ᠣᠢᠷ᠎ᠠ᠎ᠳᠤ᠂ ᠣᠷᠳᠣᠰ ᠬᠣᠲᠠ᠎ᠶ᠋ᠢᠨ ᠨᠠᠮ᠎ᠤᠨ ᠬᠣᠷᠢᠶ᠎ᠠ᠎ᠵᠢᠨ ᠠᠬᠠᠮᠠᠳ ᠺᠠᠳ᠋ᠷ᠎ᠤᠨ ᠲᠣᠪᠴᠢᠶ᠎ᠠ ᠡᠴᠡ ᠤᠷᠳᠤᠰ ᠬᠣᠲᠠ᠎ᠶ᠋ᠢᠨ ᠨᠠᠮ᠎ᠤᠨ ᠬᠣᠷᠢᠶᠠᠵᠢᠨᠨᠠᠮᠤᠨ ᠰᠤᠷᠭᠠᠭᠤᠯᠢ᠎ᠳᠤ ᠪᠥᠬᠥ᠌ ᠬᠣᠲᠠ᠎ᠶ᠋ᠢᠨ ᠠᠵᠢᠯ᠎ᠠᠴᠠ ᠪᠠᠨ ᠳᠠᠷᠬᠠᠯᠠᠭ᠍ᠳᠠᠭ᠍ᠰᠠᠨ ᠠᠵᠢᠯ᠎ᠠᠴᠠ ᠪᠠᠨ ᠠᠮᠠᠷᠠᠭ᠍ᠰᠠᠨ ᠺᠠᠳ᠋ᠷᠴᠤᠳ᠎ᠤᠨ ᠨᠠᠮ᠎ᠤᠨ ᠡᠭᠦᠷ᠎ᠦᠨ ᠱᠦᠵᠢ᠎ᠶ᠋ᠢᠨ ᠵᠢᠱ᠌ᠢᠶ᠎ᠡ ᠦᠵᠡᠭᠦᠯᠬᠦ᠌ ᠪᠣᠯᠪᠠᠰᠤᠷᠠᠯ᠎ᠤᠨ ᠠᠩᠭᠢ ᠡᠷᠭᠢᠯᠡᠪᠡ᠃
ᠪᠣᠯᠪᠠᠰᠤᠷᠠᠯ᠎ᠤᠨ ᠠᠩᠭᠢ᠎ᠳᠤ᠂ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠵᠢᠨ ᠠᠬᠠᠮᠠᠳ ᠺᠠᠳ᠋ᠷ᠎ᠤᠨ ᠲᠣᠪᠴᠢᠶ᠎ᠠ᠎ᠶ᠋ᠢᠨ ᠤᠯᠤᠰ ᠲᠥᠷᠥ᠎ᠶ᠋ᠢᠨ ᠬᠠᠷᠠᠭᠠᠯᠵᠠᠯ᠎ᠤᠨ ᠭᠠᠵᠠᠷ᠎ᠤᠨ ᠬᠠᠷᠢᠭᠤᠴᠠᠯᠭᠠᠲᠠᠨ ᠡᠴᠡ 《ᠠᠵᠢᠯ᠎ᠠᠴᠠ᠎ᠪᠠᠨ ᠳᠠᠷᠬᠠᠯᠠᠭ᠍ᠳᠠᠬᠰᠠᠨ ᠠᠵᠢᠯ᠎ᠠᠴᠠ᠎ᠪᠠᠨ ᠠᠮᠠᠷᠠᠭ᠍ᠰᠠᠨ ᠺᠠᠳ᠋ᠷᠴᠤᠳ᠎ᠤᠨ ᠨᠠᠮ᠎ᠤᠨ ᠪᠠᠢᠭᠤᠯᠤᠯᠲᠠ᠎ᠶ᠋ᠢᠨ ᠠᠵᠢᠯ᠎ᠢ ᠪᠥᠬᠥ᠌ ᠬᠦᠴᠦᠨ᠎ᠢᠶᠡᠷ᠎ᠢᠶᠡᠨ ᠰᠠᠢᠲᠤᠷ ᠬᠢᠵᠦ᠍᠂ ᠱᠢᠨ᠎ᠡ ᠴᠠᠭ ᠦᠶ᠎ᠡ᠎ᠶ᠋ᠢᠨ ᠠᠬᠠᠮᠠᠳ ᠺᠠᠳ᠋ᠷᠴᠤᠳ᠎ᠤᠨ ᠠᠵᠢᠯ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠬᠥᠲᠥᠯᠥᠨ ᠳᠠᠭᠠᠭᠤᠯᠬᠤ》 ᠲᠤᠬᠠᠶ ᠲᠤᠰᠭᠠᠶ ᠰᠡᠳᠦᠪᠲᠦ ᠲᠠᠢᠯᠤᠮᠵᠢ ᠬᠢᠪᠡ; ᠤᠷᠳᠤᠰ ᠬᠣᠲᠠ᠎ᠶ᠋ᠢᠨ ᠨᠠᠮ᠎ᠤᠨ ᠬᠣᠷᠢᠶᠠᠵᠢᠨᠨᠠᠮᠤᠨ ᠰᠤᠷᠭᠠᠭᠤᠯᠢ᠎ᠶ᠋ᠢᠨ ᠲᠤᠰᠭᠠᠶ ᠮᠡᠷᠭᠡᠵᠢᠯᠲᠡᠨ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶᠠᠨ᠎ᠤ ᠳᠥᠷᠪᠡᠳᠦᠭᠡᠷ ᠪᠥᠬᠥᠳᠡ ᠬᠤᠷᠠᠯ᠎ᠤᠨ ᠵᠣᠷᠢᠭ ᠰᠠᠨᠠᠭ᠎ᠠ᠂ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠶ ᠵᠥᠪ ᠦᠵᠡᠯᠲᠡ᠎ᠶ᠋ᠢ ᠪᠣᠶ ᠪᠣᠯᠭᠠᠨ ᠦᠶ᠋ᠯᠡᠳᠦᠯᠭᠡᠵᠢᠭᠦᠯᠬᠦ᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ ᠵᠡᠷᠭᠡ ᠠᠭᠤᠯᠭ᠎ᠠ᠎ᠶᠢᠨ ᠲᠤᠭᠤᠷᠢᠨ᠎ᠳᠤ ᠭᠦᠨᠵᠡᠭᠡᠶ ᠲᠠᠢᠯᠤᠮᠵᠢ ᠬᠢᠪᠠ; ᠤᠷᠳᠤᠰ ᠬᠤᠲᠠ᠎ᠵᠢᠨ ᠨᠠᠮ᠎ᠤᠨ ᠬᠣᠷᠢᠶ᠎ᠠ᠎ᠵᠢᠨ ᠵᠣᠬᠢᠶᠠᠨ ᠪᠠᠢᠭᠤᠯᠬᠤ ᠬᠡᠯᠲᠡᠰ᠎ᠦᠨ ᠬᠠᠮᠢᠶ᠎ᠠ ᠪᠦᠬᠦᠢ ᠰᠠᠯᠠᠭ᠎ᠠ ᠲᠠᠰᠤᠭ᠎ᠤᠨ ᠠᠵᠢᠯᠲᠠᠨ ᠠᠵᠢᠯ᠎ᠠᠴᠠ᠎ᠪᠠᠨ ᠳᠠᠷᠬᠠᠯᠠᠭ᠍ᠳᠠᠭ᠍ᠰᠠᠨ ᠠᠵᠢᠯ᠎ᠠᠴᠠ᠎ᠪᠠᠨ ᠠᠮᠠᠷᠠᠭ᠍ᠰᠠᠨ ᠺᠠᠳ᠋ᠷᠴᠤᠳ᠎ᠤᠨ ᠨᠠᠮ᠎ᠤᠨ ᠡᠭᠦᠷ᠎ᠦᠨ ᠪᠠᠢᠭᠤᠯᠤᠯᠲᠠ᠂ ᠰᠤᠷᠭᠠᠨ ᠬᠥᠮᠦᠵᠢᠯ᠎ᠦᠨ ᠬᠠᠮᠢᠶᠠᠷᠤᠯᠲᠠ ᠬᠢᠨᠠᠯᠲᠠ᠂ ᠬᠣᠲᠠ᠎ᠶ᠋ᠢᠨ ᠦᠨᠳᠦᠰᠦᠨ ᠱᠠᠲᠤᠨ᠎ᠤ ᠨᠠᠮ᠎ᠤᠨ ᠪᠠᠢᠭᠤᠯᠤᠯᠲᠠ᠎ᠳᠤ ᠠᠭᠤᠰᠤᠯᠴᠠᠵᠤ ᠦᠨᠳᠦᠰᠦᠨ ᠱᠠᠲᠤᠨ᠎ᠤ ᠵᠠᠰᠠᠯᠲᠠ᠎ᠳᠤ ᠬᠦᠴᠦᠨ ᠨᠡᠮᠡᠷᠢᠯᠡᠵᠦ᠍ ᠦᠢᠯᠡᠳᠦᠯ ᠪᠠᠳᠠᠷᠠᠭᠤᠯᠬᠤ ᠵᠡᠷᠭᠡ ᠠᠭᠤᠯᠭ᠎ᠠ᠎ᠶ᠋ᠢᠨ ᠲᠣᠭᠣᠷᠢᠨ᠎ᠳᠤ ᠲᠠᠢᠯᠤᠮᠵᠢ ᠬᠢᠪᠡ᠃
ᠪᠤᠯᠪᠠᠰᠤᠷᠠᠯ᠎ᠳᠤ ᠤᠷᠤᠯᠴᠠᠬᠰᠠᠳ ᠡᠴᠡ ᠪᠠᠰᠠ ᠣᠷᠳᠣᠰ ᠬᠣᠲᠠ᠎ᠶ᠋ᠢᠨ ᠬᠤᠪᠢᠰᠭᠠᠯ᠎ᠤᠨ ᠲᠡᠦᠬᠡ᠎ᠶ᠋ᠢᠨ ᠮᠦᠽᠧᠶ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠦᠵᠡᠰᠭᠦᠯᠡᠩ᠎ᠦᠨ ᠣᠷᠳᠣᠨ ᠪᠠ ᠳ᠋ᠦᠩᠱᠧᠩ ᠲᠣᠭᠣᠷᠢᠭ᠎ᠤᠨ ᠪᠤᠭᠤᠷᠤᠯᠴᠤᠳ᠎ᠤᠨ ᠬᠠᠤᠯᠢ ᠴᠠᠭᠠᠵᠠ᠎ᠶ᠋ᠢᠨ ᠴᠢᠳᠠᠪᠤᠷᠢᠲᠠᠨ ᠠᠬᠠᠮᠠᠳ ᠨᠠᠮ᠎ᠤᠨ ᠬᠡᠰᠢᠬᠦᠨ᠎ᠤ ᠠᠵᠢᠯ᠎ᠤᠨ ᠲᠠᠰᠤᠭ ᠵᠢᠡᠷ ᠲᠣᠭᠣᠷᠢᠨ ᠦᠵᠡᠪᠡ᠃