ᠪᠦᠬᠦ ᠪᠦᠮᠪᠦᠷᠴᠡᠭ ᠎ᠤᠨ ᠤᠤᠭᠠᠨ 《 ᠬᠤᠪᠤᠷ ᠰᠢᠷᠤᠢ ᠵᠢᠨ ᠭᠠᠯ ᠪᠠᠮᠪᠠᠷ 》 ᠮᠡᠨᠳᠤᠯᠡᠯ᠎ᠠ
2026-05-03 09:40:07
ᠵᠣᠬᠢᠶᠠᠭ᠍ᠴᠢ᠄
ᠸ·ᠭᠡᠷᠡᠯᠳᠤ
ᠣᠩᠱᠢᠭ᠍ᠰᠠᠨ ᠣᠳᠠᠭ᠎ᠠ᠄
★★★☆☆

4 ᠰᠠᠷ᠎ᠠ ᠵᠢᠨ 30 ᠎ᠤ᠋ ᠡᠳᠦᠷ᠂ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ᠎ᠤ ᠰᠤᠨᠢᠨ ᠮᠡᠳᠡᠭᠡ ᠨᠡᠢᠳᠡᠯᠡᠬᠦ ᠬᠤᠷᠠᠯ ᠪᠤᠭᠤᠲᠤ ᠬᠤᠳᠠ ᠳ᠋ᠤ ᠬᠤᠷᠠᠯᠳᠤᠪᠠ᠃ ᠰᠤᠨᠢᠨ ᠮᠡᠳᠡᠭᠡ ᠨᠡᠢᠳᠡᠯᠡᠬᠦ ᠬᠤᠷᠠᠯ ᠎ᠤᠨ ᠠᠬᠤᠢ ᠲᠠᠯᠠᠪᠠᠢ ᠳ᠋ᠤ ᠪᠦᠬᠦ ᠪᠦᠮᠪᠦᠷᠴᠡᠭ ᠎ᠤᠨ ᠤᠤᠭᠠᠨ 《ᠬᠤᠪᠤᠷ ᠰᠢᠷᠤᠢ ᠵᠢᠨ ᠭᠠᠯ  ᠪᠠᠮᠪᠠᠷ》 ᠤᠯᠠᠨ ᠲᠠᠢ ᠵᠤᠯᠭᠠᠵᠦ᠂ ᠲᠡᠷᠡ ᠨᠢ 8 ᠰᠠᠷ᠎ᠠ ᠵᠢᠨ 8 ᠳ᠋ᠤ ᠶᠠᠪᠤᠬᠳᠠᠬᠤ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ  ᠭᠠᠯ ᠪᠠᠮᠪᠠᠷ ᠎ᠤᠨ ᠬᠤᠪᠢ ᠪᠡᠷ ᠲᠡᠯᠡᠭᠡᠢ ᠵᠢᠨ ᠬᠤᠪᠤᠷ ᠰᠢᠷᠤᠢ ᠵᠢᠨ ᠲᠦᠪ ᠪᠤᠭᠤᠳᠤ ᠬᠤᠳᠠ ᠳ᠋ᠤ ᠲᠠᠮᠵᠢᠭᠤᠯᠤᠬᠳᠠᠬᠤ ᠪᠤᠯᠤᠨ᠎ᠠ᠃

ᠡᠨᠡ ᠬᠥ᠌ ᠤᠳᠬ᠎ᠠ ᠠᠭᠤᠯᠭ᠎ᠠ ᠲᠡᠭᠦᠯᠳᠡᠷ ᠭᠠᠯ ᠪᠠᠮᠪᠠᠷ ᠎ᠢ ᠨᠠᠨᠵᠢᠩ ᠎ᠤᠨ ᠤᠯᠢᠮᠫᠢᠺ ᠎ᠤᠨ ᠬᠠᠨᠢᠳᠠᠨ ᠎ᠤ ᠲᠠᠮᠢᠷ ᠎ᠤᠨ ᠬᠢᠵᠠᠭᠠᠷᠳᠤ ᠺᠤᠮᠫᠠᠨᠢ ᠡᠴᠡ ᠵᠢᠷᠤᠵᠦ ᠲᠦᠯᠦᠪᠯᠡᠨ ᠵᠤᠬᠢᠶᠠᠨ ᠦᠢᠯᠡᠳᠴᠦ᠂ ᠪᠤᠭᠤᠲᠤ ᠵᠢᠨ ᠪᠦᠰᠡ ᠨᠤᠳᠤᠭ ᠎ᠤᠨ ᠠᠵᠤ ᠦᠢᠯᠡᠰ ᠎ᠤᠨ ᠤᠨᠴᠠᠯᠢᠭ ᠎ᠢ ᠬᠦᠨ ᠠᠭᠤᠰᠤᠯᠴᠠᠭᠤᠯᠤᠬᠰᠠᠨ ᠪᠠᠢᠨ᠎ᠠ᠃ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ ᠭᠠᠯ ᠪᠠᠮᠪᠡᠷ ᠲᠠᠮᠵᠢᠭᠤᠯᠬᠤ ᠲᠦᠷᠤᠯ ᠵᠦᠢᠯ ᠎ᠤᠨ ᠬᠠᠷᠢᠭᠤᠴᠠᠯᠭᠠᠳᠠᠨ ᠶᠠᠩ ᠮᠧᠩ ᠎ᠤᠨ ᠲᠠᠨᠢᠯᠴᠠᠭᠤᠯᠬᠤ ᠪᠡᠷ᠂ ᠲᠤᠰ  ᠭᠠᠯ ᠪᠠᠮᠪᠠᠷ ᠎ᠢ ᠤᠷᠠᠯᠠᠨ ᠵᠤᠬᠢᠶᠠᠬᠤ ᠶᠠᠪᠤᠴᠠ ᠲᠤᠮᠳᠠ ᠪᠤᠭᠤᠲᠤ ᠳ᠋ᠤ ᠡᠯᠪᠡᠭ ᠪᠠᠢᠳᠠᠭ ᠬᠤᠪᠤᠷ ᠰᠢᠷᠤᠢ ᠵᠢᠨ ᠡᠯᠧᠮᠧᠨ᠋ᠲ ᠎ᠢ ᠨᠡᠮᠡᠨ ᠤᠷᠤᠭᠤᠯᠵᠦ᠂ ᠭᠠᠯ ᠪᠠᠮᠪᠠᠷ ᠎ᠤᠨ ᠭᠠᠳᠠᠷ ᠦᠩᠬᠡ ᠪᠤᠳᠤᠭ ᠎ᠢ ᠤᠯᠠᠮ ᠬᠢᠯᠠᠭᠠᠷ ᠲᠤᠳᠤ ᠪᠤᠯᠭᠠᠬᠰᠠᠨ ᠵᠢᠡᠷ ᠦᠯᠦ ᠪᠡᠷᠠᠮ ᠪᠠᠰᠠ ᠲᠡᠭᠦᠨ ᠎ᠤ ᠦᠨᠳᠤᠷ ᠲᠤᠯᠠᠭᠠᠨ ᠎ᠢ ᠳᠠᠭᠠᠭᠠᠬᠤ᠂ ᠢᠳᠡᠭᠳᠡᠯ ᠎ᠢ ᠳᠠᠭᠠᠭᠠᠬᠤ ᠵᠡᠷᠭᠡ ᠹᠢᠽᠢᠺ᠎ᠤᠨ ᠰᠢᠨᠵᠢ ᠴᠢᠨᠡᠷ ᠎ᠢ ᠨᠡᠮᠡᠭᠳᠡᠭᠦᠯᠵᠦ᠂ ᠲᠠᠮᠵᠢᠭᠤᠯᠭ᠎ᠠ ᠵᠢᠨ ᠨᠠᠢᠳᠠᠪᠦᠷᠢᠳᠤ  ᠴᠢᠨᠡᠷ ᠎ᠢ ᠪᠠᠳᠤᠯᠠᠬᠰᠠᠨ ᠪᠠᠢᠨ᠎ᠠ᠃ ᠡᠨᠡ  ᠬᠥ᠌ ᠭᠠᠯ ᠤᠯᠠᠭᠠᠨ ᠠᠵᠢᠨᠠᠢ ᠬᠦᠯᠦᠭ ᠎ᠤᠨ ᠵᠢᠷᠤᠭ ᠲᠠᠢ ᠭᠠᠯ ᠪᠠᠮᠪᠠᠷ ᠨᠢ ᠲᠤᠤᠷ᠎ᠠ ᠡᠴᠡ ᠲᠡᠭᠡᠭᠰᠢ ᠪᠡᠨ ᠨᠤᠭᠤᠭᠠᠨ᠂ ᠰᠢᠷᠭᠠᠯ ᠨᠤᠭᠤᠭᠠᠨ᠂ ᠰᠢᠷ᠎ᠠ᠂ ᠤᠯᠠᠭᠠᠨ᠂ ᠶᠠᠭᠠᠨ᠂ ᠴᠠᠭᠠᠨ ᠵᠡᠷᠭᠡ ᠦᠩᠬᠡ ᠪᠤᠳᠤᠭ ᠎ᠤᠳ ᠦᠩᠬᠡ ᠢᠯᠭᠠᠷᠠᠨ ᠮᠢᠷᠠᠯᠵᠠᠵᠦ᠂ ᠬᠤᠪᠤᠷ ᠰᠢᠷᠤᠢ ᠬᠤᠯᠢᠬᠰᠠᠨ ᠰᠢᠷ ᠪᠤᠳᠤᠭ ᠮᠡᠳᠡᠭᠳᠡᠵᠦ ᠪᠠᠢᠯ᠎ᠠ᠃

ᠤᠢᠯᠠᠭᠠᠬᠰᠠᠨ ᠵᠢᠡᠷ᠂ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ ᠭᠠᠯ ᠪᠠᠮᠪᠠᠷ ᠎ᠨᠢ 7 ᠰᠠᠷ᠎ᠠ ᠵᠢᠨ 21 ᠎ᠤ᠋ ᠡᠳᠦᠷ ᠡᠴᠡ 8 ᠰᠠᠷ᠎ᠠ ᠵᠢᠨ 8 ᠎ᠤ᠋ ᠡᠳᠦᠷ ᠪᠤᠯᠳᠠᠯ᠎ᠠ ᠪᠤᠭᠤᠲᠤ ᠬᠤᠳᠠ ᠵᠢᠨ ᠠᠷᠪᠠᠨ ᠬᠤᠰᠢᠭᠤ ᠰᠢᠶᠠᠨ ᠲᠤᠭᠤᠷᠢᠭ ᠲᠤ᠌ ᠲᠠᠮᠵᠢᠭᠤᠯᠤᠬᠳᠠᠵᠦ᠂ ᠦᠷᠳᠡᠭᠡ ᠨᠢᠭᠡᠪᠦᠷᠢ ᠵᠢᠨ ᠵᠠᠮ ᠎ᠤᠨ ᠤᠷᠳᠤ ᠨᠢ 1.6 ᠺᠢᠯᠤᠮᠧᠲᠷ ᠪᠠᠢᠵᠦ᠂ ᠪᠦᠬᠦ ᠤᠷᠤᠨ ᠎ᠤ ᠡᠯ᠎ᠠ ᠡᠳᠡᠭᠡᠳ ᠎ᠤᠨ 165 ᠭᠠᠯ ᠪᠠᠮᠪᠠᠷᠴᠢᠨ ᠲᠠᠮᠵᠢᠭᠤᠯᠬᠤ ᠪᠤᠯᠤᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号