠢ ᠡᠴᠡ 2025 ᠪᠣᠬᠢᠷᠲᠤᠯ ᠦᠭᠡᠢ ᠰᠢᠯᠢᠳᠡᠭ ᠵᠢᠷᠤᠭ ᠲᠥᠯᠥᠪᠯᠡᠭᠡ᠎ᠶᠢᠨ ᠱᠠᠩᠨᠠᠯ ᠬᠦᠷᠲᠡᠭᠰᠡᠳ᠎ᠦᠨ ᠨᠡᠷᠡᠰ᠎ᠢ
ᠲᠦᠷᠦᠭᠦᠭᠡᠨ ᠨᠡᠢᠲᠡᠯᠡᠪᠡ᠃ ᠳᠤᠮᠳᠠᠳᠤ ᠤᠯᠤᠰ ᠤᠨ ᠢᠨᠵᠧᠨᠧᠷᠢᠩ ᠦᠨ ᠬᠦᠷᠢᠶᠡᠯᠡᠩ᠎ᠦᠨ ᠠᠺᠠᠳᠧᠮᠢᠴᠢ᠂ ᠥᠪᠥᠷ ᠮᠣᠩᠭᠣᠯ ᠤᠨ
ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ ᠶ᠋ᠢᠨ ᠫᠷᠤᠹᠸᠰᠰᠤᠷ ᠵᠠᠩ ᠫᠸᠩ ᠵᠢᠦᠢ ᠶᠢᠨ ᠵᠢᠷᠤᠵᠤ ᠲᠥᠯᠥᠪᠯᠡᠭᠰᠡᠨ
ᠬᠥᠬᠡᠬᠣᠲᠠ᠎ᠶᠢᠨ ᠱᠤᠭᠤᠮᠠᠯ᠎ᠤᠨ ᠤᠷᠠᠯᠢᠭ᠋᠎ᠤᠨ ᠣᠷᠳᠣᠨ ᠲᠣᠰ ᠱᠠᠩᠨᠠᠯ᠎ᠢ ᠲᠤᠰᠴᠠᠢ᠃ ᠲᠣᠰ ᠱᠠᠩᠨᠠᠯ ᠨᠢ 1950 ᠣᠨ ᠳᠤ ᠭᠠᠷᠭᠠᠭᠰᠠᠨ
ᠴᠢᠺᠠᠭᠤ᠋ ᠶᠢᠨ ᠰᠢᠯᠢᠳᠡᠭ ᠵᠢᠷᠤᠭ ᠲᠥᠯᠥᠪᠯᠡᠭᠡ᠎ᠶᠢᠨ ᠱᠠᠩᠨᠠᠯ᠎ᠠᠴᠠ ᠢᠷᠡᠯᠲᠡ ᠲᠠᠢ ᠪᠠᠢᠵᠤ᠂ ᠠᠵᠢᠯ ᠲᠥᠷᠥᠯ᠎ᠦᠨ
ᠨᠥᠯᠥᠭᠡᠯᠡᠬᠦ ᠬᠦᠴᠦᠨ᠎ᠢᠶᠡᠷ ᠮᠠᠰᠢ ᠶᠡᠬᠡ ᠪᠠᠢᠳᠠᠭ᠃

ᠲᠣᠷᠭᠠᠨ ᠵᠠᠮ ᠤᠨ ᠰᠣᠶᠣᠯ ᠤᠨ ᠴᠡᠴᠡᠷᠯᠢᠭ ᠲᠦ ᠪᠠᠢᠷᠢᠯᠠᠵᠤ ᠪᠠᠢᠭ᠎ᠠ ᠬᠥᠬᠡᠬᠣᠲᠠ ᠶᠢᠨ ᠱᠤᠭᠤᠮᠠᠯ᠎ᠤᠨ ᠤᠷᠠᠯᠢᠭ᠋ ᠤᠨ ᠣᠷᠳᠣᠨ
ᠪᠤᠯ ᠤᠷᠠᠯᠢᠭ᠋ ᠤ᠋ᠨ ᠦᠵᠡᠭᠦᠯᠭᠡ᠂ ᠡᠷᠳᠡᠮ ᠰᠢᠨᠵᠢᠯᠡᠭᠡᠨ᠎ᠦ ᠰᠣᠯᠢᠯᠴᠠᠭ᠎ᠠ᠂ ᠣᠯᠠᠨ ᠨᠡᠶ᠋ᠢᠲᠡ᠎ᠶᠢᠨ ᠪᠡᠶᠡᠴᠢ
ᠣᠢᠯᠠᠭᠠᠯᠲᠠ᠎ᠶᠢ ᠨᠢᠭᠡ ᠴᠣᠭᠴᠠᠵᠢᠭᠤᠯᠤᠭᠰᠠᠨ ᠶᠡᠷᠦᠩᠬᠡᠢᠯᠡᠭᠰᠡᠨ ᠴᠢᠨᠠᠷᠲᠠᠢ ᠤᠷᠠᠯᠢᠭ᠋᠎ᠤᠨ ᠣᠷᠳᠣᠨ ᠪᠣᠯᠣᠨ᠎ᠠ᠂
ᠪᠠᠷᠢᠯᠭ᠎ᠠ᠎ᠶᠢᠨ ᠲᠠᠯᠠᠪᠠᠶ ᠨᠢ 8559.42 ᠲᠡᠭᠰᠢ ᠳᠥᠷᠪᠡᠯᠵᠢᠨ ᠮᠧᠲᠷ ᠪᠠᠢᠵᠤ᠂ ᠬᠡᠪᠴᠢᠶ᠎ᠡ ᠨᠢ ᠪᠥᠬᠥ ᠤᠯᠤᠰ᠎ᠤᠨ
ᠠᠳᠠᠯᠢ ᠲᠥᠷᠥᠯ᠎ᠦᠨ ᠣᠷᠳᠣᠨ᠎ᠤ ᠳᠤᠳᠤᠷ᠎ᠠ ᠭᠤᠷᠪᠠᠳᠤᠭᠠᠷ᠎ᠲᠤ ᠵᠢᠭ᠍ᠰᠠᠭᠠᠭᠳᠠᠵᠤ ᠪᠤᠢ᠃ ᠲᠤᠰ ᠤᠷᠳᠤᠨᠢ 6 ᠮᠧᠲᠷ
ᠭᠦᠨ ᠬᠠᠶᠠᠭᠳᠠᠮᠠᠯ ᠲᠣᠮᠣ᠌ ᠨᠦᠬᠡᠳᠦ ᠪᠠᠢᠭᠤᠯᠵᠤ᠂ ᠶᠡᠬᠡᠩᠬᠢ ᠪᠠᠷᠢᠯᠭ᠎ᠠ ᠨᠢ ᠭᠠᠵᠠᠷ᠎ᠤᠨ ᠭᠠᠳᠠᠷᠭᠤ ᠵᠢᠨ
ᠲᠤᠤᠷ᠎ᠠ ᠳᠠᠯᠳᠠᠯᠠᠬᠳᠠᠵᠠᠢ᠃ ᠪᠠᠷᠢᠯᠭ᠎ᠠ ᠵᠢ ᠵᠢᠷᠤᠵᠤ ᠲᠥᠯᠥᠪᠯᠡᠬᠦ᠎ᠡᠴᠡ ᠪᠠᠷᠢᠵᠦ ᠳᠠᠭᠤᠰᠬᠤ ᠬᠦᠷᠲᠡᠯ᠎ᠡ ᠵᠥᠪᠬᠡᠨ
100 ᠡᠳᠦᠷ ᠵᠠᠷᠤᠴᠠᠭᠤᠯᠵᠤ᠂ ᠲᠥᠬᠥᠮ ᠠᠪᠰᠠᠷᠬᠠᠨ ᠪᠠᠷᠢᠯᠭ᠎ᠠ᠎ᠶᠢᠨ ᠲᠦᠷᠰᠦ ᠬᠡᠯᠪᠡᠷᠢ᠎ᠪᠡᠷ ᠭᠡᠷ᠎ᠦᠨ ᠳᠣᠲᠣᠨ᠎ᠠ
ᠭᠠᠳᠠᠨᠠᠬᠢ ᠣᠷᠣᠨ ᠵᠠᠢ᠎ᠶᠢ ᠨᠠᠪᠲᠠᠷᠡᠭᠦᠯᠵᠦ᠂ ᠬᠣᠲᠠ᠎ᠶᠢᠨ ᠦᠵᠡᠮᠵᠢ ᠪᠠ ᠪᠠᠢᠭᠠᠯᠢ᠎ᠶᠢᠨ ᠠᠮᠢ ᠠᠬᠤᠢ᠎ᠶᠢ ᠪᠦᠷᠢᠨ
ᠰᠠᠢᠬᠠᠨ ᠠᠭᠤᠰᠤᠯᠴᠠᠭᠤᠯᠵᠤ᠂ ᠤᠷᠠᠯᠢᠭ᠍ᠴᠢ ᠴᠢᠨᠠᠷ ᠪᠠ ᠬᠡᠷᠡᠭᠯᠡᠭᠡᠨ᠎ᠦ ᠴᠢᠨᠠᠷ ᠢ ᠬᠠᠪᠰᠤᠷᠭᠠᠭᠰᠠᠨ ᠬᠣᠲᠠ᠎ᠶᠢᠨ
ᠠᠷᠠᠳ᠎ᠤᠨ ᠰᠡᠯᠡᠭᠦᠴᠡᠯ᠎ᠦᠨ ᠣᠷᠣᠨ ᠵᠠᠢ᠎ᠶᠢ ᠪᠣᠶ ᠪᠣᠯᠭᠠᠪᠠ᠃
ᠢᠷᠡᠯᠲᠡ᠄ ᠳᠡᠭᠦᠯᠢᠯᠲᠡ ᠬᠠᠮ ᠵᠠᠭᠤᠴᠢᠯᠠᠭᠤᠷ
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号