ᠬᠠᠨᠳᠤᠯᠭ᠎ᠠ ᠳᠠᠢ ᠪᠡᠷ ᠬᠦᠴᠦᠯᠡᠨ ᠠᠷᠠᠳ᠎ᠤᠨ ᠵᠣᠪᠠᠨᠢᠯ᠎ᠢ ᠠᠷᠢᠯᠭᠠᠵᠤ ᠮᠡᠳᠡᠬᠦᠢ ᠬᠢᠬᠦᠢ᠎ᠶ᠋ᠢ ᠨᠢᠭᠡᠳᠭᠡᠨ ᠬᠦᠭᠵᠢᠯᠳᠡ ᠵᠢ ᠠᠬᠢᠭᠤᠯᠤᠨ᠎ᠠ
2026-05-29 09:48:11
ᠵᠣᠬᠢᠶᠠᠭ᠍ᠴᠢ᠄
ᠭᠣᠣ ᠬᠤᠢ ᠭᠣᠣ ᠮᠢᠨ ᠨᠠ ᠱᠢᠤᠸᠠᠢ ᠢ ᠴᠢᠶᠦ᠋ᠨ
ᠣᠩᠱᠢᠭ᠍ᠰᠠᠨ ᠣᠳᠠᠭ᠎ᠠ᠄
★★★☆☆

— ᠦᠪᠦᠷ ᠮᠤᠩᠭᠤᠯ ᠤ᠋ᠨ ᠡᠯ᠎ᠡ ᠭᠠᠵᠠᠷ ᠡᠯ᠎ᠡ ᠰᠠᠯᠠᠭ᠎ᠠ ᠮᠥᠴᠢᠷ᠎ᠦᠨ ᠬᠢᠨ ᠵᠠᠰᠠᠭ᠎ᠤᠨ ᠠᠵᠢᠯ᠎ᠤᠨ ᠪᠦᠳᠦᠮᠵᠢ ᠵᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠯᠠᠪᠳᠠᠭᠤᠨ ᠪᠠᠲᠤᠲᠠᠢ ᠦᠷᠨᠢᠬᠦᠯᠵᠦ ᠪᠤᠢ

                                             

ᠵᠠᠰᠠᠬ ᠤ᠋ᠨ ᠠᠵᠢᠯ ᠤ᠋ᠨ ᠪᠦᠳᠦᠮᠵᠢ ᠵᠢᠨ ᠲᠤᠬᠠᠢ ᠵᠦᠪ ᠦᠵᠡᠯᠳᠡ ᠵᠢ  ᠪᠣᠶ ᠪᠤᠯᠭᠠᠨ ᠦᠶ᠋ᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠥᠷᠨᠢᠭᠦᠯᠦᠭ᠌ᠰᠡᠨ᠎ᠡᠴᠡ ᠨᠠᠭᠠᠰᠢ᠂ ᠮᠠᠨ᠎ᠤ ᠣᠷᠣᠨ᠎ᠤ ᠡᠯ᠎ᠡ ᠭᠠᠵᠠᠷ ᠡᠯ᠎ᠡ ᠰᠠᠯᠠᠭ᠎ᠠ ᠮᠥᠴᠢᠷ᠎ᠦᠨ᠎ᠬᠢᠨ 《ᠨᠡᠢᠲᠡ᠎ᠶ᠋ᠢᠨ ᠲᠥᠯᠥᠭᠡ ᠨᠠᠮ ᠪᠠᠢᠭᠤᠯᠬᠤ᠂ ᠠᠷᠠᠳ ᠲᠦᠮᠡᠨ᠎ᠳᠦ ᠪᠤᠶᠠᠨ ᠦᠶ᠋ᠯᠡᠳᠬᠦ᠌᠂ ᠱᠢᠨᠵᠢᠯᠡᠬᠦ᠌ ᠤᠬᠠᠭᠠᠨᠴᠢ᠎ᠪᠠᠷ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ᠂ ᠦᠨᠡᠨ ᠬᠦ᠌ ᠠᠳᠭᠤᠨ ᠪᠣᠳᠠᠲᠠᠶ ᠠᠵᠢᠯᠯᠠᠬᠤ》 ᠶᠡᠷᠦᠩᠬᠡᠶ ᠱᠠᠭᠠᠷᠳᠠᠯᠭ᠎ᠠ᠎ᠶ᠋ᠢ ᠨᠠᠷᠢᠨ ᠬᠢᠨᠠᠮᠠᠭᠠᠶ ᠨᠠᠢᠳᠠᠪᠤᠷᠢᠵᠢᠭᠤᠯᠵᠤ᠂ ᠣᠯᠠᠨ ᠲᠦᠮᠡᠨ᠎ᠦ ᠪᠠᠴᠢᠮᠳᠠᠵᠤ ᠲᠦᠪᠡᠭᠳᠡᠵᠦ ᠵᠤᠪᠠᠨᠢᠵᠤ ᠬᠦᠰᠡᠵᠦ ᠪᠠᠢᠭ᠎ᠠ ᠠᠰᠠᠭᠤᠳᠠᠯ ᠳ᠋ᠸ᠋ ᠠᠩᠬᠠᠷᠤᠯ ᠵᠢᠡᠨ ᠲᠦᠪᠯᠡᠷᠡᠬᠦᠯᠦᠨ ᠣᠨᠢᠨ ᠳᠡᠭᠡᠷ᠎ᠡ᠎ᠨᠢ ᠬᠦᠴᠦᠯᠡᠵᠦ᠍᠂ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠮᠵᠢ᠎ᠶ᠋ᠢ ᠠᠷᠠᠳ᠎ᠤᠨ ᠠᠮᠢᠳᠤᠷᠠᠯ᠎ᠳᠤ ᠠᠱᠢᠭ ᠬᠦᠷᠲᠡᠭᠡᠬᠦ᠌᠂ ᠬᠥᠭ᠌ᠵᠢᠯᠲᠡ᠎ᠶ᠋ᠢ ᠠᠬᠢᠭᠤᠯᠬᠤ ᠪᠣᠳᠠᠲᠠᠶ᠎ᠶ᠋ᠢ ᠡᠷᠬᠢᠮᠯᠡᠬᠦ᠌ ᠠᠷᠭ᠎ᠠ ᠬᠡᠮᠵᠢᠶ᠎ᠡ ᠪᠣᠯᠭᠠᠨ ᠬᠤᠪᠢᠷᠠᠭᠤᠯᠪᠠ᠃

ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶᠢᠨ ᠲᠢᠩᠬᠢᠮ ᠶᠡᠷᠦᠩᠬᠡᠶ ᠱᠠᠭᠠᠷᠳᠠᠯᠭ᠎ᠠ᠎ᠶ᠋ᠢ ᠴᠢᠩᠭ᠎ᠠ ᠡᠵᠡᠮᠳᠡᠵᠦ᠍᠂ ᠥᠷᠭᠡᠨ ᠣᠯᠠᠨ ᠨᠠᠮ᠎ᠤᠨ ᠭᠡᠱᠢᠭᠦᠨ ᠺᠠᠳ᠋ᠷ᠎ᠢ ᠬᠥᠮᠦᠵᠢᠭᠦᠯᠦᠨ ᠵᠢᠯᠣᠭᠣᠳᠴᠤ᠌ ᠪᠠᠢᠭᠠᠳ ᠶᠡᠷᠦᠩᠬᠡᠶ ᠱᠦᠵᠢ ᠰᠢ ᠵᠢᠨ ᠫᠢᠩ᠎ᠦᠨ ᠵᠠᠰᠠᠬ ᠤ᠋ᠨ  ᠠᠵᠢᠯ ᠤ᠋ᠨ ᠪᠦᠳᠦᠮᠵᠢ ᠵᠢᠨ ᠲᠤᠬᠠᠢ ᠵᠦᠪ ᠦᠵᠡᠯᠳᠡ ᠵᠢ  ᠪᠣᠶ ᠪᠤᠯᠭᠠᠨ ᠦᠶ᠋ᠯᠡᠳᠦᠯᠭᠡᠵᠢᠭᠦᠯᠬᠦ᠌ ᠲᠤᠬᠠᠢ ᠴᠢᠬᠤᠯᠠ ᠥᠭᠦᠯᠡᠯᠲᠡ᠎ᠶ᠋ᠢ ᠭᠦᠨᠵᠡᠭᠡᠶ ᠰᠤᠷᠤᠯᠴᠠᠨ ᠨᠠᠷᠢᠨ ᠣᠢᠯᠠᠭᠠᠵᠤ᠂ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠮᠵᠢ᠎ᠪᠡᠷ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠵᠠᠢ᠃ ᠲᠢᠩᠬᠢᠮ᠎ᠦᠨ ᠨᠠᠮ᠎ᠤᠨ ᠤᠳᠤᠷᠢᠳᠭᠤ ᠳᠤᠭᠤᠢᠯᠠᠩ ᠲᠡᠷᠡ ᠳᠠᠷᠤᠶ᠎ᠳᠤᠨᠢ ᠬᠤᠷᠠᠯ ᠬᠤᠷᠠᠯᠳᠤᠭᠤᠯᠵᠤ ᠪᠠᠢᠷᠢᠯᠠᠭᠤᠯᠤᠯᠲᠠ ᠬᠢᠵᠦ᠍᠂ ᠰᠤᠷᠤᠯᠴᠠᠯᠭ᠎ᠠ ᠬᠥᠮᠦᠵᠢᠯ᠎ᠦᠨ 《ᠠᠵᠢᠯ᠎ᠤᠨ ᠲᠥᠰᠦᠯ》 ᠎ᠢ᠋ ᠰᠤᠳᠤᠯᠤᠨ ᠳᠠᠷᠤᠮᠠᠯᠯᠠᠨ ᠲᠠᠷᠬᠠᠭᠠᠵᠤ᠂ 4 ᠲᠠᠯ᠎ᠠ 16 ᠵᠦᠶ᠋ᠯ᠎ᠦᠨ ᠪᠣᠳᠠᠲᠠᠶ ᠡᠭᠦᠷᠭᠡ᠎ᠶ᠋ᠢ ᠲᠣᠳᠣᠷᠬᠠᠢᠯᠠᠵᠤ᠂ ᠴᠠᠭ᠎ᠤᠨ ᠬᠦᠰᠦᠨᠦᠭ᠌ᠲᠦ᠂ ᠵᠠᠮ ᠱᠤᠭᠤᠮ᠎ᠤᠨ ᠵᠢᠷᠤᠭ᠎ᠢ ᠨᠠᠷᠢᠯᠢᠭ᠍ᠵᠢᠭᠤᠯᠵᠤ᠂ 18 ᠵᠦᠶ᠋ᠯ᠎ᠦᠨ ᠭᠤᠤᠯᠳᠠᠯᠭ᠎ᠠ᠎ᠲᠠᠶ ᠠᠵᠢᠯ᠎ᠢ ᠡᠮᠬᠢ ᠵᠢᠷᠤᠮ᠎ᠲᠠᠶ ᠠᠬᠢᠭᠤᠯᠬᠤ᠎ᠶ᠋ᠢᠨ ᠬᠠᠮᠲᠤ ᠪᠥᠬᠥ᠌ ᠶᠠᠪᠤᠴᠠ᠎ᠳᠤ ᠮᠥᠷᠳᠡᠨ ᠬᠢᠨᠠᠨ ᠵᠢᠯᠣᠭᠣᠳᠴᠤ᠌᠂ ᠪᠢᠲᠡᠭᠦᠦ᠍᠎ᠴᠠᠭᠠᠷᠢᠭ ᠵᠢᠡᠷ ᠨᠠᠢᠳᠠᠪᠤᠷᠢᠵᠢᠭᠤᠯᠬᠤ᠎ᠶ᠋ᠢ ᠠᠬᠢᠭᠤᠯᠪᠠ᠃ ᠲᠢᠩᠬᠢᠮ᠎ᠦᠨ ᠨᠠᠮ᠎ᠤᠨ ᠤᠳᠤᠷᠢᠳᠭᠤ ᠳᠤᠭᠤᠢᠯᠠᠩ ᠳᠠᠭᠠᠭᠤᠯᠤᠨ ᠰᠤᠷᠤᠯᠴᠠᠬᠤ ᠪᠡᠷ ᠰᠤᠷᠤᠯᠴᠠᠯᠭ᠎ᠠ᠎ᠶ᠋ᠢ ᠠᠬᠢᠭᠤᠯᠬᠤ ᠦᠶ᠋ᠯᠡᠳᠦᠯ᠎ᠢᠶᠡᠨ ᠭᠦᠶ᠋ᠴᠡᠳ ᠪᠠᠳᠠᠷᠠᠭᠤᠯᠵᠤ᠂ 《ᠨᠢᠭᠡᠳᠦᠭᠡᠷ ᠵᠥᠪᠯᠡᠬᠦ᠌ ᠰᠡᠳᠦᠪ》᠂ ᠲᠤᠰᠭᠠᠶ ᠰᠡᠳᠦᠪᠲᠦ ᠨᠣᠮ ᠤᠩᠱᠢᠬᠤ ᠠᠩᠭᠢ᠂ ᠣᠨᠣᠯ ᠰᠤᠷᠤᠯᠴᠠᠬᠤ ᠭᠤᠤᠯ ᠳᠤᠭᠤᠢᠯᠠᠩ᠎ᠤᠨ ᠰᠤᠷᠤᠯᠴᠠᠯᠭ᠎ᠠ ᠪᠠ ᠰᠤᠳᠤᠯᠤᠨ ᠶᠠᠷᠢᠯᠴᠠᠬᠤ ᠵᠡᠷᠭᠡ ᠬᠡᠯᠪᠡᠷᠢ᠎ᠪᠡᠷ 《ᠳᠥᠷᠪᠡᠨ ᠭᠦᠨᠵᠡᠭᠡᠶ ᠰᠤᠷᠤᠯᠴᠠᠯᠭ᠎ᠠ》᠎ᠶ᠋ᠢ ᠯᠠᠪᠳᠠᠭᠤᠨ ᠪᠠᠲᠤᠲᠠᠶ ᠠᠬᠢᠭᠤᠯᠪᠠ᠃ ᠲᠢᠩᠬᠢᠮ᠎ᠦᠨ ᠱᠢᠭᠤᠳ ᠬᠠᠷᠢᠶ᠎ᠠ ᠱᠢᠰᠲ᠋ᠧᠮ᠎ᠦᠨ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ 《ᠭᠤᠷᠪᠠᠨ ᠬᠤᠷᠠᠯ ᠨᠢᠭᠡ ᠬᠢᠴᠢᠶᠡᠯ》᠂ ᠭᠤᠤᠯ ᠰᠡᠳᠦᠪᠲᠦ ᠨᠠᠮ᠎ᠤᠨ ᠡᠳᠦᠷ ᠵᠡᠷᠭᠡ ᠠᠴᠢᠶᠠᠯᠠᠪᠤᠷᠢ᠎ᠳᠤ ᠲᠦᠱᠢᠭ᠌ᠯᠡᠨ᠂ ᠰᠤᠷᠤᠯᠴᠠᠯᠭ᠎ᠠ ᠬᠥᠮᠦᠵᠢᠯ᠎ᠢ ᠡᠳᠦᠷ ᠲᠤᠲᠤᠮ᠎ᠤᠨ ᠠᠮᠢᠳᠤᠷᠠᠯ᠎ᠳᠤ ᠠᠭᠤᠰᠤᠯᠴᠠᠭᠤᠯᠵᠤ᠂ ᠬᠡᠪ᠎ᠦᠨ ᠪᠠᠢᠳᠠᠯ ᠪᠣᠯᠭᠠᠬᠤ᠎ᠶ᠋ᠢ ᠠᠬᠢᠭᠤᠯᠪᠠ᠃ ᠰᠤᠷᠤᠯᠴᠠᠬᠤ᠎ᠶ᠋ᠢᠨ ᠳᠠᠭᠠᠤ ᠪᠠᠢᠴᠠᠭᠠᠨ ᠰᠠᠢᠵᠢᠷᠠᠭᠤᠯᠬᠤ᠎ᠶ᠋ᠢ ᠪᠠᠷᠢᠮᠲᠠᠯᠠᠵᠤ᠂ 《3 ᠬᠠᠷᠢᠴᠠᠭᠤᠯᠤᠯ + 3 ᠵᠦᠶ᠋ᠯ᠎ᠦᠨ ᠠᠷᠭ᠎ᠠ ᠵᠠᠮ》᠎ᠢ᠋ ᠴᠢᠩᠭ᠎ᠠ ᠵᠢᠷᠤᠮᠯᠠᠵᠤ᠂ ᠣᠯᠠᠨ ᠲᠦᠮᠡᠨ᠎ᠦ ᠪᠠᠴᠢᠮᠳᠠᠵᠤ ᠲᠦᠪᠡᠭᠳᠡᠵᠦ  ᠵᠤᠪᠠᠨᠢᠵᠤ ᠬᠦᠰᠡᠵᠦ ᠪᠠᠢᠭ᠎ᠠ ᠠᠰᠠᠭᠤᠳᠠᠯ᠎ᠢ ᠣᠨᠣᠪᠴᠢᠲᠠᠶ ᠪᠠᠢᠴᠠᠭᠠᠨ ᠳᠡᠯᠭᠡᠵᠦ᠍᠂ ᠨᠠᠷᠢᠨ ᠲᠠᠩᠰᠠ ᠪᠠᠢᠭᠤᠯᠤᠨ᠂ ᠪᠥᠬᠥ᠌ ᠲᠠᠯ᠎ᠠ᠎ᠪᠠᠷ ᠴᠡᠭ᠌ᠴᠡᠯᠡᠨ ᠵᠠᠰᠠᠵᠠᠢ᠃ ᠰᠠᠨᠠᠯ ᠰᠠᠨᠠᠭᠤᠯᠭ᠎ᠠ ᠬᠤᠷᠢᠶᠠᠬᠤ ᠵᠠᠷᠯᠠᠯ᠎ᠢ ᠢᠯᠡ᠎ᠪᠡᠷ ᠨᠡᠢᠲᠡᠯᠡᠵᠦ᠍᠂ 12328᠂ 12345 ᠬᠠᠯᠠᠮᠱᠢᠯ ᠤᠲᠠᠰᠤ ᠵᠡᠷᠭᠡ ᠠᠷᠭ᠎ᠠ ᠵᠠᠮ᠎ᠢᠶᠠᠷ ᠲᠠᠮᠵᠢᠨ᠂ ᠰᠠᠨᠠᠯ ᠰᠠᠨᠠᠭᠤᠯᠭ᠎ᠠ᠎ᠶ᠋ᠢ ᠥᠷᠭᠡᠨ᠎ᠢᠶᠡᠷ ᠰᠣᠨᠣᠰᠴᠤ᠌᠂ ᠨᠠᠷᠢᠨ ᠬᠢᠨᠠᠮᠠᠭᠠᠶ ᠱᠢᠩᠭᠡᠭᠡᠨ ᠠᠪᠬᠤ ᠶᠠᠪᠤᠳᠠᠯ᠎ᠢ ᠠᠵᠢᠯ᠎ᠢᠶᠠᠨ ᠰᠠᠢᠵᠢᠷᠠᠭᠤᠯᠬᠤ᠂ ᠦᠷ᠎ᠡ ᠪᠦᠲᠦᠮᠵᠢ᠎ᠪᠡᠨ ᠳᠡᠭᠡᠭ᠌ᠰᠢᠯᠡᠭᠦᠯᠬᠦ᠌ ᠪᠣᠳᠠᠲᠠᠶ᠎ᠶ᠋ᠢ ᠡᠷᠬᠢᠮᠯᠡᠭ᠌ᠰᠡᠨ ᠠᠷᠭ᠎ᠠ ᠬᠡᠮᠵᠢᠶ᠎ᠡ ᠪᠣᠯᠭᠠᠨ ᠬᠤᠪᠢᠷᠠᠭᠤᠯᠵᠠᠢ᠃

ᠵᠠᠰᠠᠭ᠎ᠤᠨ ᠠᠵᠢᠯ᠎ᠤᠨ ᠪᠦᠳᠦᠮᠵᠢ ᠵᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠥᠷᠨᠢᠭᠦᠯᠦᠭ᠌ᠰᠡᠨ᠎ᠡᠴᠡ ᠨᠠᠭᠠᠰᠢ᠂ ᠬᠢᠩᠭᠠᠨ ᠠᠢᠮᠠᠭ ᠢᠮᠠᠭ᠍ᠲᠠ ᠶᠡᠬᠡ ᠲᠠᠯ᠎ᠠ᠎ᠳᠤ ᠦᠶ᠋ᠯᠡᠴᠢᠯᠡᠬᠦ᠌᠂ ᠠᠷᠠᠳ᠎ᠤᠨ ᠲᠥᠯᠥᠭᠡ ᠬᠦᠴᠢᠷ ᠠᠰᠠᠭᠤᠳᠠᠯ᠎ᠢ ᠱᠢᠶ᠋ᠳᠪᠦᠷᠢᠯᠡᠨ ᠪᠣᠳᠠᠲᠤ ᠶᠠᠪᠤᠳᠠᠯ ᠬᠢᠬᠦ᠌᠎ᠶ᠋ᠢ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠮᠵᠢ᠎ᠶ᠋ᠢ ᠱᠢᠯᠭᠠᠬᠤ ᠴᠢᠬᠤᠯᠠ ᠪᠠᠷᠢᠮᠵᠢᠶ᠎ᠠ ᠪᠤᠯᠭᠠᠬᠤ ᠵᠢ ᠪᠠᠷᠢᠮᠳᠠᠯᠠᠵᠤ᠂ ᠠᠷᠠᠳ᠎ᠤᠨ ᠠᠮᠢᠳᠤᠷᠠᠯ᠎ᠤᠨ ᠪᠤᠶᠠᠨ  ᠵᠢᠷᠭᠠᠯ᠎ᠢ ᠰᠠᠢᠵᠢᠷᠠᠭᠤᠯᠬᠤ᠎ᠪᠠᠷ ᠲᠡᠷᠢᠬᠦᠨ ᠬᠠᠷᠠᠯᠲᠠ ᠪᠣᠯᠭᠠᠵᠤ᠂ ᠣᠯᠠᠨ ᠲᠦᠮᠡᠨ᠎ᠦ ᠬᠦᠴᠢᠷ ᠶᠠᠪᠤᠳᠠᠯ᠎ᠢ ᠰᠡᠳᠬᠢᠯ ᠲᠠᠯᠪᠢᠨ ᠬᠠᠢᠷ᠎ᠠ ᠰᠡᠳᠬᠢᠯᠬᠡ ᠲᠠᠢ ᠪᠥᠬᠥ᠌ ᠬᠦᠴᠦᠨ᠎ᠢᠶᠡᠷ᠎ᠢᠶᠡᠨ ᠱᠢᠶ᠋ᠳᠪᠦᠷᠢᠯᠡᠵᠦ᠍᠂ ᠪᠣᠳᠠᠲᠤ ᠶᠠᠪᠤᠳᠠᠯ ᠰᠠᠢᠨ ᠶᠠᠪᠤᠳᠠᠯ ᠬᠢᠵᠡᠶ᠃ ᠠᠢᠮᠠᠭ᠎ᠤᠨ ᠨᠠᠮ᠎ᠤᠨ ᠬᠣᠷᠢᠶᠠᠨ᠎ᠤ ᠨᠡᠢᠭᠡᠮ᠎ᠦᠨ ᠠᠵᠢᠯ᠎ᠤᠨ ᠬᠡᠯᠲᠡᠰ ᠪᠥᠬᠥ᠌ ᠠᠢᠮᠠᠭ᠎ᠤᠨ 851 ᠭᠠᠴᠠᠭ᠎ᠠ ᠲᠣᠰᠭᠣᠨ᠂ 167 ᠨᠡᠢᠭᠡᠮ ᠲᠣᠭᠣᠷᠢᠭ᠎ᠡᠴᠨ  ᠠᠷᠠᠳ᠎ᠤᠨ ᠠᠮᠢᠳᠤᠷᠠᠯ᠎ᠤᠨ 1044 ᠵᠦᠶ᠋ᠯ᠎ᠦᠨ ᠬᠡᠷᠡᠭ᠌ᠴᠡᠭᠡ ᠱᠠᠭᠠᠷᠳᠠᠯᠭ᠎ᠠ᠎ᠶ᠋ᠢ ᠡᠯᠰᠡᠨ ᠴᠤᠭ᠍ᠯᠠᠭᠤᠯᠵᠤ᠂ 5000 ᠭᠠᠷᠤᠶ ᠲᠦᠮᠡᠨ ᠲᠥᠭᠥᠷᠢᠭ᠎ᠦᠨ ᠲᠤᠰᠭᠠᠶ ᠵᠦᠶ᠋ᠯ᠎ᠦᠨ ᠪᠠᠯᠠ ᠮᠥᠩᠭᠥ᠌ ᠪᠠᠭᠤᠯᠭᠠᠵᠤ᠂ 《ᠨᠢᠭᠡ ᠲᠣᠰᠭᠣᠨ᠎ᠳᠤ ᠨᠢᠭᠡ ᠪᠣᠳᠠᠲᠤ ᠶᠠᠪᠤᠳᠠᠯ ᠬᠢᠬᠦ᠂ ᠵᠢᠵᠢᠭ ᠶᠠᠪᠤᠳᠠᠯ ᠳᠡᠭᠡᠷ᠎ᠡ ᠪᠣᠳᠠᠲᠤ ᠶᠠᠪᠤᠳᠠᠯ ᠬᠢᠬᠦ᠌》᠎ᠶ᠋ᠢ ᠪᠠᠷᠢᠮᠲᠠᠯᠠᠵᠤ᠂ ᠵᠠᠮ ᠵᠠᠰᠠᠬᠤ᠂ ᠠᠭᠤᠳᠠᠮ ᠲᠠᠯᠠᠪᠠᠶ᠎ᠶ᠋ᠢ ᠥᠭᠡᠷᠡᠴᠢᠯᠡᠬᠦ᠌᠂ ᠭᠡᠷᠡᠯᠲᠦᠭᠦᠯᠭᠡ᠎ᠶ᠋ᠢ ᠲᠡᠭᠦᠯᠳᠡᠷᠵᠢᠭᠦᠯᠬᠦ᠌᠂ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ ᠵᠡᠷᠭᠡ ᠣᠯᠠᠨ ᠲᠦᠮᠡᠨ᠎ᠦ ᠳᠡᠷᠭᠡᠳᠡᠬᠢ ᠪᠠᠭ᠎ᠠ ᠶᠠᠪᠤᠳᠠᠯ᠎ᠢ ᠭᠤᠤᠯᠳᠠᠯᠭ᠎ᠠ᠎ᠲᠠᠶ ᠱᠢᠶ᠋ᠳᠪᠦᠷᠢᠯᠡᠵᠦ᠍᠂ ᠦᠶ᠋ᠯᠡᠴᠢᠯᠡᠭᠡ᠎ᠶ᠋ᠢ ᠣᠯᠠᠨ ᠲᠦᠮᠡᠨ᠎ᠦ ᠬᠡᠷ᠎ᠲᠦ ᠬᠦᠷᠭᠡᠪᠡ᠃ ᠠᠢᠮᠠᠭ᠎ᠤᠨ ᠵᠠᠰᠠᠬ ᠵᠠᠬᠢᠷᠭᠠᠨ ᠤ᠋ ᠬᠢᠨᠠᠨ ᠵᠦᠪᠰᠢᠶᠡᠷᠡᠬᠦ ᠵᠠᠰᠠᠬ ᠤ᠋ᠨ ᠶᠠᠪᠤᠳᠠᠯ ᠤ᠋ᠨ ᠦᠢᠯᠡᠴᠢᠯᠡᠬᠡ ᠬᠢᠬᠡᠳ ᠲᠤᠭ᠎ᠠ ᠪᠠᠷᠢᠮᠳᠠ ᠵᠢᠨ ᠬᠠᠮᠢᠶᠠᠷᠤᠯᠳᠠ ᠵᠢᠨ ᠲᠤᠪᠴᠢᠶ᠎ᠠ 《ᠠᠮᠠᠯᠠᠯᠲᠠ᠎ᠶ᠋ᠢᠨ ᠲᠦᠷᠢᠮ + ᠪᠦᠬᠦᠨ᠎ᠢ ᠣᠷᠣᠯᠠᠨ ᠭᠦᠶ᠋ᠴᠡᠳᠭᠡᠬᠦ᠌》 ᠦᠶ᠋ᠯᠡᠴᠢᠯᠡᠭᠡ᠎ᠶ᠋ᠢ ᠬᠡᠷᠡᠭ᠌ᠵᠢᠭᠦᠯᠵᠦ᠍᠂ 42 ᠲᠤᠰᠭᠠᠶ ᠲᠤᠱᠢᠶᠠᠯᠲᠠᠨ᠎ᠤ ᠡᠩᠨᠡᠭᠡ᠎ᠶ᠋ᠢ ᠵᠣᠬᠢᠶᠠᠨ ᠪᠠᠢᠭᠤᠯᠵᠤ᠂ ᠠᠢᠮᠠᠭ᠎ᠤᠨ ᠲᠣᠰ ᠱᠠᠲᠤᠨ᠎ᠤ ᠠᠵᠤ ᠠᠬᠤᠢᠯᠠᠯ᠎ᠳᠤ ᠬᠣᠯᠪᠣᠭ᠍ᠳᠠᠬᠤ ᠦᠶ᠋ᠯᠡᠴᠢᠯᠡᠭᠡᠨ᠎ᠦ ᠠᠮᠠᠯᠠᠯᠲᠠ᠎ᠶ᠋ᠢᠨ ᠲᠦᠷᠢᠮ᠎ᠦᠨ ᠤᠴᠢᠷ᠎ᠢ 147 ᠵᠦᠶ᠋ᠯ ᠡᠮᠬᠢᠯᠡᠨ ᠳᠢᠭ᠌ᠯᠡᠵᠦ᠍᠂ ᠨᠡᠢᠲᠡ 4094 ᠬᠤᠪᠢ ᠤᠴᠢᠷ  ᠶᠠᠪᠤᠳᠠᠯ᠎ᠢ ᠭᠦᠶ᠋ᠴᠡᠳᠭᠡᠵᠦ᠍᠂ 《ᠭᠠᠷᠠᠭ᠎ᠤᠨ ᠰᠡᠭᠦᠯᠴᠢ᠎ᠶ᠋ᠢᠨ ᠪᠣᠯᠵᠣᠭ᠎ᠠ + ᠬᠡᠷ᠎ᠲᠦᠨᠢ ᠬᠥᠷᠴᠦ ᠦᠶ᠋ᠯᠡᠴᠢᠯᠡᠭᠡ + 24 ᠴᠠᠭ᠎ᠤᠨ ᠠᠦ᠋ᠲ᠋ᠤ᠋ ᠦᠶ᠋ᠯᠡᠴᠢᠯᠡᠬᠡ》 ᠎ᠶ᠋ᠢ ᠬᠡᠷᠡᠭ᠌ᠵᠢᠭᠦᠯᠵᠦ᠍᠂ ᠰᠦᠯᠵᠢᠶᠡᠨ ᠳᠡᠭᠡᠷ᠎ᠡ 《ᠴᠠᠭ᠎ᠢ ᠤᠷᠲᠤᠳᠭᠠᠭ᠍ᠰᠠᠨ ᠦᠶ᠋ᠯᠡᠴᠢᠯᠡᠭᠡᠨ᠎ᠦ ᠲᠤᠰᠭᠠᠶ ᠲᠣᠭᠣᠷᠢᠭ》᠎ᠢ᠋ ᠨᠡᠪᠲᠡᠷᠡᠭᠦᠯᠵᠦ᠍᠂ ᠨᠡᠢᠳᠡ ᠴᠠᠬ᠎ᠢ ᠤᠷᠳᠤᠳᠬᠠᠬᠰᠠᠨ ᠦᠶ᠋ᠯᠡᠴᠢᠯᠡᠭᠡᠨ᠎ᠦ 12 ᠬᠤᠪᠢ ᠤᠴᠢᠷ ᠶᠠᠪᠤᠳᠠᠯ᠎ᠢ ᠭᠦᠶ᠋ᠴᠡᠳᠭᠡᠵᠡᠶ᠃ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠠᠢᠮᠠᠭ᠎ᠤᠨ ᠬᠣᠷᠢᠶ᠎ᠠ 《ᠠᠷᠠᠳ᠎ᠤᠨ ᠠᠮᠢᠳᠤᠷᠠᠯ᠎ᠤᠨ ᠠᠷᠪᠠᠨ ᠶᠡᠬᠡ ᠢᠨᠵᠧᠨᠧᠷᠢᠩ》 ᠎ᠢ᠋ ᠭᠦᠨᠵᠡᠭᠡᠢᠷᠡᠭᠦᠯᠦᠨ ᠬᠡᠷᠡᠭ᠌ᠵᠢᠭᠦᠯᠬᠦ᠌᠎ᠶ᠋ᠢᠨ ᠲᠣᠭᠣᠷᠢᠨ᠎ᠳᠤ᠂ ᠵᠠᠯᠠᠭᠤᠴᠤᠳ᠎ᠤᠨ ᠠᠵᠢᠯ ᠣᠯᠵᠤ ᠦᠶ᠋ᠯᠡᠰ ᠪᠦᠳᠦᠬᠡᠬᠦ ᠬᠡᠷᠡᠭ᠌ᠴᠡᠭᠡ ᠱᠠᠭᠠᠷᠳᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ 《ᠵᠠᠯᠠᠭᠤᠰ ᠤ᠋ᠨ  ᠬᠣᠲᠠ᠎ᠶ᠋ᠢᠨ ᠴᠤᠭ᠍ᠯᠠᠷᠠᠯ》 ᠎ᠤ᠋ᠨ ᠣᠨᠴᠠᠯᠢᠭ᠍ᠲᠤ IP ᠎ᠶ᠋ᠢ ᠱᠢᠨ᠎ᠡ᠎ᠶ᠋ᠢ ᠡᠭᠦᠳᠦᠨ ᠴᠣᠭ᠍ᠴᠠᠯᠠᠵᠤ᠂ 130 ᠭᠠᠷᠤᠶ ᠲᠡᠯᠬᠡᠬᠡ ᠮᠠᠢᠮᠠᠢ᠂ 600 ᠭᠠᠷᠤᠶ ᠪᠦᠲᠦᠭᠡᠯᠴᠢ ᠰᠡᠳᠬᠢᠴᠡ ᠵᠢᠨ ᠴᠡᠭ ᠭᠠᠷᠭᠠᠵᠤ᠂ ᠳᠡᠯᠭᠡᠨ ᠪᠣᠷᠣᠯᠠᠭᠤᠯᠬᠤ ᠪᠠ ᠣᠷᠣᠭᠤᠯᠵᠤ ᠠᠪᠴᠢᠷᠠᠬᠤ᠂ ᠨᠠᠷᠠᠲᠤ ᠲᠡᠮᠳᠡᠭ᠌ᠲᠦ᠍᠎ᠶ᠋ᠢ ᠨᠡᠪᠴᠢᠭᠦᠯᠬᠦ᠌᠂ ᠡᠬᠢ ᠪᠠᠶᠠᠯᠢᠭ᠎ᠢ ᠵᠣᠯᠭᠠᠭᠤᠯᠬᠤ ᠵᠡᠷᠭᠡ ᠦᠶ᠋ᠯᠡᠴᠢᠯᠡᠭᠡ ᠬᠠᠩᠭᠠᠵᠤ᠂ ᠠᠮᠢᠳᠤᠯᠢᠭ᠎ᠢᠶᠠᠷ ᠠᠵᠢᠯ ᠣᠯᠭᠣᠬᠤ᠂ ᠪᠦᠲᠦᠭᠡᠯᠴᠢ ᠰᠡᠳᠬᠢᠴᠡ ᠎ᠪᠡᠷ ᠦᠶ᠋ᠯᠡᠰ ᠴᠣᠭ᠍ᠴᠠᠯᠠᠬᠤ ᠵᠡᠷᠭᠡ ᠱᠢᠨ᠎ᠡ ᠬᠡᠯᠪᠡᠷᠢ᠎ᠶ᠋ᠢ ᠪᠣᠶ ᠪᠣᠯᠭᠠᠪᠠ᠃

ᠲᠦᠩᠯᠢᠶᠣᠤ ᠬᠤᠳᠠ᠎ᠶ᠋ᠢᠨ ᠡᠯ᠎ᠡ ᠭᠠᠵᠠᠷ ᠡᠯ᠎ᠡ ᠰᠠᠯᠠᠭ᠎ᠠ ᠮᠥᠴᠢᠷ᠎ᠦᠨ ᠬᠢᠨ ᠬᠠᠷᠢᠭᠤᠴᠠᠯᠭ᠎ᠠ᠎ᠶ᠋ᠢ ᠴᠢᠩᠭ᠎ᠠ ᠪᠣᠳᠠᠲᠠᠢ ᠨᠠᠢᠳᠠᠪᠤᠷᠢᠵᠢᠭᠤᠯᠵᠤ᠂ ᠨᠠᠷᠢᠨ ᠨᠢᠮᠪᠠᠢ ᠵᠣᠬᠢᠶᠠᠨ ᠪᠠᠢᠭᠤᠯᠤᠨ ᠬᠡᠷᠡᠭ᠌ᠵᠢᠭᠦᠯᠵᠦ᠍᠂ ᠳᠡᠭᠡᠳᠦ ᠬᠡᠮᠵᠢᠶᠡᠨ᠎ᠦ ᠤᠯᠤᠰ ᠲᠦᠷᠦ᠍᠎ᠶ᠋ᠢᠨ ᠤᠬᠠᠮᠰᠠᠷ ᠪᠠ ᠠᠵᠢᠯᠯᠠᠭ᠎ᠠ᠎ᠶ᠋ᠢᠨ ᠤᠬᠠᠮᠰᠠᠷ᠎ᠢᠶᠠᠷ ᠡᠯ᠎ᠡ ᠵᠦᠢᠯ᠎ᠦᠨ ᠠᠵᠢᠯ᠎ᠢ ᠪᠣᠳᠠᠲᠠᠢ ᠨᠠᠷᠢᠯᠢᠭ ᠠᠳᠬᠤᠵᠠᠢ᠃ ᠬᠤᠳᠠ ᠵᠢᠨ  ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶᠢᠨ ᠲᠢᠩᠬᠢᠮ ᠤ᠋ᠨ  ᠨᠠᠮ᠎ᠤᠨ ᠬᠣᠷᠢᠶ᠎ᠠ ᠲᠡᠷᠡ ᠳᠠᠷᠤᠶ᠎ᠳᠤᠨᠢ ᠲᠤᠰᠭᠠᠶ ᠰᠡᠳᠦᠪᠲᠦ ᠬᠤᠷᠠᠯ ᠬᠤᠷᠠᠯᠳᠤᠭᠤᠯᠵᠤ ᠬᠠᠮᠢᠶ᠎ᠠ ᠪᠥᠬᠥᠶ ᠴᠢᠬᠤᠯᠠ ᠥᠭᠦᠯᠡᠯᠲᠡ᠎ᠶ᠋ᠢᠨ ᠵᠣᠷᠢᠭ ᠰᠠᠨᠠᠭ᠎ᠠ᠎ᠶ᠋ᠢ ᠤᠯᠠᠮᠵᠢᠯᠠᠨ ᠰᠤᠷᠤᠯᠴᠠᠵᠤ᠂ ᠪᠥᠬᠥ᠌ ᠲᠠᠯ᠎ᠠ᠎ᠪᠠᠷ ᠳᠠᠢᠴᠢᠯᠠᠨ ᠪᠠᠢᠷᠢᠯᠠᠭᠤᠯᠵᠤ᠂ ᠱᠠᠲᠤ ᠱᠠᠲᠤ᠎ᠪᠠᠷ ᠬᠠᠷᠢᠭᠤᠴᠠᠯᠭ᠎ᠠ᠎ᠶ᠋ᠢ ᠪᠣᠳᠠᠲᠠᠢᠵᠢᠭᠤᠯᠪᠠ᠃ ᠰᠤᠷᠤᠯᠴᠠᠯᠭ᠎ᠠ ᠬᠥᠮᠦᠵᠢᠯ᠎ᠦᠨ ᠨᠣᠮ ᠤᠩᠱᠢᠬᠤ ᠠᠩᠭᠢ ᠡᠷᠬᠢᠯᠡᠬᠦ᠌᠎ᠪᠡᠷ ᠳᠠᠮᠵᠢᠨ᠂ ᠲᠥᠪᠯᠡᠷᠡᠭᠦᠯᠦᠨ ᠰᠤᠳᠤᠯᠤᠨ ᠰᠤᠷᠤᠯᠴᠠᠬᠤ᠂ ᠲᠤᠰᠭᠠᠢ ᠰᠡᠳᠦᠪᠲᠦ ᠲᠠᠢᠯᠤᠮᠵᠢ ᠬᠢᠬᠦ᠌᠂ ᠰᠣᠯᠢᠯᠴᠠᠭ᠎ᠠ ᠬᠢᠵᠦ᠍ ᠰᠤᠳᠤᠯᠤᠨ ᠶᠠᠷᠢᠯᠴᠠᠬᠤ ᠵᠡᠷᠭᠡ ᠠᠷᠭ᠎ᠠ ᠬᠡᠯᠪᠡᠷᠢ᠎ᠶ᠋ᠢ ᠠᠪᠴᠤ᠌᠂ ᠤᠳᠤᠷᠢᠳᠭᠤ ᠪᠠᠭ᠎ᠤᠨ ᠪᠦᠷᠢᠯᠳᠦᠬᠦᠨ ᠲᠦᠷᠦᠭᠦᠯᠡᠨ ᠭᠦᠨᠵᠡᠭᠡᠢ ᠰᠤᠷᠤᠯᠴᠠᠨ ᠨᠠᠷᠢᠨ ᠣᠢᠯᠠᠭᠠᠵᠤ᠂ ᠵᠠᠰᠠᠬ ᠤ᠋ᠨ ᠠᠵᠢᠯ᠎ᠤᠨ ᠪᠦᠳᠦᠮᠵᠢ ᠵᠢᠨ ᠲᠤᠬᠠᠢ ᠵᠦᠪ ᠦᠵᠡᠯᠳᠡ ᠎ᠶ᠋ᠢ ᠲᠠᠷᠢᠬᠢᠨ᠎ᠳᠠᠭᠠᠨ ᠰᠢᠩᠬᠡᠬᠡᠵᠦ ᠴᠡᠭᠡᠵᠢᠨ᠎ᠳᠡᠭᠡᠨ ᠬᠠᠳᠠᠩᠱᠢᠭᠤᠯᠬᠤ᠎ᠶ᠋ᠢ ᠠᠬᠢᠭᠤᠯᠵᠠᠢ᠃ ᠲᠣᠪᠴᠢᠶ᠎ᠠ᠎ᠶ᠋ᠢᠨ ᠪᠠᠢᠭᠤᠯᠭ᠎ᠠ᠎ᠶ᠋ᠢᠨ ᠨᠠᠮ᠎ᠤᠨ ᠡᠭᠦᠷ ᠭᠤᠤᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ᠎ᠲᠡᠶ ᠤᠶᠠᠯᠳᠤᠭᠤᠯᠤᠨ᠂ ᠠᠭᠤᠷᠬᠠᠶ᠎ᠶ᠋ᠢᠨ ᠦᠶ᠋ᠯᠡᠳᠪᠦᠷᠢᠯᠡᠯ᠎ᠦᠨ ᠠᠮᠤᠷ ᠲᠦᠪᠱᠢᠨ᠎ᠦ ᠡᠨᠳᠡᠯ᠎ᠦᠨ ᠰᠡᠷᠡᠮᠵᠢᠯᠡᠭᠦᠯᠬᠦ᠌ ᠬᠥᠮᠦᠵᠢᠯ᠎ᠦᠨ ᠹᠢᠯᠢᠮ᠎ᠢ ᠵᠣᠬᠢᠶᠠᠨ ᠪᠠᠢᠭᠤᠯᠤᠨ ᠦᠵᠡᠬᠦᠯᠵᠦ᠂ ᠵᠠᠰᠠᠬ ᠤ᠋ᠨ ᠠᠵᠢᠯ᠎ᠤᠨ ᠪᠦᠳᠦᠮᠵᠢ ᠵᠢᠨ ᠨᠠᠵᠠᠭᠠᠢ ᠦᠵᠡᠯᠲᠡ ᠡᠴᠡ ᠪᠤᠯᠤᠬᠰᠠᠨ ᠠᠶᠤᠯᠭᠦᠶ ᠦᠶ᠋ᠯᠡᠳᠪᠦᠷᠢᠯᠡᠯ᠎ᠳᠦ ᠤᠴᠠᠷᠠᠭᠤᠯᠬᠤ ᠬᠦᠨᠳᠦ ᠨᠣᠴᠢᠲᠠᠶ ᠬᠤᠤᠷ ᠬᠥᠨᠥᠭᠡᠯ᠎ᠢ ᠭᠦᠨᠵᠡᠭᠡᠶ ᠵᠠᠳᠠᠯᠪᠠ᠃ ᠪᠥᠬᠥ᠌ ᠲᠤᠪᠴᠢᠶ᠎ᠠ ᠪᠡᠷ ᠵᠢᠡᠨ ᠰᠤᠷᠤᠯᠴᠠᠬᠤ ᠪᠠᠢᠴᠠᠭᠠᠬᠤ ᠵᠠᠯᠠᠷᠠᠭᠤᠯᠬᠤ᠎ᠶ᠋ᠢ ᠨᠢᠭᠡ ᠴᠣᠭ᠍ᠴᠠᠵᠢᠭᠤᠯᠤᠨ ᠠᠬᠢᠭᠤᠯᠬᠤ᠎ᠶ᠋ᠢ ᠪᠠᠷᠢᠮᠲᠠᠯᠠᠵᠤ᠂ ᠵᠠᠰᠠᠬ ᠤ᠋ᠨ ᠠᠵᠢᠯ᠎ᠤᠨ ᠪᠦᠳᠦᠮᠵᠢ ᠵᠢᠨ ᠦᠵᠡᠯᠲᠡ᠎ᠶ᠋ᠢᠨ ᠳᠤᠬᠠᠢ ᠠᠰᠠᠭᠤᠳᠠᠯ᠎ᠤᠨ ᠨᠠᠷᠢᠨ ᠲᠠᠩᠰᠠ ᠵᠢᠴᠢ ᠰᠠᠬᠢᠯᠭ᠎ᠠ ᠪᠠᠲᠤ ᠪᠠᠢᠴᠠᠭᠠᠬᠤ᠂ ᠲᠣᠭᠣᠷᠢᠨ ᠪᠠᠢᠴᠠᠭᠠᠬᠤ᠂ ᠬᠢᠨᠠᠨ ᠪᠤᠳᠤᠬᠤ ᠵᠡᠷᠭᠡ ᠬᠠᠷᠢᠭᠤ ᠲᠤᠰᠭᠠᠭ᠍ᠰᠠᠨ ᠠᠰᠠᠭᠤᠳᠠᠯ᠎ᠲᠠᠶ ᠬᠠᠷᠭᠤᠭᠤᠯᠵᠤ᠂ ᠥᠪᠡᠷ᠎ᠢ᠎ᠪᠡᠨ ᠪᠠᠢᠴᠠᠭᠠᠵᠤ ᠥᠪᠡᠷ᠎ᠢ᠎ᠪᠡᠨ ᠵᠠᠯᠠᠷᠠᠭᠤᠯᠬᠤ᠎ᠶ᠋ᠢ ᠭᠦᠨᠵᠡᠭᠡᠶ ᠥᠷᠨᠢᠭᠦᠯᠵᠦ᠍᠂ ᠰᠤᠷᠤᠯᠴᠠᠯᠭ᠎ᠠ᠎ᠶ᠋ᠢᠨ ᠦᠷ᠎ᠡ ᠪᠦᠲᠦᠭᠡᠯ᠎ᠢ ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶ᠋ᠢᠨ ᠭᠤᠤᠯ ᠬᠠᠷᠢᠭᠤᠴᠠᠯᠭ᠎ᠠ ᠭᠤᠤᠯ ᠠᠵᠢᠯ᠎ᠳᠤ ᠠᠭᠤᠰᠤᠯᠴᠠᠭᠤᠯᠵᠤ᠂ ᠠᠮᠤᠷ ᠲᠦᠪᠱᠢᠨ᠎ᠦ ᠠᠶᠤᠯ ᠲᠦᠭ᠌ᠰᠢᠭᠦᠷᠢ᠎ᠶ᠋ᠢ ᠰᠡᠷᠭᠡᠢᠯᠡᠬᠦ᠌᠂ ᠣᠯᠠᠨ ᠲᠦᠮᠡᠨ᠎ᠦ ᠠᠮᠤᠷ ᠲᠦᠪᠱᠢᠨ᠎ᠢ ᠬᠠᠮᠠᠭᠠᠯᠠᠬᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号