《ᠪᠦᠬᠦ ᠤᠯᠤᠰ ᠤ᠋ᠨ ᠪᠤᠯᠪᠠᠰᠤᠨ ᠲᠤᠰᠬᠤᠨ》 ᠶ᠋ᠢᠡᠷ ᠦᠨᠡᠯᠡᠭᠳᠡᠭᠰᠡᠨ ᠭᠤᠸᠠᠨ ᠳ᠋ᠦᠩ ᠴᠧ ᠲᠤᠰᠬᠤᠨ
2026-05-29 10:27:39
ᠵᠣᠬᠢᠶᠠᠭ᠍ᠴᠢ᠄
ᠰᠡᠴᠡᠩᠭᠤᠸ᠎ᠠ
ᠣᠩᠱᠢᠭ᠍ᠰᠠᠨ ᠣᠳᠠᠭ᠎ᠠ᠄
★★★☆☆

ᠪᠢᠳᠡ ᠤᠯᠠᠭᠠᠨᠬᠠᠳᠠ ᠬᠤᠳᠠ ᠵᠢᠨ ᠬᠡᠱᠢᠭ᠌ᠳᠡᠨ ᠬᠤᠱᠢᠭᠤᠨ ᠤ᠋ ᠲᠦᠪ ᠪᠢᠷᠠᠭᠤ ᠪᠠᠯᠭᠠᠰᠤ ᠡᠴᠡ ᠭᠠᠷᠴᠤ ᠮᠠᠱᠢᠨ ᠲᠡᠷᠭᠡ ᠪᠠᠷ ᠬᠠᠭᠠᠰ ᠴᠠᠭ ᠭᠠᠷᠤᠢ ᠠᠶᠠᠯᠠᠨ ᠠᠪᠳᠠᠷᠠᠳᠦ ᠶ᠋ᠢᠨ ᠠᠭᠤᠯᠠ ᠶ᠋ᠢᠨ ᠬᠤᠷᠮᠤᠢ ᠳ᠋ᠡᠬᠢ 《ᠪᠦᠬᠦ᠌ ᠤᠯᠤᠰ ᠤ᠋ᠨ ᠪᠣᠯᠪᠠᠰᠤᠨ ᠲᠣᠰᠭᠤᠨ ᠪᠠᠯᠭᠠᠰᠤ》 ᠶ᠋ᠢᠨ ᠢᠷᠠᠭᠤ ᠠᠯᠳᠠᠷ ᠢ᠋ ᠬᠦᠷᠳᠡᠭ᠌ᠰᠡᠨ ᠸᠠᠨ ᠾᠧ ᠶᠥᠩ ᠪᠠᠯᠭᠠᠰᠤ ᠵᠢᠨ ᠭᠤᠸᠠᠨ ᠳ᠋ᠦᠩ ᠴᠧ ᠲᠤᠰᠭᠤᠨ ᠳ᠋ᠤ ᠬᠦᠷᠴᠠᠢ᠃ ᠥᠷᠭᠡᠨ ᠠᠭᠤᠵᠢᠮ ᠴᠡᠪᠡᠷ ᠴᠡᠮᠴᠡᠭᠡᠷ ᠲᠤᠰᠭᠤᠨ ᠤ᠋ ᠵᠠᠮ ᠤ᠋ᠨ ᠬᠠᠵᠠᠭᠤᠳᠡᠬᠢ 《ᠤᠭ ᠰᠠᠨᠠᠭ᠎ᠠ ᠠᠭᠤᠳᠠᠮ ᠲᠠᠯᠠᠪᠠᠢ》 ᠳ᠋ᠤ ᠡᠯ᠎ᠠ ᠵᠤᠢᠯ ᠤ᠋ᠨ ᠲᠥᠬᠦᠭᠡᠷᠦᠮᠵᠢ ᠢᠵᠢ ᠪᠦᠷᠢᠨ ᠪᠠᠢᠵᠤ᠂ ᠬᠥᠬᠡ ᠸᠠᠭᠠᠷ ᠴᠠᠭᠠᠨ ᠬᠡᠷᠡᠮ ᠲᠠᠢ ᠴᠡᠪᠡᠷ ᠲᠤᠬᠢᠯᠢᠭ ᠠᠷᠠᠳ ᠤ᠋ᠨ ᠰᠠᠭᠤᠴᠠ ᠬᠠᠷᠠᠭᠠᠨ ᠳ᠋ᠤ ᠲᠤᠳᠤᠷᠠᠵᠦ᠍᠂ ᠪᠠᠶᠠᠨ ᠲᠠᠩᠰᠤᠭ᠂ ᠠᠮᠤᠷ ᠠᠮᠤᠭᠤᠯᠠᠩᠳᠤ ᠱᠢᠨ᠎ᠡ ᠬᠥᠳᠡᠭᠡ ᠨᠤᠳᠤᠭ ᠤ᠋ᠨ ᠠᠮᠢᠳᠤᠷᠠᠯ ᠤ᠋ᠨ ᠵᠢᠷᠤᠭ ᠲᠡᠯᠭᠡᠭ᠌ᠳᠡᠨ᠎ᠡ᠃ ᠡᠨᠡ ᠪᠦᠬᠦᠨ ᠢ᠋ ᠬᠠᠷᠠᠬᠤ ᠳ᠋ᠤ ᠲᠤᠰ ᠲᠣᠰᠭᠤᠨ ᠤᠤᠯ ᠳ᠋ᠠᠭᠠᠨ ᠬᠡᠱᠢᠭ᠌ᠳᠡᠨ ᠬᠤᠱᠢᠭᠤᠨ ᠳ᠋ᠤ ᠨᠡᠷᠡᠳᠠᠢ 《ᠠᠰᠠᠭᠤᠳᠠᠯ ᠲᠠᠢ ᠲᠣᠰᠭᠤᠨ》 ᠪᠠᠢᠭ᠍ᠰᠠᠨ ᠢ᠋ ᠬᠡᠷᠬᠢᠨ ᠪᠣᠳᠣᠵᠤ ᠣᠯᠬᠤ ᠠᠵᠢ!


ᠲᠣᠰᠭᠤᠨ ᠤ᠋ ᠬᠠᠮᠲᠤ ᠨᠢ 69 ᠲᠦᠮᠡᠨ ᠲᠥᠭᠦᠷᠢᠭ ᠤ᠋ᠨ ᠦᠷᠢ ᠲᠠᠢ ᠪᠠᠢᠭ᠍ᠰᠠᠨ ᠡᠴᠠ ᠪᠠᠨ ᠭᠤᠷᠪᠠᠨ ᠵᠢᠯ ᠳᠠᠷᠠᠭᠠᠯᠠᠨ 50 ᠲᠦᠮᠡ ᠭᠠᠷᠤᠢ ᠲᠥᠭᠦᠷᠢᠭ ᠤ᠋ᠨ ᠤᠷᠤᠯᠭ᠎ᠠ ᠲᠠᠢ ᠪᠤᠯᠪᠠ —


ᠢᠲᠡᠭᠡᠯ ᠬᠦᠨᠳᠦ᠍ ᠲᠠᠢ ᠱᠢᠨ᠎ᠡ ᠲᠠᠭᠠᠭᠤᠯᠤᠭ᠍ᠴᠢ ᠲᠠᠢ ᠪᠤᠯᠪᠠ

ᠠᠷᠪᠠ ᠭᠠᠷᠤᠢ ᠵᠢᠯ ᠤ᠋ᠨ ᠡᠮᠤᠨ᠎ᠡ᠂ ᠵᠣᠬᠢᠶᠠᠯᠴᠢ ᠰᠧᠨ ᠯᠢᠨ ᠱᠢᠶᠦ᠋ᠩ ᠠᠪᠳᠠᠷᠠᠳᠦ ᠶ᠋ᠢᠨ ᠠᠭᠤᠯᠠ ᠪᠡᠷ ᠠᠶᠠᠯᠠᠨ ᠲᠤᠭᠤᠷᠢᠵᠦ᠍ ᠪᠤᠷᠤ ᠮᠠᠲ᠋ᠧᠷᠢᠶᠠᠯ ᠴᠤᠭ᠍ᠯᠠᠭᠤᠯᠵᠤ ᠪᠠᠢᠬᠤ ᠳ᠋ᠠᠭᠠᠨ᠄ 《ᠠᠭᠤᠯᠠᠨ ᠲᠡᠭᠡᠷ᠎ᠡ ᠭᠠᠷᠬᠤᠶ᠎ᠡ ᠪᠠᠢᠭᠠᠯᠢ ᠶ᠋ᠢᠨ ᠰᠠᠢᠬᠠᠨ ᠦᠵᠡᠮᠵᠢ ᠨᠢ ᠰᠡᠳᠭᠢᠯ ᠰᠠᠨᠠᠭ᠎ᠠ ᠶ᠋ᠢ ᠪᠠᠶᠠᠰᠭᠠᠵᠦ᠍᠂ ᠠᠭᠤᠯᠠᠨ ᠬᠤᠷᠮᠤᠢ ᠶ᠋ᠢ ᠪᠠᠷᠠᠯᠠᠬᠤᠶ᠎ᠡ ᠠᠷᠠᠳ ᠤ᠋ᠨ ᠠᠮᠢᠳᠤᠷᠠᠯ ᠨᠢ ᠰᠡᠳᠭᠢᠯ ᠵᠢᠷᠤᠭᠡ ᠶ᠋ᠢ ᠱᠢᠮᠱᠢᠷᠡᠬᠦᠯᠤᠨ᠎ᠡ》 ᠭᠡᠵᠦ᠍ ᠵᠢᠷᠤᠭ ᠮᠡᠳᠦ ᠰᠠᠢᠬᠠᠨ ᠦᠵᠡᠮᠵᠢ ᠲᠠᠢ ᠠᠪᠳᠠᠷᠠᠳᠦ ᠶ᠋ᠢᠨ ᠠᠭᠤᠯᠠ ᠶ᠋ᠢ ᠲᠦᠱᠢᠭ᠌ᠰᠡᠨ ᠭᠤᠸᠠᠨ ᠳ᠋ᠦᠩ ᠴᠧ ᠲᠤᠰᠭᠤᠨ ᠤ᠋ ᠠᠷᠠᠳ ᠤ᠋ᠨ ᠶᠠᠳᠠᠭᠤ ᠬᠦᠴᠢᠷᠳᠡᠯᠲᠡᠢ ᠠᠮᠢᠳᠤᠷᠠᠯ ᠢ᠋ ᠦᠵᠡᠭᠡᠳ ᠰᠡᠭᠦᠷᠡᠰᠦ ᠠᠯᠳᠠᠵᠦ᠍ ᠪᠠᠢᠵᠠᠢ᠃

ᠲᠤᠬᠠᠢ ᠶ᠋ᠢᠨ ᠦᠶ᠎ᠡ ᠶ᠋ᠢᠨ ᠭᠤᠸᠠᠨ ᠳ᠋ᠦᠩ ᠴᠧ ᠲᠣᠰᠭᠤᠨ ᠨᠢ ᠨᠠᠮ ᠤ᠋ᠨ ᠵᠤᠬᠢᠶᠠᠨ ᠪᠠᠢᠭᠤᠯᠤᠯᠳᠠ ᠪᠠᠭᠤᠷᠠᠢ᠂ ᠬᠠᠮᠢᠶᠠᠷᠤᠯᠳᠠ ᠰᠤᠯᠠ ᠵᠠᠳᠠᠭᠠᠢ ᠵᠡᠷᠭᠡ ᠤᠯᠠᠨ ᠵᠦᠢᠯ ᠤ᠋ᠨ ᠱᠢᠯᠳᠠᠭᠠᠨ ᠡᠴᠡ ᠪᠤᠯᠵᠦ᠍ ᠲᠤᠰᠬᠤᠨ ᠤ᠋ ᠬᠠᠮᠲᠤ ᠶ᠋ᠢᠨ ᠥᠷᠢ ᠱᠢᠷᠢ ᠨᠢ 69 ᠲᠦᠮᠡᠨ ᠲᠥᠭᠦᠷᠢᠭ ᠲᠤ᠌ ᠬᠦᠷᠴᠦ᠍᠂ ᠨᠢᠭᠡᠨ ᠦᠶ᠎ᠡ ᠲᠣᠰᠭᠤᠨ ᠤ᠋ ᠺᠠᠳ᠋ᠷ ᠠᠵᠢᠯᠳᠠᠨ ᠬᠡᠪ ᠤ᠋ᠨ ᠶᠣᠰᠣᠭᠠᠷ ᠠᠵᠢᠯᠯᠠᠬᠤ ᠳ᠋ᠤ ᠪᠡᠷᠬᠡ᠂ ᠲᠣᠰᠭᠤᠨ ᠤ᠋ ᠠᠵᠢᠯ ᠵᠣᠭ᠍ᠰᠣᠩᠭᠢᠷᠠᠬᠤ ᠪᠠᠢᠳᠠᠯ ᠳ᠋ᠤ ᠤᠷᠤᠪᠠ᠃


4888701b-52ba-4203-8d6e-55076ef2b661.png


ᠲᠠᠬᠡᠬᠦ ᠳ᠋ᠤ ᠨᠢᠭᠡᠨ ᠤᠳᠤᠷᠢᠳᠤᠯᠭ᠎ᠠ ᠶᠠᠭ ᠭᠡᠷᠡᠯᠳᠤ ᠴᠠᠮᠬᠠᠭ ᠮᠡᠳᠤ ᠪᠠᠷ ᠲᠤᠰᠭᠤᠨ ᠤ᠋ ᠠᠷᠠᠳ ᠢ᠋ ᠪᠠᠶᠠᠵᠢᠯ ᠤ᠋ᠨ ᠵᠠᠮ ᠶ᠋ᠢᠡᠷ ᠬᠦᠳᠤᠯᠵᠦ᠍᠂ ᠤᠶᠤᠨ ᠤᠬᠠᠭᠠᠨ ᠪᠤᠯᠤᠨ ᠬᠠᠷᠢᠭᠤᠴᠠᠯᠭ᠎ᠠ ᠡᠭᠦᠷᠭᠡᠯᠡᠯ ᠶ᠋ᠢᠡᠷ ᠶ᠋ᠢᠡᠨ ᠤᠯᠠᠨ ᠢ᠋ ᠲᠠᠭᠠᠭᠤᠯᠤᠨ ᠬᠦᠭ᠌ᠵᠢᠯᠳᠠ ᠶ᠋ᠢᠨ ᠵᠠᠮ ᠶ᠋ᠢᠡᠷ ᠤᠷᠤᠭ᠍ᠰᠢᠯᠡᠵᠠᠢ᠃ 2015 ᠣᠨ ᠳ᠋ᠤ ᠲᠤᠤ ᠭᠦᠸᠧ ᠬᠤᠸᠠ ᠭᠤᠸᠠᠨ ᠳ᠋ᠦᠩ ᠴᠧ ᠲᠤᠰᠭᠤᠨ ᠤ᠋ ᠨᠠᠮ ᠤ᠋ᠨ ᠶᠡᠷᠦᠩᠬᠡᠶ ᠡᠭᠦᠷ ᠤ᠋ᠨ ᠱᠦᠵᠢ ᠶ᠋ᠢᠨ ᠲᠤᠱᠢᠶᠠᠯ ᠢ᠋ ᠡᠭᠦᠷᠭᠡᠯᠡᠵᠦ᠍᠂ ᠲᠤᠰᠭᠤᠨ ᠤ᠋ ᠪᠠᠢᠳᠠᠯ ᠢ᠋ ᠡᠷᠬᠢᠯᠳᠡ ᠲᠠᠢ ᠪᠤᠯᠭᠠᠯ᠎ᠠ᠃

ᠲᠤᠤ ᠭᠦᠸᠧ ᠬᠤᠸᠠ ᠪᠠᠷ ᠭᠤᠤᠯ ᠪᠤᠯᠭᠠᠭ᠍ᠰᠠᠨ ᠱᠢᠨ᠎ᠡ ᠨᠢᠭᠡᠨ ᠬᠤᠭᠤᠴᠠᠭᠠᠨ ᠤ᠋ ᠲᠤᠰᠭᠤᠨ ᠤ᠋ 《ᠬᠤᠶᠠᠷ ᠵᠦᠪᠯᠡᠯ》 ᠤ᠋ᠨ ᠤᠳᠤᠷᠢᠳᠬᠤ ᠪᠠᠭ ᠨᠢ ᠳᠡᠭᠡᠷ᠎ᠠ ᠱᠠᠳᠤᠨ ᠤ᠋ ᠵᠠᠷᠯᠢᠭ ᠵᠢᠭᠠᠪᠤᠷᠢ ᠶ᠋ᠢ ᠵᠤᠷᠢᠭ᠍ᠳᠠᠢ ᠪᠠᠷ ᠬᠦᠯᠢᠶᠡᠨ ᠬᠠᠷᠢᠭᠤᠴᠠᠯᠭ᠎ᠠ ᠡᠭᠦᠷᠭᠡᠯᠡᠵᠦ᠍᠂ 《ᠠᠷᠠᠳ ᠢ᠋ ᠪᠠᠶᠠᠵᠢᠭᠤᠯᠬᠤ ᠨᠠᠮ ᠤ᠋ᠨ ᠪᠠᠢᠭᠤᠯᠤᠯᠲᠠ》 ᠶ᠋ᠢ ᠴᠤᠭ᠍ᠴᠠᠯᠠᠬᠤ ᠪᠠᠷ ᠬᠠᠷᠠᠯᠲᠠ ᠪᠣᠯᠭᠠᠨ 《ᠨᠠᠮ ᠤ᠋ᠨ ᠪᠠᠢᠭᠤᠯᠤᠯᠲᠠ + ᠠᠵᠤ ᠦᠢᠯᠡᠰ》 ᠤ᠋ᠨ ᠬᠥᠭ᠌ᠵᠢᠯᠲᠡ ᠶ᠋ᠢᠨ ᠵᠠᠮ ᠢ᠋ ᠬᠠᠢᠨ ᠰᠦᠪᠡᠭ᠌ᠴᠢᠯᠡᠵᠦ᠍᠂ ᠬᠠᠶᠠᠭ᠍ᠳᠠᠮᠠᠯ ᠡᠳ᠋ ᠢ᠋ ᠡᠷᠳᠡᠨᠢ ᠪᠤᠯᠭᠠᠬᠤ᠂ ᠬᠤᠪᠠᠭ᠍ᠠᠢ ᠠᠭᠤᠯᠠ ᠪᠤᠯᠤᠨ ᠰᠤᠯᠠ ᠬᠠᠶᠠᠭ᠍ᠳᠠᠭ᠍ᠰᠠᠨ ᠭᠡᠷ ᠪᠠᠢᠱᠢᠩ ᠢ᠋ ᠲᠠᠬᠢᠨ ᠠᠱᠢᠭ᠍ᠯᠠᠬᠤ᠂ ᠲᠡᠵᠢᠭᠡᠨ ᠦᠷᠡᠵᠢᠭᠦᠯᠬᠦ᠌ ᠦᠢᠯᠡᠰ ᠢ᠋ ᠬᠦᠭ᠌ᠵᠢᠭᠦᠯᠬᠦ᠂ ᠲᠤᠰᠬᠠᠢ ᠬᠤᠷᠰᠢᠶ᠎ᠠ ᠪᠠᠢᠭᠤᠯᠬᠤ ᠵᠡᠷᠭᠡ ᠪᠦᠳᠤᠮᠵᠢᠳᠠᠢ ᠠᠷᠭ᠎ᠠ ᠪᠠᠷ ᠳᠤᠰᠭᠤᠨ ᠤ᠋ ᠬᠠᠮᠳᠤ ᠶ᠋ᠢᠨ ᠠᠵᠦ᠍ ᠠᠬᠤᠢ ᠶ᠋ᠢᠨ ᠤᠷᠤᠯᠭ᠎ᠠ ᠶ᠋ᠢ ᠨᠡᠮᠡᠭ᠌ᠳᠡᠭᠦᠯᠤᠨ ᠦᠷᠢ ᠱᠢᠷᠢ ᠪᠠᠨ ᠠᠭᠠᠵᠢᠮ ᠶ᠋ᠢᠡᠷ ᠲᠦᠯᠤᠵᠦ᠍ ᠲᠠᠭᠤᠰᠭᠠᠪᠠ᠃ ᠳᠤᠰᠭᠤᠨ ᠤ᠋ ᠪᠦᠳᠤᠭᠡᠨ ᠪᠠᠢᠭᠤᠯᠤᠯᠳᠠ ᠶ᠋ᠢ ᠲᠡᠮᠵᠢᠬᠦ᠌ ᠶ᠋ᠢᠨ ᠲᠦᠯᠤᠭᠡ ᠲᠤᠤ ᠬᠦᠸᠧ ᠬᠤᠸᠠ ᠬᠤᠪᠢ ᠶ᠋ᠢᠨ ᠮᠥᠩᠭᠦ᠌ ᠡᠴᠡ ᠪᠡᠨ ᠤᠷᠢᠳ ᠬᠤᠵᠢᠳ ᠨᠡᠢᠲᠡ 33.7 ᠲᠦᠮᠡᠨ ᠲᠥᠭᠦᠷᠢᠭ ᠭᠠᠷᠭᠠᠵᠦ᠍᠂ ᠲᠣᠰᠭᠤᠨ ᠤ᠋ ᠬᠠᠮᠲᠤ ᠶ᠋ᠢᠨ ᠲᠥᠷᠥᠯ ᠵᠦᠢᠯ ᠤ᠋ᠨ ᠪᠥᠲᠥᠭᠡᠨ ᠪᠠᠢᠭᠤᠯᠤᠯᠲᠠ᠂ ᠭᠠᠵᠠᠷ ᠱᠢᠷᠣᠶ ᠶ᠋ᠢᠨ ᠡᠷᠭᠢᠯᠲᠡ ᠪᠠ ᠠᠵᠤ ᠦᠢᠯᠡᠰ ᠤ᠋ᠨ ᠲᠠᠰ ᠳᠠᠪᠱᠢᠯᠲᠠ ᠳ᠋ᠤ ᠬᠡᠷᠡᠭ᠌ᠯᠡᠭᠰᠡᠨ ᠪᠢᠯᠡ᠃

ᠠᠷᠢᠭᠤᠨ ᠴᠢᠭᠡᠴᠢ ᠲᠦᠪ ᠭᠤᠤᠯᠴᠢ ᠦᠢᠯᠡᠳᠦᠯᠭᠡ ᠨᠢ ᠠᠷᠠᠳ ᠤᠯᠠᠨ ᠤ᠋ ᠰᠡᠳᠭᠢᠯ ᠢ᠋ ᠨᠢᠬ᠍ᠳᠡᠷᠡᠭᠤᠯᠤᠨ᠎ᠡ᠃ ᠲᠤᠤ ᠭᠦᠸᠧ ᠬᠤᠸᠠ ᠶ᠋ᠢᠨ ᠭᠤᠷᠪᠠᠳᠤᠭᠠᠷ ᠠᠪᠠᠭ᠎ᠠ ᠨᠢ ᠡᠪᠡᠳᠴᠢᠨ ᠡᠴᠡ ᠪᠣᠯᠵᠤ ᠶᠠᠳᠠᠭᠤᠷᠠᠭ᠍ᠰᠠᠨ ᠪᠣᠯᠪᠠᠴᠤ᠌ ᠶᠠᠳᠠᠭᠤ ᠬᠦᠴᠢᠷᠳᠡᠯᠲᠡᠶ ᠡᠷᠦᠬᠡ ᠶ᠋ᠢᠨ ᠪᠠᠷᠢᠮᠵᠢᠶ᠎ᠠ ᠳ᠋ᠤ ᠨᠡᠢᠴᠡᠬᠦ᠌ ᠥᠬᠡᠶ ᠪᠤᠯᠬᠤᠷ ᠭᠤᠷᠪᠠᠳᠤᠭᠠᠷ ᠠᠪᠠᠭ᠎ᠠ ᠡᠵᠢ ᠨᠢ ᠲᠡᠭᠦᠨ ᠢ᠋ ᠶᠠᠭᠠᠬᠢᠵᠤ ᠭᠤᠶᠤᠭ᠍ᠰᠠᠨ ᠴᠤ᠌ ᠲᠡᠷᠡ ᠪᠦᠷ ᠵᠦᠪᠱᠢᠶᠡᠷᠡᠭ᠌ᠰᠡᠨ ᠦᠭᠡᠢ᠄ 《ᠲᠠ ᠬᠤᠶᠠᠷ ᠤ᠋ᠨ ᠠᠮᠢᠳᠤᠷᠠᠯ ᠢ᠋ ᠪᠢ ᠬᠠᠮᠢᠶᠠᠷᠤᠶ᠎ᠡ᠂ ᠲᠥᠷᠥ ᠶ᠋ᠢᠨ ᠪᠣᠳᠣᠯᠭ᠎ᠠ ᠶ᠋ᠢᠨ ᠬᠤᠷᠢᠭ᠎ᠠ ᠱᠤᠭᠤᠮ ᠢ᠋ ᠶᠠᠭᠠᠬᠢᠭ᠍ᠰᠠᠨ ᠴᠦ᠍ ᠡᠪᠳᠡᠵᠦ᠍ ᠪᠣᠯᠬᠤ ᠥᠬᠡᠶ》 ᠭᠡᠵᠦ ᠲᠦᠪ ᠭᠤᠣᠯᠴᠢ ᠶ᠋ᠢ ᠪᠠᠷᠢᠮᠳᠠᠯᠠᠭ᠍ᠰᠠᠨ ᠬᠢᠳᠡᠯ ᠨᠢ ᠲᠡᠭᠦᠨ ᠢ᠋ ᠲᠤᠰᠭᠤᠨ ᠤ᠋ ᠠᠷᠠᠳ ᠤ᠋ᠨ ᠳᠤᠮᠳᠠ ᠨᠡᠩ ᠶᠡᠭᠡ ᠢᠲᠡᠭᠡᠯ ᠬᠦᠨᠳᠦ᠍ ᠲᠠᠢ ᠪᠤᠯᠭᠠᠭ᠍ᠰᠠᠨ ᠶᠤᠮ᠃

ᠵᠢᠭᠤᠯᠴᠢᠯᠠᠯ ᠤ᠋ᠨ ᠦᠢᠯᠡᠰ ᠪᠠᠶᠠᠵᠢᠯ ᠤ᠋ᠨ ᠱᠢᠨ᠎ᠡ ᠬᠥᠳᠡᠯᠭᠡᠭᠦᠷ ᠪᠤᠯᠪᠠ

ᠬᠡᠱᠢᠭ᠌ᠲᠡᠨ ᠤ᠋ ᠳᠡᠯᠡᠬᠡᠶ ᠶ᠋ᠢᠨ ᠭᠠᠵᠠᠷ ᠱᠢᠨᠵᠢᠯᠡᠭᠡᠨ ᠤ᠋ ᠴᠡᠴᠡᠷᠯᠢᠭ ᠤ᠋ᠨ ᠠᠪᠳᠠᠷᠠᠳᠦ ᠶ᠋ᠢᠨ ᠠᠭᠤᠯᠠᠨ ᠤ᠋ ᠦᠵᠡᠮᠵᠢ ᠶ᠋ᠢᠨ ᠣᠷᠣᠨ ᠢ᠋ ᠲᠦᠱᠢᠭ᠌ᠰᠡᠨ ᠪᠠᠢᠭᠠᠯᠢ ᠶ᠋ᠢᠨ ᠳᠠᠪᠠᠭᠤᠯᠢᠭ ᠶ᠋ᠢᠡᠨ ᠪᠠᠳᠠᠷᠠᠭᠤᠯᠵᠦ᠍᠂ ᠭᠤᠸᠠᠨ ᠳ᠋ᠦᠩ ᠴᠧ ᠲᠤᠰᠭᠤᠨ ᠤ᠋ 《ᠬᠤᠶᠠᠷ ᠵᠦᠪᠯᠡᠯ》 ᠤ᠋ᠨ ᠤᠳᠤᠷᠢᠳᠬᠤ ᠪᠠᠭ ᠨᠢ ᠲᠤᠰᠭᠤᠨ ᠤ᠋ ᠠᠷᠠᠳ ᠢ᠋ ᠳᠠᠭᠠᠭᠤᠯᠤᠨ 《ᠵᠢᠭᠤᠯᠴᠢᠯᠠᠯ ᠤ᠋ᠨ ᠬᠦᠴᠦᠷᠬᠡᠭ ᠲᠣᠰᠭᠤᠨ》 ᠢ᠋ ᠪᠦᠳᠦᠬᠡᠨ ᠪᠠᠢᠭᠤᠯᠬᠤ ᠪᠠᠢᠯᠳᠤᠬᠤ ᠪᠣᠳᠣᠯᠭ᠎ᠠ ᠶ᠋ᠢ ᠬᠡᠷᠡᠭ᠌ᠵᠢᠭᠦᠯᠵᠤ᠂ 《ᠨᠠᠮ ᠤ᠋ᠨ ᠡᠭᠦᠷ + ᠦᠵᠡᠮᠵᠢ ᠶ᠋ᠢᠨ ᠣᠷᠣᠨ + ᠠᠵᠤ ᠦᠢᠯᠡᠰ》 ᠤ᠋ᠨ ᠵᠠᠭ᠍ᠪᠤᠷ ᠢ᠋ ᠪᠣᠶ ᠪᠣᠯᠭᠠᠨ᠂ 《ᠵᠢᠭᠤᠯᠴᠢᠯᠠᠯ ᠤ᠋ᠨ ᠲᠥᠯᠥᠭᠡ ᠳᠠᠷᠢᠵᠤ ᠲᠡᠵᠢᠭᠡᠬᠦ᠌》 ᠪᠠᠢᠷᠢ ᠲᠣᠭ᠍ᠲᠠᠭᠠᠯᠲᠠ ᠪᠠᠷ 《ᠵᠤᠭ᠎ᠠ ᠰᠡᠯᠡᠬᠦᠴᠡᠯ ᠤ᠋ᠨ ᠲᠠᠷᠢᠶᠠᠯᠠᠩ + ᠬᠤᠪᠢᠰᠭᠠᠯᠳᠤ ᠵᠢᠭᠤᠯᠴᠢᠯᠠᠯ + ᠡᠯᠧᠺᠲᠷᠣᠨ ᠬᠤᠳᠠᠯᠳᠤᠭ᠎ᠠ ᠪᠠᠷ ᠬᠦᠴᠦᠨ ᠤᠯᠭᠤᠬᠤ》 ᠠᠵᠤ ᠦᠢᠯᠡᠰ ᠤ᠋ᠨ ᠬᠡᠯᠬᠢᠶ᠎ᠡ ᠶ᠋ᠢ ᠪᠣᠶ ᠪᠣᠯᠭᠠᠪᠠ᠃ ᠡᠬᠦᠨ ᠤ᠋ ᠬᠠᠮᠳᠤ ᠬᠤᠩ ᠸᠧᠢ ᠰᠣᠶᠣᠯ ᠵᠢᠭᠤᠯᠴᠢᠯᠠᠯ ᠤ᠋ᠨ ᠺᠣᠮᠫᠠᠨᠢ ᠶ᠋ᠢ ᠪᠠᠢᠭᠤᠯᠵᠤ᠂ ᠲᠣᠰᠭᠤᠨ ᠤ᠋ ᠠᠷᠠᠳ ᠢ᠋ ᠲᠠᠢᠴᠢᠯᠠᠨ ᠦᠵᠡᠮᠵᠢ ᠶ᠋ᠢᠨ ᠣᠷᠣᠨ ᠤ᠋ ᠪᠥᠲᠥᠭᠡᠨ ᠪᠠᠢᠭᠤᠯᠤᠯᠲᠠ ᠳ᠋ᠤ ᠢᠳᠡᠪᠬᠢᠳᠠᠢ ᠤᠷᠤᠯᠴᠠᠭᠤᠯᠵᠦ᠍᠂ ᠤᠢᠷ᠎ᠠ ᠶ᠋ᠢᠨ ᠭᠤᠷᠪᠡᠨ ᠵᠢᠯ ᠤ᠋ᠨ ᠬᠥᠳᠡᠯᠮᠦᠷᠢ ᠦᠢᠯᠡᠴᠢᠯᠡᠭᠡᠨ ᠤ᠋ ᠤᠷᠤᠯᠭ᠎ᠠ ᠨᠢ ᠲᠡᠭ᠌ᠰᠢᠳᠭᠡᠭᠡᠳ 200 ᠲᠦᠮᠡᠨ ᠲᠥᠭᠦᠷᠢᠭ ᠢ᠋ ᠲᠠᠪᠠᠭ᠍ᠰᠠᠨ ᠪᠠᠢᠨ᠎ᠠ᠃ ᠳᠡᠳᠡ ᠪᠠᠰᠠ 《ᠤᠭ ᠰᠠᠨᠠᠭ᠎ᠠ ᠠᠭᠤᠳᠠᠮ ᠲᠠᠯᠠᠪᠠᠢ》 ᠳ᠋ᠠᠭᠠᠨ ᠲᠦᠱᠢᠭ᠌ᠯᠡᠨ ᠬᠤᠪᠢᠰᠭᠠᠯ ᠤ᠋ᠨ ᠰᠤᠳᠤᠯᠤᠨ ᠰᠤᠷᠤᠯᠴᠠᠬᠤ ᠰᠠᠭᠤᠷᠢᠨ ᠢ᠋ ᠪᠠᠢᠭᠤᠯᠵᠤ᠂ ᠵᠢᠯ ᠳ᠋ᠡᠭᠡᠨ ᠲᠦᠮᠨ ᠭᠠᠷᠤᠢ ᠬᠥᠮᠦᠨ ᠢ᠋ ᠬᠦᠯᠢᠶᠡᠨ ᠠᠪᠬᠤ ᠶ᠋ᠢᠨ ᠬᠠᠮᠳᠤ ᠬᠦᠳᠡᠭᠡ ᠠᠢᠯ ᠤ᠋ᠨ ᠵᠢᠭᠤᠯᠴᠢᠯᠠᠯ᠂ ᠠᠷᠠᠳ ᠡᠴᠡ ᠡᠷᠬᠢᠯᠡᠭ᠌ᠰᠡᠨ ᠬᠤᠨᠤᠭ ᠪᠠᠭᠤᠴᠠ᠂ ᠭᠤᠸᠠ ᠵᠢᠮᠢᠰ ᠲᠡᠭᠦᠬᠦ᠂ ᠴᠡᠴᠡᠭ ᠤ᠋ᠨ ᠬᠦᠷᠢᠶᠡᠯᠡᠭ ᠶ᠋ᠢᠡᠷ ᠲᠤᠭᠤᠷᠢᠬᠤ᠂ ᠬᠦᠳᠡᠭᠡ ᠨᠤᠳᠤᠭ ᠤ᠋ᠨ ᠣᠨᠴᠠ ᠭᠠᠷᠤᠯᠲᠠ ᠶ᠋ᠢᠨ ᠡᠯᠧᠺᠲᠷᠣᠨ ᠬᠤᠳᠠᠯᠳᠤᠭ᠎ᠠ ᠵᠡᠷᠭᠡ ᠤᠨᠴᠠᠯᠢᠭᠳᠤ ᠵᠢᠭᠤᠯᠴᠢᠯᠠᠯ ᠤ᠋ᠨ ᠦᠢᠯᠡᠴᠢᠯᠡᠭᠡ ᠬᠠᠩᠭᠠᠭ᠍ᠰᠠᠨ ᠡᠴᠡ ᠵᠢᠭᠤᠯᠴᠢᠯᠠᠭ᠍ᠰᠠᠳ ᠵᠢᠯ ᠡᠴᠡ ᠵᠢᠯ ᠨᠡᠮᠡᠭ᠌ᠳᠡᠪᠠ᠃

ᠤᠳᠤ ᠲᠤᠰ ᠲᠤᠰᠭᠤᠨ ᠤ᠋ 46 ᠡᠷᠦᠬᠡ ᠨᠢ ᠵᠢᠭᠤᠯᠴᠢᠯᠠᠯ ᠤ᠋ᠨ ᠵᠣᠴᠢᠯᠠᠭ᠎ᠠ ᠬᠢᠵᠦ᠍᠂ 13 ᠡᠷᠦᠬᠡ ᠵᠢᠨ ᠬᠡᠪᠴᠢᠶᠡᠵᠢᠭ᠌ᠰᠡᠨ 《ᠬᠦᠳᠡᠭᠡ ᠠᠢᠯ ᠤ᠋ᠨ ᠵᠢᠭᠤᠯᠴᠢᠯᠠᠯ》 ᠨᠢ ᠵᠢᠯ ᠪᠦᠷᠢ ᠳᠤᠮᠳᠠᠴᠢ ᠪᠠᠷ 2 ᠲᠦᠮᠡᠨ ᠵᠢᠭᠤᠯᠴᠢᠯᠠᠭ᠍ᠴᠢ ᠵᠢ ᠬᠦᠯᠢᠶᠡᠨ ᠠᠪᠴᠦ᠍᠂ ᠡᠷᠤᠭᠡ ᠪᠦᠷᠢ ᠶ᠋ᠢᠨ ᠵᠢᠯ ᠤ᠋ᠨ ᠵᠢᠭᠤᠯᠴᠢᠯᠠᠯ ᠤ᠋ᠨ ᠣᠷᠣᠯᠭ᠎ᠠ ᠨᠢ 10 ᠲᠦᠮᠡᠨ ᠲᠥᠭᠦᠷᠢᠭ ᠢ᠋ ᠳᠠᠪᠠᠵᠦ᠍᠂ 《ᠥᠩᠭᠡ ᠦᠵᠡᠮᠵᠢ》 ᠶ᠋ᠢ 《ᠤᠷᠤᠯᠭ᠎ᠠ ᠡᠭᠦᠳᠬᠦ᠌》 ᠵᠠᠮ ᠪᠣᠯᠭᠠᠨ ᠬᠤᠪᠢᠷᠠᠭᠤᠯᠪᠠ᠃

ᠲᠤᠰ ᠲᠤᠰᠭᠤᠨ ᠭᠠᠵᠠᠷ ᠱᠢᠷᠣᠶ ᠶ᠋ᠢᠨ ᠡᠬᠢ ᠪᠠᠶᠠᠯᠢᠭ ᠢ᠋ ᠠᠮᠢᠯᠠᠭᠤᠯᠵᠤ᠂ ᠹᠧᠩ ᠯᠢᠨ ᠲᠠᠷᠢᠶᠠᠯᠠᠩ ᠮᠠᠯ ᠠᠵᠤ ᠠᠬᠤᠶ ᠶ᠋ᠢᠨ ᠲᠤᠰᠭᠠᠶ ᠬᠤᠷᠱᠢᠶ᠎ᠠ ᠶ᠋ᠢ ᠪᠠᠢᠭᠤᠯᠤᠨ᠂ ᠪᠦᠬᠦ᠌ ᠲᠤᠰᠭᠤᠨ ᠤ᠋ 1600 ᠮᠥ᠍ ᠲᠠᠷᠠᠬᠠᠶ ᠪᠤᠳᠠᠷᠬᠠᠢ ᠠᠳᠠᠷᠱᠢᠭ᠍ᠰᠠᠨ ᠲᠠᠷᠢᠶᠠᠨ ᠭᠠᠵᠠᠷ ᠢ᠋ ᠲᠥᠪᠯᠡᠷᠡᠭᠦᠯᠦᠨ ᠡᠵᠡᠩᠨᠡᠵᠦ᠍᠂ ᠠᠵᠤ ᠠᠬᠤᠢᠯᠠᠯ ᠪᠠ ᠴᠢᠳᠠᠪᠤᠷᠢᠳᠠᠨ ᠢ᠋ ᠣᠷᠣᠭᠤᠯᠤᠨ ᠠᠪᠴᠢᠷᠠᠵᠦ᠍ ᠴᠡᠴᠡᠭ ᠤ᠋ᠨ ᠬᠦᠷᠢᠶᠡᠯᠡᠩ᠂ ᠵᠢᠮᠢᠰ ᠤ᠋ᠨ ᠬᠦᠯᠡᠮᠵᠢ ᠪᠠᠢᠭᠤᠯᠵᠤ᠂ 《ᠲᠦᠷᠢᠶᠡᠰᠦᠨ ᠮᠥᠩᠭᠦ᠌ ᠬᠤᠷᠢᠶᠠᠬᠤ + ᠴᠠᠯᠢᠩ ᠮᠥᠩᠭᠦ᠌ ᠤᠯᠬᠤ + ᠬᠤᠪᠢᠴᠠᠭᠠᠨ ᠤ᠋ ᠮᠥᠩᠭᠦ᠌ ᠬᠤᠪᠢᠶᠠᠬᠤ》 ᠬᠡᠯᠪᠡᠷᠢ ᠪᠠᠷ ᠲᠤᠰᠭᠤᠨ ᠤ᠋ ᠠᠷᠠᠳ ᠤ᠋ᠨ ᠣᠷᠣᠯᠭ᠎ᠠ ᠶ᠋ᠢ ᠨᠡᠮᠡᠭ᠌ᠳᠡᠭᠦᠯᠪᠠ᠃ 《ᠠᠲᠠᠷᠱᠢᠵᠦ᠍ ᠬᠠᠶᠠᠭ᠍ᠳᠠᠭ᠍ᠰᠠᠨ 30 ᠮᠥ᠍ ᠲᠠᠷᠢᠶᠠᠨ ᠭᠠᠵᠠᠷ ᠶ᠋ᠢᠡᠨ ᠮᠦ᠍ ᠪᠦᠷᠢ ᠵᠢ 300 ᠲᠦᠭᠦᠷᠢᠭ ᠶ᠋ᠢᠡᠷ ᠲᠤᠰᠬᠠᠢ ᠬᠤᠷᠰᠢᠶ᠎ᠠ ᠳ᠋ᠤ ᠲᠦᠷᠢᠶᠡᠰᠤᠯᠡᠨ ᠦᠭ᠌ᠴᠦ᠂ ᠪᠢ ᠦᠪᠡᠷ ᠶ᠋ᠢᠡᠨ ᠤᠢᠷ᠎ᠠ ᠬᠠᠪᠢ ᠪᠠᠷ ᠬᠥᠯᠥᠰᠥᠨ ᠠᠵᠢᠯ ᠬᠢᠵᠦ᠍ ᠰᠠᠷ᠎ᠠ ᠳ᠋ᠤ ᠬᠡᠳᠦᠨ ᠮᠢᠩᠭᠠᠨ ᠲᠥᠭᠦᠷᠢᠭ ᠤ᠋ᠨ ᠤᠷᠤᠯᠭ᠎ᠠ ᠤᠯᠵᠦ᠍᠂ ᠡᠷᠤᠭᠡ ᠭᠡᠷ ᠨᠠᠰᠤᠳᠠᠨ ᠨᠢᠯᠬᠠᠰ ᠶ᠋ᠢᠡᠨ ᠰᠠᠢᠬᠠᠨ ᠬᠠᠷᠠᠭᠠᠯᠵᠠᠵᠤ ᠲᠡᠢᠯᠬᠦ᠌ ᠪᠤᠯᠵᠠᠢ》 ᠭᠡᠵᠦ᠍ ᠲᠣᠰᠭᠤᠨ ᠤ᠋ ᠠᠷᠠᠳ ᠯᠢᠦᠢ ᠴᠢᠩ ᠯᠢᠨ ᠰᠡᠳᠭᠢᠯ ᠬᠠᠨᠤᠮᠵᠢᠳᠠᠢ ᠲᠠᠨᠢᠯᠴᠠᠭᠤᠯᠤᠨ᠎ᠡ᠃

ᠲᠤᠭ᠎ᠠ ᠪᠠᠷᠢᠮᠲᠠ ᠬᠤᠪᠢᠷᠠᠯᠲᠠ ᠶ᠋ᠢ ᠭᠡᠷᠡᠴᠢᠯᠡᠨ᠎ᠡ᠄ ᠲᠣᠰᠭᠤᠨ ᠤ᠋ ᠬᠠᠮᠲᠤ ᠨᠢ 69 ᠲᠦᠮᠡᠨ ᠲᠥᠭᠦᠷᠢᠭ ᠤ᠋ᠨ ᠦᠷᠢ ᠲᠠᠢ ᠪᠠᠢᠭ᠍ᠰᠠᠨ ᠡᠴᠠ ᠪᠠᠨ 2019 ᠤᠨ ᠡᠴᠡ ᠡᠬᠢᠯᠡᠵᠦ᠍ ᠵᠢᠯ ᠳᠠᠷᠠᠭᠠᠯᠠᠨ 10 ᠲᠦᠮᠡ ᠭᠠᠷᠤᠢ ᠲᠥᠭᠦᠷᠢᠭ ᠤ᠋ᠨ ᠤᠷᠤᠯᠭ᠎ᠠ ᠲᠠᠢ ᠪᠤᠯᠵᠦ᠍᠂ ᠤᠨᠴᠠᠭᠠᠢᠯᠠᠨ 2023 ᠤᠨ᠂ 2024 ᠤᠨ᠂ 2025 ᠤᠨ ᠳ᠋ᠤ ᠭᠤᠷᠪᠠᠨ ᠵᠢᠯ ᠳᠠᠷᠠᠭᠠᠯᠠᠨ 50 ᠲᠦᠮᠡ ᠭᠠᠷᠤᠢ ᠲᠥᠭᠦᠷᠢᠭ ᠤ᠋ᠨ ᠤᠷᠤᠯᠭ᠎ᠠ ᠲᠠᠢ ᠪᠤᠯᠵᠤ᠂ ᠲᠤᠰᠬᠤᠨ ᠤ᠋ ᠠᠷᠠᠳ ᠤ᠋ᠨ ᠬᠥᠮᠦᠨ ᠳᠤᠮᠳᠠᠴᠢ ᠶ᠋ᠢᠨ ᠣᠷᠣᠯᠭ᠎ᠠ ᠨᠢ ᠲᠦᠮᠡᠨ ᠲᠥᠭᠦᠷᠢᠭ ᠬᠦᠷᠬᠦ᠌ ᠦᠭᠡᠢ ᠪᠠᠢᠭ᠍ᠰᠠᠨ ᠡᠴᠡ ᠪᠠᠨ 2024 ᠤᠨ ᠳ᠋ᠤ 2.35 ᠲᠦᠮᠡᠨ ᠲᠥᠭᠦᠷᠢᠭ᠂ 2025 ᠤᠨ ᠳ᠋ᠤ 2.45 ᠲᠦᠮᠡᠨ ᠲᠥᠭᠦᠷᠢᠭ ᠪᠤᠯᠵᠦ᠍ ᠨᠡᠮᠡᠭ᠌ᠳᠡᠭ᠌ᠰᠡᠨ ᠪᠠᠢᠨ᠎ᠠ᠃

《ᠲᠠᠪᠤ᠎ᠶ᠋ᠢ ᠨᠢᠭᠡ ᠴᠣᠭ᠍ᠴᠠᠵᠢᠭᠤᠯᠤᠭᠰᠠᠨ》 ᠠᠷᠠᠳᠴᠢᠯᠠᠯ ᠢ᠋ ᠠᠬᠢᠭᠤᠯᠪᠠ

ᠠᠵᠤ ᠦᠢᠯᠡᠰ ᠤ᠋ᠨ ᠬᠥᠭ᠌ᠵᠢᠯᠲᠡ ᠶ᠋ᠢᠨ ᠠᠷᠤ ᠳ᠋ᠡᠬᠢ 《ᠵᠠᠰᠠᠯᠳᠠ ᠶ᠋ᠢᠨ ᠱᠢᠨ᠎ᠡ ᠶ᠋ᠢ ᠡᠭᠦᠳᠦᠭ᠌ᠰᠡᠨ》 ᠶᠠᠪᠤᠳᠠᠯ ᠪᠤᠯ ᠭᠤᠸᠠᠨ ᠳ᠋ᠦᠩ ᠴᠧ ᠲᠤᠰᠭᠤᠨ ᠤ᠋ ᠬᠤᠪᠢᠷᠠᠯᠳᠠ ᠶ᠋ᠢᠨ 《ᠨᠢᠭᠤᠴᠠ ᠬᠦᠴᠦᠨ》 ᠪᠣᠯᠤᠨ᠎ᠠ᠃ ᠲᠣᠰᠭᠤᠨ ᠤ᠋ 《ᠬᠤᠶᠠᠷ ᠵᠥᠪᠯᠡᠯ》 ᠨᠢ ᠨᠠᠮ ᠤ᠋ᠨ ᠵᠣᠬᠢᠶᠠᠨ ᠪᠠᠢᠭᠤᠯᠤᠯᠲᠠ ᠶ᠋ᠢᠨ ᠤᠳᠤᠷᠢᠳᠤᠯᠭ᠎ᠠ ᠳᠣᠣᠷᠠᠬᠢ 《ᠲᠠᠪᠤ᠎ᠶ᠋ᠢ ᠨᠢᠭᠡ ᠴᠤᠭ᠍ᠴᠠᠵᠢᠭᠤᠯᠬᠤ》 ᠠᠷᠠᠳᠴᠢᠯᠠᠯ ᠶ᠋ᠢᠡᠷ ᠲᠣᠰᠭᠤᠨ ᠢ᠋ ᠵᠠᠰᠠᠬᠤ ᠵᠠᠭ᠍ᠪᠤᠷ ᠪᠠ 《ᠨᠢᠭᠡ ᠭᠡᠷ᠎ᠡ ᠳᠥᠷᠪᠡᠨ ᠬᠤᠷᠠᠯ》 ᠤ᠋ᠨ ᠬᠠᠮᠢᠶᠠᠷᠤᠯᠳᠠ ᠶ᠋ᠢ ᠬᠡᠷᠡᠭ᠌ᠵᠢᠭᠦᠯᠤᠨ᠂ ᠴᠢᠬᠤᠯᠠ ᠶᠡᠭᠡ ᠲᠦᠷᠦᠯ ᠵᠦᠢᠯ ᠳ᠋ᠤ ᠲᠣᠰᠭᠤᠨ ᠤ᠋ ᠠᠷᠠᠳ ᠭᠡᠷ᠎ᠡ ᠲᠣᠭ᠍ᠲᠠᠨ ᠬᠢᠨᠠᠯᠲᠠ ᠲᠠᠯᠪᠢᠵᠤ᠂ ᠴᠢᠬᠤᠯᠠ ᠶᠡᠭᠡ ᠬᠡᠷᠡᠭ ᠶᠠᠪᠤᠳᠠᠯ ᠤ᠋ᠨ ᠱᠢᠢᠳᠪᠦᠷᠢᠯᠡᠬᠦ᠌ ᠡᠷᠬᠡ ᠶ᠋ᠢ ᠦᠨᠡᠨ ᠬᠦ᠌ ᠲᠣᠰᠭᠤᠨ ᠤ᠋ ᠠᠷᠠᠳ ᠲᠤ᠌ ᠲᠤᠱᠢᠶᠠᠭᠰᠠᠨ ᠨᠢ ᠣᠯᠠᠨ ᠲᠦᠮᠡᠨ ᠤ᠋ ᠢᠳᠡᠪᠬᠢᠵᠢᠯ ᠢ᠋ ᠶᠡᠭᠡ ᠪᠡᠷ ᠬᠦᠭ᠌ᠵᠢᠭᠡᠵᠠᠢ᠃

ᠲᠤᠰ ᠲᠤᠰᠬᠤᠨ 《ᠤᠶᠤᠨᠲᠤ ᠭᠤᠸᠠᠨ ᠳ᠋ᠦᠩ ᠴᠧ》 ᠲᠤᠤᠷᠵᠢᠭᠤᠯᠤᠭᠰᠠᠨ ᠬᠠᠮᠢᠶᠠᠷᠤᠯᠲᠠ ᠶ᠋ᠢᠨ ᠱᠢᠰᠲ᠋ᠧᠮ ᠢ᠋ ᠪᠠᠢᠭᠤᠯᠵᠦ᠍᠂ ᠪᠦᠬᠦ᠌ ᠲᠣᠰᠭᠤᠨ ᠢ᠋ ᠭᠤᠷᠪᠠᠨ ᠲᠡᠰ ᠤ᠋ᠨ 9 ᠲᠤᠤᠷᠵᠢᠯ ᠪᠣᠯᠭᠠᠨ ᠬᠤᠪᠢᠶᠠᠵᠤ᠂ 88 ᠬᠢᠨᠠᠯᠳᠠ ᠶ᠋ᠢᠨ ᠲᠤᠷᠠᠨ ᠤᠭᠰᠠᠷᠠᠨ᠂ 《ᠲᠣᠣᠷᠵᠢᠯ ᠡᠴᠡ ᠠᠰᠠᠭᠤᠳᠠᠯ ᠢ᠋ ᠢᠯᠡᠷᠡᠭᠦᠯᠵᠦ᠍ ᠱᠢᠢᠳᠪᠤᠷᠢᠯᠡᠬᠦ᠌》 ᠥᠨᠳᠥᠷ ᠪᠦᠲᠦᠮᠵᠢᠲᠡᠢ ᠵᠠᠰᠠᠯᠲᠠ ᠶ᠋ᠢᠨ ᠲᠣᠭ᠍ᠲᠠᠴᠠ ᠶ᠋ᠢ ᠪᠦᠷᠢᠯᠳᠦᠭᠦᠯᠵᠦ᠍᠂ 《ᠵᠢᠵᠢᠭ ᠶᠠᠪᠤᠳᠠᠯ ᠢ᠋ ᠳᠤᠭᠤᠢᠯᠠᠩ ᠡᠴᠡ ᠭᠠᠷᠭᠠᠬᠤ ᠦᠭᠡᠢ᠂ ᠵᠥᠷᠢᠴᠡᠯ ᠢ᠋ ᠲᠤᠬᠠᠢ ᠶ᠋ᠢᠨ ᠡᠳᠤᠷ ᠲᠤᠨᠢ ᠱᠢᠢᠳᠪᠤᠷᠢᠯᠡᠬᠦ᠌》 ᠶ᠋ᠢ ᠪᠡᠶᠡᠯᠡᠭᠦᠯᠤᠨ᠂ ᠵᠦᠷᠢᠴᠡᠯ ᠮᠠᠷᠭᠤᠯᠳᠤᠭᠠᠨ ᠢ᠋ ᠱᠢᠢᠳᠪᠤᠷᠢᠯᠡᠭ᠌ᠰᠡᠨ ᠨᠤᠷᠮ᠎ᠠ 100% ᠳ᠋ᠤ ᠬᠦᠷᠴᠤ ᠪᠤᠢ᠃

ᠭᠤᠸᠠᠨ ᠳ᠋ᠦᠩ ᠴᠧ ᠲᠤᠰᠬᠤᠨ ᠪᠠᠰᠠ ᠠᠮᠢ ᠠᠬᠤᠶ ᠬᠢᠭᠡᠳ ᠵᠠᠰᠠᠯᠲᠠ ᠶ᠋ᠢ ᠵᠡᠷᠭᠡ ᠪᠡᠷ ᠠᠳᠭᠤᠵᠦ᠍᠂ ᠤᠷᠢᠳ ᠬᠤᠵᠢᠳ ᠨᠡᠢᠳᠡ 2000 ᠭᠠᠷᠤᠢ ᠲᠦᠮᠡᠨ ᠲᠦᠬᠦᠷᠢᠭ ᠵᠠᠷᠤᠴᠠᠭᠤᠯᠤᠨ ᠭᠤᠤᠯ ᠤ᠋ᠨ ᠬᠡᠪᠡᠯᠢ᠂ ᠴᠡᠴᠡᠭ ᠤ᠋ᠨ ᠬᠦᠷᠢᠶᠡᠯᠡᠩ ᠵᠡᠷᠭᠡ ᠶ᠋ᠢ ᠵᠠᠰᠠᠵᠦ᠍᠂ ᠬᠤᠭ ᠨᠤᠪᠰᠢ ᠶ᠋ᠢ ᠲᠦᠷᠦᠯ ᠬᠤᠪᠢᠶᠠᠨ᠂ ᠵᠢᠯ ᠳ᠋ᠤ 11 ᠲᠣᠨ ᠬᠤᠭ ᠨᠣᠪᠰᠢ ᠶ᠋ᠢ ᠠᠷᠢᠯᠭᠠᠨ ᠴᠡᠪᠡᠷᠯᠡᠵᠦ᠍᠂ ᠣᠷᠣᠱᠢᠨ ᠰᠠᠭᠤᠷᠢᠱᠢᠬᠤ ᠣᠷᠴᠢᠨ ᠨᠦᠭᠦᠴᠡᠯ ᠢ᠋ ᠤᠯᠠᠮ ᠶ᠋ᠢᠡᠷ ᠰᠠᠢᠵᠢᠷᠠᠭᠤᠯᠤᠭ᠍ᠰᠠᠨ ᠪᠠᠢᠨ᠎ᠠ᠃

ᠤᠳᠤᠬᠠᠨ ᠳ᠋ᠤ ᠲᠣᠰᠭᠤᠨ ᠤ᠋ ᠠᠷᠠᠳ ᠤ᠋ᠨ ᠬᠤᠷᠱᠢᠭ᠍ᠰᠠᠨ ᠡᠮᠨᠡᠯᠭᠡ ᠶ᠋ᠢᠨ ᠰᠦᠢᠳᠭᠡᠯ ᠢ᠋ ᠴᠦᠮ ᠲᠣᠰᠭᠤᠨ ᠤ᠋ ᠬᠠᠮᠲᠤ ᠨᠡᠢᠳᠡ ᠡᠴᠡ ᠡᠭᠦᠷᠭᠡᠯᠡᠵᠦ᠍᠂ ᠲᠦᠷᠭᠡᠨ ᠬᠦᠷᠭᠡᠯᠲᠡ ᠶ᠋ᠢᠨ ᠡᠳ᠋ ᠪᠤᠳᠠᠰ ᠢ᠋ ᠭᠡᠷ ᠤ᠋ᠨ ᠡᠭᠦᠳᠡᠨ ᠳ᠋ᠤᠨᠢ ᠬᠦᠷᠭᠡᠨ᠂ ᠲᠦᠭᠡᠭᠡᠯ ᠤᠰᠤ ᠵᠢ ᠲᠦᠭᠡᠮᠡᠯᠵᠢᠭᠦᠯᠦᠭ᠌ᠰᠡᠨ ᠨᠣᠷᠮ᠎ᠠ 90%᠂ ᠵᠠᠮ ᠤ᠋ᠨ ᠭᠠᠳᠠᠷᠭᠤ ᠶ᠋ᠢ ᠬᠠᠲᠠᠭᠤᠷᠠᠭᠤᠯᠤᠭᠰᠠᠨ ᠨᠣᠷᠮ᠎ᠠ 85% ᠳ᠋ᠤ ᠬᠦᠷᠴᠦ᠍᠂ 《ᠲᠤᠩᠭᠠᠯᠠᠭ ᠡᠳᠦᠷ ᠨᠢᠭᠡ ᠪᠡᠶ᠎ᠡ ᠲᠤᠭᠤᠰᠤ ᠱᠢᠷᠤᠢ᠂ ᠪᠣᠷᠣᠭᠠᠨ ᠲᠠᠢ ᠡᠳᠦᠷ ᠨᠢᠭᠡ ᠪᠡᠶ᠎ᠡ ᠱᠢᠪᠠᠷ ᠱᠠᠯᠴᠢᠭ》 ᠪᠠᠢᠭ᠍ᠰᠠᠨ ᠲᠡᠤᠬᠡ ᠶ᠋ᠢ ᠡᠴᠤᠰᠯᠠᠭᠦᠯᠵᠦ᠍᠂ ᠥᠩᠭᠡᠷᠡᠭ᠌ᠰᠡᠨ ᠤ᠋ 《ᠵᠢᠷᠦᠬᠡ ᠱᠢᠮᠱᠢᠷᠡᠬᠦ᠌》 ᠪᠠᠢᠳᠠᠯ᠎ᠨᠢ 《ᠴᠡᠪᠡᠷ ᠰᠠᠢᠬᠠᠨ ᠦᠵᠡᠮᠵᠢ》ᠪᠤᠯᠵᠦ᠍ ᠬᠤᠪᠢᠷᠠᠯ᠎ᠠ᠃

ᠪᠣᠯᠪᠠᠰᠤᠨ ᠭᠡᠪ ᠰᠤᠷᠲᠠᠯ ᠢ᠋ ᠬᠦᠮᠤᠰ ᠤ᠋ᠨ ᠰᠡᠳᠭᠢᠯ ᠳ᠋ᠤ ᠭᠦᠨ ᠬᠠᠳᠠᠩᠱᠢᠭᠤᠯᠪᠠ

ᠪᠣᠯᠪᠠᠰᠤᠨ ᠬᠡᠪ ᠰᠤᠷᠲᠠᠯ ᠪᠣᠯ ᠬᠦᠳᠡᠭᠡ ᠲᠣᠰᠭᠤᠨ ᠤ᠋ ᠵᠠᠰᠠᠯᠲᠠ ᠶ᠋ᠢ ᠳᠡᠰ ᠲᠡᠪᠱᠢᠭᠦᠯᠬᠦ᠌ ᠶ᠋ᠢᠨ ᠵᠠᠩᠭᠢᠯᠠᠭ᠎ᠠ ᠮᠥᠨ᠃ ᠭᠤᠸᠠᠨ ᠳ᠋ᠦᠩ ᠴᠧ ᠲᠣᠰᠭᠤᠨ ᠪᠣᠯᠪᠠᠰᠤᠨ ᠲᠣᠰᠭᠤᠨ ᠪᠠᠯᠭᠠᠰᠤ ᠶ᠋ᠢ ᠡᠭᠦᠳᠦᠨ ᠪᠠᠢᠭᠤᠯᠬᠤ ᠶ᠋ᠢ ᠬᠥᠳᠡᠭᠡ ᠲᠣᠰᠭᠤᠨ ᠤ᠋ ᠪᠤᠯᠪᠠᠰᠤᠨ ᠬᠡᠪ ᠰᠤᠷᠲᠠᠯ ᠤ᠋ᠨ ᠪᠠᠢᠭᠤᠯᠤᠯᠲᠠ ᠶ᠋ᠢ ᠭᠦᠨᠵᠡᠭᠡᠢᠷᠡᠭᠦᠯᠬᠦ᠌ ᠴᠢᠬᠤᠯᠠ ᠠᠴᠢᠶᠠᠯᠠᠪᠤᠷᠢ ᠪᠣᠯᠭᠠᠵᠤ᠂ ᠱᠢᠨ᠎ᠡ ᠴᠠᠭ ᠦᠶ᠎ᠡ ᠶ᠋ᠢᠨ ᠪᠣᠯᠪᠠᠰᠤᠨ ᠤ᠋ ᠦᠢᠯᠡᠳᠦᠯᠭᠡ ᠶ᠋ᠢᠨ ᠦᠷᠳᠡᠭᠡ᠂ ᠲᠣᠰᠭᠤᠨ ᠤ᠋ ᠲᠡᠦᠬᠡ ᠶ᠋ᠢᠨ ᠣᠷᠳᠣᠨ ᠪᠤᠯᠤᠨ 《ᠤᠭ ᠰᠠᠨᠠᠭ᠎ᠠ ᠠᠭᠤᠳᠠᠮ ᠲᠠᠯᠠᠪᠠᠢ》 ᠶ᠋ᠢ ᠨᠡᠢᠳᠭᠡᠨ᠂ ᠨᠠᠮ ᠤ᠋ᠨ ᠪᠠᠢᠭᠤᠯᠤᠯᠲᠠ ᠶ᠋ᠢᠨ ᠠᠭᠤᠰᠤᠯᠴᠠᠯ᠂ ᠡᠮᠡᠭ᠌ᠳᠠᠢ ᠰᠠᠢᠨ ᠲᠤᠷᠠᠴᠤᠳ᠂ ᠲᠦᠷᠦ᠍ ᠶ᠋ᠢᠨ ᠪᠤᠳᠤᠯᠭ᠎ᠠ ᠶ᠋ᠢᠨ ᠤᠬᠠᠭᠤᠯᠭ᠎ᠠ ᠵᠡᠷᠭᠡ ᠤᠯᠠᠨ ᠰᠠᠢᠨ ᠲᠤᠷᠠᠴᠤᠳ ᠤ᠋ᠨ ᠦᠢᠯᠡᠴᠢᠯᠡᠭᠡᠨ ᠤ᠋ ᠡᠩᠨᠡᠭᠡ᠎ᠶ᠋ᠢ ᠵᠣᠬᠢᠶᠠᠨ ᠪᠠᠢᠭᠤᠯᠤᠨ ᠡᠷᠦᠭᠡ ᠳ᠋ᠤ ᠬᠦᠨᠵᠡᠭᠡᠢᠷᠡᠭᠦᠯᠵᠤ᠂ ᠪᠦᠳᠤᠭᠦᠯᠢᠭ ᠬᠤᠴᠤᠷᠤᠩᠭᠤᠢ ᠪᠤᠯᠬᠢ ᠮᠠᠭᠤᠬᠠᠢ ᠬᠡᠪ ᠵᠠᠩᠱᠢᠯ ᠢ᠋ ᠥᠭᠡᠷᠡᠴᠢᠯᠡᠬᠦ᠌ ᠤᠬᠠᠭᠤᠯᠭ᠎ᠠ ᠶ᠋ᠢ ᠦᠷᠭᠡᠨ ᠲᠠᠯᠬᠡᠷ ᠦᠷᠨᠢᠭᠦᠯᠦᠨ᠂ 《ᠤᠷᠤᠭ ᠬᠤᠷᠢᠮ ᠤ᠋ᠨ ᠶᠠᠪᠤᠳᠠᠯ ᠢ᠋ ᠱᠢᠨ᠎ᠡ ᠪᠠᠷ ᠬᠢᠬᠦ᠂ ᠤᠷᠤᠱᠢᠭᠤᠯᠭ᠎ᠠ ᠶ᠋ᠢᠨ ᠶᠠᠪᠤᠳᠠᠯ ᠢ᠋ ᠳᠥᠭᠦᠮᠴᠢᠯᠡᠬᠦ᠌》 ᠱᠢᠨ᠎ᠡ ᠬᠡᠪ ᠰᠤᠷᠲᠠᠯ ᠢ᠋ ᠪᠤᠢ ᠪᠤᠯᠭᠠᠵᠤ᠂ ᠪᠣᠯᠪᠠᠰᠤᠨ ᠡᠶ᠎ᠡ ᠨᠠᠢᠷᠠᠮᠳᠠᠭᠤ ᠱᠢᠨ᠎ᠡ ᠬᠦᠳᠡᠭᠡ ᠲᠤᠰᠭᠤᠨ ᠤ᠋ ᠬᠡᠪ ᠳᠦᠷᠬᠦ ᠶ᠋ᠢ ᠵᠢᠷᠤᠭ᠍ᠯᠠᠭ᠍ᠰᠠᠨ ᠪᠠᠢᠨ᠎ᠠ᠃

2022 ᠤᠨ ᠳ᠋ᠤ ᠲᠤᠰ ᠲᠤᠰᠬᠤᠨ 《ᠲᠣᠰᠭᠤᠨ ᠤ᠋ ᠲᠦᠷᠢᠮ ᠠᠷᠠᠳ ᠤ᠋ᠨ ᠭᠡᠷ᠎ᠡ》 ᠳ᠋ᠤ ᠵᠠᠰᠠᠪᠤᠷᠢ ᠣᠷᠣᠭᠤᠯᠵᠤ᠂ 《ᠬᠤᠪᠢ ᠬᠤᠷᠠᠮᠳᠤᠭᠤᠯᠬᠤ ᠲᠦᠷᠢᠮ》 ᠢ᠋ ᠬᠡᠷᠡᠭ᠌ᠵᠢᠭᠦᠯᠤᠨ᠂ ᠶᠣᠰᠣ ᠰᠤᠷᠲᠠᠬᠤᠨ ᠢ᠋ ᠡᠷᠬᠢᠮᠯᠡᠨ ᠰᠠᠢᠨ ᠰᠠᠢᠬᠠᠨ ᠢ᠋ ᠬᠥᠭᠡᠭᠡᠴᠡᠯᠳᠦᠬᠦ᠌ ᠦᠢᠯᠡ ᠠᠵᠢᠯᠯᠠᠭ᠎ᠠ ᠶ᠋ᠢ ᠱᠠᠩᠨᠠᠨ ᠵᠤᠷᠢᠭ᠍ᠵᠢᠭᠤᠯᠵᠦ᠍᠂ ᠲᠣᠰᠭᠤᠨ ᠤ᠋ ᠠᠷᠠᠳ ᠢ᠋ ᠲᠠᠢᠴᠢᠯᠠᠨ ᠣᠷᠴᠢᠨ ᠲᠣᠭᠤᠷᠢᠨ ᠤ᠋ ᠴᠡᠭ᠌ᠴᠡᠯᠡᠨ ᠵᠠᠰᠠᠯᠲᠠ ᠳ᠋ᠤ ᠢᠳᠡᠪᠬᠢᠳᠠᠢ ᠤᠷᠤᠯᠴᠠᠭᠤᠯᠤᠨ᠂ ᠬᠤᠪᠢ ᠬᠤᠷᠠᠮᠳᠤᠭᠤᠯᠬᠤ ᠪᠠᠷ ᠳᠠᠳᠭᠠᠯ ᠶ᠋ᠢᠡᠨ ᠬᠤᠪᠢᠷᠠᠭᠤᠯᠵᠤ᠂ ᠡᠷᠬᠢᠮ ᠰᠤᠷᠲᠠᠯ ᠢ᠋ ᠬᠥᠮᠦᠰ ᠤ᠋ᠨ ᠰᠡᠳᠭᠢᠯ ᠳ᠋ᠤ ᠭᠦᠨ ᠬᠠᠳᠠᠩᠱᠢᠭᠤᠯᠤᠨ᠂ ᠬᠥᠷᠰᠢ ᠰᠠᠭᠠᠬᠠᠯᠳᠠ ᠡᠶ᠎ᠡ ᠨᠠᠢᠷᠲᠠᠶ ᠪᠣᠯᠪᠠᠰᠤᠨ ᠬᠡᠪ ᠰᠤᠷᠲᠠᠯ ᠢ᠋ ᠪᠤᠢ ᠪᠤᠯᠭᠠᠵᠠᠢ᠃ ᠤᠳᠤ ᠪᠦᠬᠦ᠌ ᠲᠤᠰᠭᠤᠨ ᠳ᠋ᠤ 56 《ᠣᠳᠣᠨ ᠲᠡᠰ ᠤ᠋ᠨ ᠪᠣᠯᠪᠠᠰᠤᠨ ᠡᠷᠦᠬᠡ》 ᠪᠠ 《ᠴᠡᠪᠡᠷ ᠲᠤᠬᠢᠯᠢᠭ ᠬᠦᠷᠢᠶ᠎ᠡ ᠬᠠᠱᠢᠶ᠎ᠠ ᠲᠠᠢ ᠵᠢᠱ᠌ᠢᠶ᠎ᠡ ᠦᠵᠡᠭᠦᠯᠬᠦ᠌ ᠡᠷᠦᠬᠡ》 ᠲᠠᠢ ᠪᠤᠯᠵᠤ᠂ ᠪᠠᠰᠠ 10 《ᠬᠠᠮᠤᠭ ᠤ᠋ᠨ ᠭᠤᠶᠣ ᠬᠡᠷ ᠪᠦᠯᠢ》᠂ 8 《ᠰᠠᠢᠨ ᠬᠠᠳᠠᠮ ᠡᠵᠢ》᠎ᠶ᠋ᠢ ᠱᠢᠯᠭᠠᠷᠠᠭᠤᠯᠵᠦ᠍ ᠭᠠᠷᠭᠠᠭ᠍ᠰᠠᠨ ᠪᠠᠢᠨ᠎ᠠ᠃

ᠤᠯᠤᠰ ᠤ᠋ᠨ ᠲᠡᠰ ᠤ᠋ᠨ ᠢᠷᠠᠭᠤ ᠠᠯᠳᠠᠷ ᠢ᠋ ᠤᠯᠠᠨᠳᠠ ᠬᠦᠷᠳᠡᠪᠡ

《ᠬᠢᠵᠦ᠍ ᠪᠠᠢᠪᠠᠯ ᠪᠦᠳᠤᠨ᠎ᠡ᠂ ᠵᠤᠷᠢᠵᠦ᠍ ᠪᠠᠢᠪᠠᠯ ᠬᠦᠷᠤᠨ᠎ᠡ》 ᠭᠡᠳᠡᠭᠴᠢᠯᠡᠨ᠂ ᠲᠤᠤ ᠭᠦᠸᠧ ᠬᠤᠸᠠ ᠵᠢᠴᠢ ᠲᠤᠰᠭᠤᠨ ᠤ᠋ 《ᠬᠤᠶᠠᠷ ᠵᠦᠪᠯᠡᠯ》 ᠤ᠋ᠨ ᠬᠠᠮᠳᠤ ᠶ᠋ᠢᠨ ᠴᠢᠷᠮᠠᠢᠯᠭ᠎ᠠ ᠪᠡᠷ ᠭᠤᠸᠠᠨ ᠳ᠋ᠦᠩ ᠴᠧ ᠲᠣᠰᠭᠤᠨ ᠤ᠋ ᠠᠵᠤ ᠦᠢᠯᠡᠰ ᠨᠢ ᠬᠥᠭ᠌ᠵᠢᠨ ᠮᠠᠨᠳᠤᠵᠦ᠍᠂ ᠤᠷᠴᠢᠨ ᠠᠬᠤᠶ ᠨᠢ ᠲᠤᠬᠢᠯᠢᠭ ᠰᠠᠢᠬᠠᠨ ᠪᠤᠯᠵᠦ᠍᠂ ᠬᠦᠮᠤᠨ ᠠᠷᠠᠳ ᠨᠢ ᠪᠤᠯᠪᠠᠰᠤᠨ ᠰᠤᠷᠳᠠᠯ ᠲᠠᠢ᠂ ᠦᠨᠳᠤᠰᠤᠨ ᠱᠠᠳᠤᠨ ᠤ᠋ ᠵᠠᠰᠠᠯᠲᠠ ᠨᠢ ᠱᠢᠯᠢᠳᠡᠭ ᠰᠠᠢᠨ ᠪᠤᠯᠤᠭᠰᠠᠨ ᠶ᠋ᠢᠡᠷ ᠬᠡᠱᠢᠭ᠌ᠳᠡᠨ ᠬᠤᠱᠢᠭᠤ᠂ ᠤᠯᠠᠭᠠᠨᠬᠠᠳᠠ ᠬᠤᠳᠠ᠂ ᠦᠪᠡᠷᠳᠡᠭᠡᠨ ᠵᠠᠰᠠᠬᠤ ᠤᠷᠤᠨ ᠵᠢᠴᠢ ᠤᠯᠤᠰ ᠤ᠋ᠨ ᠲᠡᠰ ᠤ᠋ᠨ ᠵᠢᠱ᠌ᠢᠶ᠎ᠡ ᠦᠵᠡᠬᠦᠯᠬᠦ᠌ ᠲᠤᠰᠭᠤᠨ ᠵᠡᠷᠭᠡ ᠢᠷᠠᠭᠤ ᠠᠯᠳᠠᠷ ᠢ᠋ ᠤᠯᠠᠨᠳᠠ ᠬᠦᠷᠳᠡᠵᠦ᠍᠂ ᠲᠤᠰᠭᠤᠨ ᠶ᠋ᠢᠡᠨ ᠬᠦᠭ᠌ᠵᠢᠭᠦᠯᠤᠨ ᠠᠷᠠᠳ ᠶ᠋ᠢᠡᠨ ᠪᠠᠶᠠᠵᠢᠭᠤᠯᠤᠭ᠍ᠰᠠᠨ ᠠᠯᠳᠠᠷ ᠨᠡᠷ᠎ᠡ ᠪᠠᠨ ᠪᠦᠬᠦ᠌ ᠤᠯᠤᠰ ᠤ᠋ᠨ ᠭᠡᠪᠴᠢᠶᠡᠨ ᠳ᠋ᠤ ᠠᠯᠳᠠᠷᠱᠢᠭᠤᠯᠤᠨ ᠲᠠᠭᠤᠷᠢᠰᠤᠭᠤᠯᠵᠠᠢ᠃

ᠤᠨᠴᠠᠭᠠᠢᠯᠠᠨ ᠲᠤᠷᠠᠳᠤᠭᠤᠱᠢᠳᠠᠢ ᠨᠢ᠂ ᠲᠤᠰ ᠲᠤᠰᠭᠤᠨ 2025 ᠤᠨ ᠳ᠋ᠤ 《ᠪᠦᠬᠦ᠌ ᠤᠯᠤᠰ ᠤ᠋ᠨ ᠪᠣᠯᠪᠠᠰᠤᠨ ᠲᠣᠰᠭᠤᠨ ᠪᠠᠯᠭᠠᠰᠤ》 ᠶ᠋ᠢᠨ ᠢᠷᠠᠭᠤ ᠠᠯᠳᠠᠷ ᠢ᠋ ᠬᠦᠷᠳᠡᠭᠰᠡᠨ ᠪᠦᠭᠡᠳ 2021 ᠣᠨ ᠳ᠋ᠤ 《ᠬᠤᠶᠠᠳᠤᠭᠠᠷ ᠪᠦᠯᠦᠭ ᠤ᠋ᠨ ᠪᠦᠬᠦ᠌ ᠤᠯᠤᠰ ᠤ᠋ᠨ ᠬᠥᠳᠡᠭᠡ ᠲᠣᠰᠭᠤᠨ ᠤ᠋ ᠵᠠᠰᠠᠯᠲᠠ ᠶ᠋ᠢᠨ ᠵᠢᠱ᠌ᠢᠶ᠎ᠡ ᠦᠵᠡᠭᠦᠯᠬᠦ᠌ ᠲᠣᠰᠭᠤᠨ》᠂ 2022 ᠣᠨ ᠳ᠋ᠤ 《ᠤᠯᠤᠰ ᠤ᠋ᠨ ᠬᠥᠳᠡᠭᠡ ᠲᠣᠰᠭᠤᠨ ᠢ᠋ ᠬᠥᠭ᠌ᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ᠌ ᠲᠣᠰᠭᠤᠨ》 ᠤ᠋ ᠢᠷᠠᠭᠤ ᠠᠯᠳᠠᠷ ᠢ᠋ ᠬᠦᠷᠳᠡᠭᠰᠡᠨ ᠪᠠᠢᠨ᠎ᠠ᠃

ᠤᠳᠤᠬᠠᠨ᠎ᠠ ᠭᠤᠸᠠᠨ ᠳ᠋ᠦᠩ ᠴᠧ ᠲᠤᠰᠭᠤᠨ ᠶᠠᠭ ᠤᠷᠭᠤᠬᠤ ᠨᠠᠷᠠᠨ ᠢ᠋ ᠤᠭ᠍ᠳᠤᠨ᠂ ᠱᠢᠨ᠎ᠡ ᠭᠦᠳᠡᠭᠡ ᠲᠤᠰᠭᠤᠨ ᠢ᠋ ᠪᠦᠬᠦ᠌ ᠲᠠᠯ᠎ᠠ ᠪᠠᠷ ᠬᠦᠭ᠌ᠵᠢᠭᠦᠯᠤᠨ ᠮᠠᠨᠳᠤᠭᠤᠯᠬᠤ ᠵᠠᠮ ᠶ᠋ᠢᠡᠷ ᠢᠳᠡᠷᠡᠭᠦᠨ ᠠᠯᠬᠤᠭ᠎ᠠ ᠪᠠᠷ ᠤᠷᠤᠭ᠍ᠰᠢᠯᠠᠵᠤ ᠪᠠᠢᠨ᠎ᠠ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号