ᠠᠯᠠᠱᠠ ᠠᠢᠮᠠᠭ ᠬᠠᠮᠤᠭ ᠲᠤᠮᠤ ᠬᠡᠪᠴᠢᠶᠡᠨ᠎ᠦ ᠮᠤᠩᠭᠤᠯ ᠦᠨᠳᠦᠰᠦᠳᠡᠨ ᠤ᠋ ᠪᠦᠬᠡ ᠶ᠋ᠢᠨ ᠬᠠᠮᠳᠤ ᠶ᠋ᠢᠨ ᠬᠢᠴᠢᠶᠡᠯᠯᠡᠭᠡ ᠪᠡᠷ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠪᠡ
2026-05-06 16:34:26
ᠵᠣᠬᠢᠶᠠᠭ᠍ᠴᠢ᠄
ᠰᠡᠴᠡᠨᠪᠠᠳᠤ ᠨᠠᠨᠳᠢᠨ ᠵᠣᠨ᠎ᠠ ᠰᠡᠴᠡᠨ ᠨᠠᠨᠳᠢᠪᠢᠯᠢᠭ᠌
ᠣᠩᠱᠢᠭ᠍ᠰᠠᠨ ᠣᠳᠠᠭ᠎ᠠ᠄
★★★☆☆

5 ᠰᠠᠷ᠎ᠠ ᠶ᠋ᠢᠨ 1 ᠤ᠋ ᠡᠳᠦᠷ᠂ ᠠᠯᠠᠱᠠ ᠵᠡᠭᠦᠨ ᠬᠤᠰᠢᠭᠤᠨ ᠤ᠋ ᠲᠡᠭᠷᠢ ᠡᠯᠡᠰᠦᠨ ᠳ᠋ᠤ᠌ ᠪᠠᠢᠷᠢᠯᠠᠭ᠎ᠠ ᠠᠯᠠᠱᠠ ᠶ᠋ᠢᠨ ᠪᠠᠭᠠᠳᠤᠷᠴᠤᠳ ᠤ᠋ᠨ ᠴᠤᠬ᠍ᠯᠠᠭᠠᠨ ᠤ᠋ ᠲᠠᠯᠠᠪᠠᠢ ᠳ᠋ᠤ᠌ ᠡᠬᠢᠯᠡᠭᠰᠡᠨ 2026 ᠤᠨ ᠤ᠋ ᠠᠯᠠᠱᠠ ᠶ᠋ᠢᠨ ᠬᠠᠪᠤᠷ ᠤ᠋ᠨ ᠤᠯᠠᠷᠢᠯ ᠤ᠋ᠨ ᠪᠠᠭᠠᠳᠤᠷᠴᠤᠳ ᠤ᠋ᠨ ᠴᠤᠬ᠍ᠯᠠᠭᠠᠨ ᠤ᠋ ᠨᠢᠭᠡ ᠠᠭᠤᠯᠭ᠎ᠠ ᠪᠤᠯᠬᠤ ᠨᠢᠭᠡ ᠲᠠᠯᠠᠪᠠᠢ ᠳ᠋ᠤ᠌ ᠤᠯᠠᠨ ᠬᠦᠮᠦᠨ ᠤᠷᠤᠯᠴᠠᠬ᠍ᠰᠠᠨ ᠬᠠᠮᠤᠭ ᠲᠤᠮᠤ ᠬᠡᠪᠴᠢᠶᠡᠨ ᠤ᠋ ᠮᠤᠩᠭᠤᠯ ᠦᠨᠳᠦᠰᠦᠳᠡᠨ ᠤ᠋ ᠪᠦᠬᠡ ᠶ᠋ᠢᠨ ᠬᠠᠮᠳᠤ ᠶ᠋ᠢᠨ ᠬᠢᠴᠢᠶᠡᠯᠯᠡᠭᠡ ᠳ᠋ᠤ᠌ 503 ᠪᠦᠬᠡᠴᠢᠨ ᠤᠷᠤᠯᠴᠠᠵᠤ᠂ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠦᠭᠰᠡᠨ ᠪᠠᠢᠨ᠎ᠠ᠃



ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠬᠦ ᠲᠦᠷᠢᠮ ᠢ᠋ ᠦᠨᠳᠦᠰᠦᠯᠡᠪᠡᠯ᠂ ᠡᠢᠮᠦᠷᠬᠦᠦ ᠲᠤᠮᠤ ᠬᠡᠪᠴᠢᠶᠡᠨ ᠤ᠋ ᠪᠦᠬᠡ ᠶ᠋ᠢᠨ ᠬᠠᠮᠳᠤ ᠶ᠋ᠢᠨ ᠬᠢᠴᠢᠶᠡᠯᠯᠡᠭᠡ ᠳ᠋ᠤ᠌ ᠬᠠᠮᠤᠭ ᠤ᠋ᠨ ᠴᠦᠬᠡᠨ ᠳ᠋ᠡᠭᠡᠨ 250 ᠬᠦᠮᠦᠨ ᠠ᠋ᠴᠠ ᠲᠡᠭᠡᠭᠰᠢ ᠤᠷᠤᠯᠴᠠᠬ᠍ᠴᠢ ᠪᠠᠢᠬᠤ ᠶ᠋ᠢ ᠪᠠᠳᠤᠯᠠᠵᠤ᠂ ᠬᠢᠴᠢᠶᠡᠯᠯᠡᠭᠡ ᠳ᠋ᠤ᠌ ᠤᠷᠤᠯᠴᠠᠬᠤ ᠬᠦᠮᠦᠨ ᠨᠢ ᠨᠠᠰᠤ ᠵᠢᠯ᠂ ᠴᠢᠨᠠᠷ ᠤ᠋ᠨ ᠢᠯᠭᠠᠯ᠂ ᠦᠨᠳᠦᠰᠦᠳᠡᠨ᠂ ᠭᠠᠵᠠᠷ ᠤᠷᠤᠨ ᠭᠡᠵᠤ ᠬᠤᠪᠢᠶᠠᠬᠤ ᠦᠭᠡᠢ ᠮᠦᠷᠳᠡᠭᠡᠨ ᠤᠷᠤᠯᠴᠠᠬ᠍ᠴᠢ ᠨᠢᠭᠡᠪᠦᠷᠢ ᠮᠤᠩᠭᠤᠯ ᠪᠦᠬᠡ᠂ ᠱᠠᠯᠪᠦᠷ ᠪᠦᠬᠡ ᠶ᠋ᠢᠨ ᠪᠦᠷᠢᠨ ᠡᠮᠦᠰᠭᠡᠯ ᠵᠠᠰᠠᠯ ᠪᠤᠶᠤ ᠴᠦᠬᠡᠨ ᠲᠤᠭᠠᠳᠤ ᠦᠨᠳᠦᠰᠦᠳᠡᠨ ᠤ᠋ ᠬᠤᠪᠴᠠᠰᠤ ᠵᠠᠰᠠᠯ ᠡᠮᠦᠰᠴᠦ᠂ ᠬᠢᠴᠢᠶᠡᠯ ᠤ᠋ᠨ ᠴᠠᠭ ᠢ᠋ 30 ᠮᠢᠨᠦᠢ᠍ᠲ ᠠ᠋ᠴᠠ ᠲᠡᠭᠡᠭᠰᠢ ᠪᠠᠢᠯᠭᠠᠵᠤ᠂ ᠬᠢᠴᠢᠶᠡᠯᠯᠡᠭᠴᠢ ᠪᠠᠬ᠍ᠰᠢ ᠠ᠋ᠴᠠ ᠲᠤᠬᠠᠢ ᠶ᠋ᠢᠨ ᠲᠠᠯᠠᠪᠠᠢ ᠳ᠋ᠤ᠌ ᠤᠯᠤᠰ ᠤ᠋ᠨ ᠨᠡᠢᠳᠡᠮ ᠭᠡᠷᠡᠭᠯᠡᠭᠡᠨ ᠤ᠋ ᠦᠭᠡ ᠬᠡᠯᠡ ᠪᠡᠷ ᠬᠢᠴᠢᠶᠡᠯᠯᠡᠵᠤ᠂ ᠬᠢᠴᠢᠶᠡᠯ ᠢ᠋ᠶ᠋ᠠᠨ ᠲᠤᠳᠠᠭᠤ ᠵᠤᠬ᠍ᠰᠤᠭᠠᠬᠤ ᠪᠤᠶᠤ ᠤᠨᠳᠤᠤ ᠬᠦᠮᠦᠨ ᠢ᠋ᠶ᠋ᠠᠷ ᠤᠷᠤᠯᠠᠭᠤᠯᠤᠨ ᠰᠤᠯᠢᠵᠤ ᠪᠤᠯᠬᠤ ᠦᠭᠡᠢ ᠱᠠᠭᠠᠷᠳᠠᠯᠭ᠎ᠠ ᠲᠠᠢ ᠪᠠᠢᠳᠠᠭ᠃ ᠲᠤᠰ ᠤᠳᠠᠭᠠᠨ ᠤ᠋ ᠬᠠᠮᠳᠤ ᠶ᠋ᠢᠨ ᠬᠢᠴᠢᠶᠡᠯᠯᠡᠭᠡ ᠳ᠋ᠤ᠌ ᠦᠪᠦᠷ ᠮᠤᠩᠭᠤᠯ ᠤ᠋ᠨ ᠪᠦᠬᠡ ᠶ᠋ᠢᠨ ᠨᠡᠢᠬᠡᠮᠯᠢᠭ ᠤ᠋ᠨ ᠲᠡᠳ᠋ ᠲᠡᠷᠢᠭᠦᠯᠡᠭᠴᠢ᠂ ᠠᠯᠠᠱᠠ·ᠲᠤᠮᠳᠠᠳᠤ ᠤᠯᠤᠰ ᠤ᠋ᠨ ᠱᠠᠯᠪᠦᠷ ᠪᠦᠬᠡ ᠶ᠋ᠢᠨ ᠨᠡᠢᠬᠡᠮᠯᠢᠭ ᠤ᠋ᠨ ᠲᠡᠷᠢᠭᠦᠯᠡᠭᠴᠢ ᠠᠯᠳᠠᠠᠠᠠᠭᠤᠯᠠ ᠶ᠋ᠢ ᠪᠠᠬ᠍ᠰᠢ ᠪᠡᠷ ᠤᠷᠢᠵᠤ᠂ ᠮᠤᠩᠭᠤᠯ ᠦᠨᠳᠦᠰᠦᠳᠡᠨ ᠤ᠋ ᠪᠦᠬᠡ ᠶ᠋ᠢᠨ ᠨᠢᠭᠡ ᠲᠦᠷᠦᠯ ᠪᠤᠯᠬᠤ ᠱᠠᠯᠪᠦᠷ ᠪᠦᠬᠡ ᠶ᠋ᠢᠨ ᠡᠭᠦᠰᠦᠯ ᠲᠡᠤᠬᠡ᠂ ᠲᠡᠯᠡᠬᠡᠢ ᠶ᠋ᠢᠨ ᠡᠯ᠎ᠡ ᠭᠠᠵᠠᠷ ᠲᠡᠬᠢ ᠲᠠᠷᠬᠠᠯᠳᠠ ᠬᠢᠭᠡᠳ ᠬᠤᠪᠢᠷᠠᠯᠳᠠ ᠬᠦᠭᠵᠢᠯᠳᠡ᠂ ᠤᠷᠤᠯᠳᠤᠭᠠᠨ ᠤ᠋ ᠦᠪᠡᠷᠮᠢᠴᠡ ᠶᠤᠰᠤ ᠲᠦᠷᠢᠮ᠂ ᠪᠠᠷᠢᠯᠳᠤᠭᠠᠨ ᠤ᠋ ᠮᠡᠭᠡ ᠮᠡᠷᠭᠡᠵᠢᠯ᠂ ᠱᠠᠯᠪᠦᠷ ᠪᠦᠬᠡ ᠶ᠋ᠢᠨ ᠡᠮᠦᠰᠭᠡᠯ ᠵᠠᠰᠠᠯ᠂ ᠤᠯᠠᠮᠵᠢᠯᠠᠯ ᠰᠢᠨᠡᠴᠢᠯᠡᠯ ᠬᠢᠭᠡᠳ ᠢᠷᠡᠭᠡᠳᠦᠢ ᠶ᠋ᠢᠨ ᠬᠦᠭᠵᠢᠯᠳᠡ ᠶ᠋ᠢᠨ ᠬᠠᠷᠠᠯᠳᠠ ᠲᠦᠯᠦᠪᠯᠡᠭᠡ ᠵᠡᠷᠭᠡ 6 ᠲᠠᠯ᠎ᠠ ᠪᠡᠷ ᠦᠨᠡᠨ ᠪᠤᠳᠠᠳᠤ ᠭᠡᠷᠡᠴᠢ ᠮᠠᠲᠸᠷᠢᠶᠡᠯ ᠂ ᠵᠢᠷᠤᠭ ᠪᠢᠴᠢᠯᠭᠡ᠂ ᠤᠨᠤᠯ ᠮᠡᠳᠡᠯᠭᠡ ᠶ᠋ᠢ ᠤᠶᠠᠯᠳᠤᠭᠤᠯᠤᠨ ᠲᠠᠢᠯᠪᠤᠷᠢᠯᠠᠵᠤ ᠬᠢᠴᠢᠶᠡᠯᠯᠡᠵᠡᠢ᠃



640.jpg


ᠲᠤᠰ ᠤᠳᠠᠭᠠᠨ ᠤ᠋ ᠬᠠᠮᠳᠤ ᠶ᠋ᠢᠨ ᠬᠢᠴᠢᠶᠡᠯᠯᠡᠭᠡ ᠳ᠋ᠤ᠌ ᠮᠠᠨ ᠤ᠋ ᠤᠯᠤᠰ ᠤ᠋ᠨ ᠦᠪᠦᠷ ᠮᠤᠩᠭᠤᠯ᠂ ᠰᠢᠨᠵᠢᠶᠠᠩ᠂ ᠬᠦᠬᠡᠨᠠᠭᠤᠷ᠂ ᠭᠠᠨᠰᠤ᠂ ᠲᠦᠪᠡᠳ᠂ ᠭᠦᠢᠵᠸᠤ᠂ ᠰᠸᠴᠤᠸᠠᠨ ᠵᠢᠴᠢ ᠮᠤᠩᠭᠤᠯ ᠤᠯᠤᠰ᠂ ᠤᠷᠤᠰ᠂ ᠠᠮᠸᠷᠢᠺᠠ᠂ ᠺᠤᠷᠢᠶᠠ᠂ ᠢᠲ᠋ᠠᠯᠢ᠂ ᠤᠷᠤᠰ ᠤ᠋ᠨ ᠬᠤᠯᠪᠤᠭᠠᠨ ᠤ᠋ ᠪᠦᠭᠦᠳᠡ ᠨᠠᠢᠷᠠᠮᠳᠠᠬᠤ ᠪᠤᠷᠢᠶᠠᠳ ᠤᠯᠤᠰ᠂ ᠺᠠᠽᠠᠬ᠍ᠰᠲ᠋ᠠᠨ᠂ ᠲᠠᠵᠢᠺᠠᠰᠲ᠋ᠠᠨ ᠵᠡᠷᠭᠡ ᠤᠯᠤᠰ ᠤ᠋ᠨ ᠡᠷᠡᠭᠳᠡᠢ ᠡᠮᠡᠭᠳᠡᠢ ᠨᠡᠢᠳᠡ503 ᠪᠦᠬᠡᠴᠢᠨ ᠤᠷᠤᠯᠴᠠᠵᠤ᠂ ᠬᠢᠴᠢᠶᠡᠯᠯᠡᠭᠡ ᠨᠢ 38 ᠮᠢᠨᠦᠢ᠍ᠲ ᠶᠠᠪᠤᠬ᠍ᠳᠠᠵᠤ᠂ ᠬᠢᠴᠢᠶᠡᠯᠯᠡᠭᠡ ᠶ᠋ᠢᠨ ᠨᠦᠭᠦᠴᠡᠯ ᠪᠠᠷᠢᠮᠵᠢᠶ᠎ᠠ᠂ ᠠᠭᠤᠯᠭ᠎ᠠ ᠲᠦᠷᠦᠯ ᠬᠢᠭᠡᠳ ᠠᠯᠬᠤᠮ ᠶᠠᠪᠤᠴᠠ ᠨᠢ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠬᠦ ᠱᠠᠭᠠᠷᠳᠠᠯᠭ᠎ᠠ ᠳ᠋ᠤ᠌ ᠨᠡᠢᠴᠡᠭᠰᠡᠨ ᠠ᠋ᠴᠠ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠬᠢᠨᠠᠨ ᠭᠡᠷᠡᠴᠢᠯᠡᠬᠦ ᠲᠤᠰᠢᠶᠠᠯᠳᠠᠨ ᠡᠦ ᠰᠢᠶᠤᠤ ᠬᠤᠩ ᠠ᠋ᠴᠠ ᠲᠤᠬᠠᠢ ᠶ᠋ᠢᠨ ᠲᠠᠯᠠᠪᠤᠷ ᠲᠤ᠌ ᠨᠢᠭᠡ ᠲᠠᠯᠠᠪᠠᠢ ᠳ᠋ᠤ᠌ ᠤᠯᠠᠨ ᠬᠦᠮᠦᠨ ᠤᠷᠤᠯᠴᠠᠬ᠍ᠰᠠᠨ ᠬᠠᠮᠤᠭ ᠲᠤᠮᠤ ᠬᠡᠪᠴᠢᠶᠡᠨ ᠤ᠋ ᠦᠨᠳᠦᠰᠦᠳᠡᠨ ᠤ᠋ ᠪᠦᠬᠡ ᠶ᠋ᠢᠨ ᠬᠠᠮᠳᠤ ᠶ᠋ᠢᠨ ᠬᠢᠴᠢᠶᠡᠯᠯᠡᠭᠡ ᠪᠡᠷ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠡᠭᠦᠳᠦᠭᠰᠡᠨ ᠢ᠋ ᠲᠤᠩᠬᠠᠬ᠍ᠯᠠᠨ ᠨᠠᠢᠳᠡᠯᠡᠵᠤ᠂ ᠠᠯᠠᠱᠠ ᠠᠢᠮᠠᠭ ᠤ᠋ᠨ ᠰᠤᠶᠤᠯ ᠵᠢᠭᠤᠯᠴᠢᠯᠠᠯ ᠤ᠋ᠨ ᠪᠡᠯᠡ ᠤᠷᠤᠭᠤᠯᠵᠤ ᠨᠡᠭᠡᠭᠡᠨ ᠠᠰᠢᠬ᠍ᠯᠠᠬᠤ ᠬᠢᠵᠠᠭᠠᠷᠳᠤ ᠺᠤᠮᠫᠠᠨᠢ ᠶ᠋ᠢᠨ ᠬᠡᠷᠡᠭ ᠮᠡᠳᠡᠭᠴᠢ ᠠᠷᠢᠭᠤᠨ ᠳ᠋ᠤ᠌ ᠭᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠡᠭᠦᠳᠦᠭᠰᠡᠨ ᠦᠨᠡᠮᠯᠡᠯ ᠭᠠᠷᠳᠠᠭᠤᠯᠤᠬ᠍ᠰᠠᠨ ᠪᠠᠢᠨ᠎ᠠ᠃ 《ᠦᠨᠦᠳᠦᠷ ᠤ᠋ᠨ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠪᠤᠯ ᠪᠦᠬᠦ ᠲᠡᠯᠡᠬᠡᠢ ᠳ᠋ᠤ᠌ ᠬᠠᠮᠤᠭ ᠤᠯᠠᠨ ᠬᠦᠮᠦᠨ ᠤᠷᠤᠯᠴᠠᠬ᠍ᠰᠠᠨ ᠲᠤᠭ᠎ᠠ ᠪᠡᠷ ᠪᠠᠷᠢᠮᠵᠢᠶ᠎ᠠ ᠪᠤᠯᠭᠠᠬ᠍ᠰᠠᠨ ᠮᠤᠩᠭᠤᠯ ᠦᠨᠳᠦᠰᠦᠳᠡᠨ ᠤ᠋ ᠪᠦᠬᠡ ᠶ᠋ᠢᠨ ᠤᠨᠤᠯ ᠤ᠋ᠨ ᠬᠢᠴᠢᠶᠡᠯ ᠪᠤᠯᠤᠨ᠎ᠠ᠂ ᠡᠨᠡ ᠬᠦ᠌ ᠲᠡᠮᠳᠡᠭᠯᠡᠯ᠎ᠦᠨ ᠱᠠᠭᠠᠷᠳᠠᠯᠭ᠎ᠠ ᠳᠦᠷᠢᠮ ᠳ᠋ᠤ᠌ ᠤᠷᠤᠯᠴᠠᠬ᠍ᠴᠢ ᠶ᠋ᠢᠨ ᠲᠤᠭ᠎ᠠ ᠨᠢ ᠡᠷᠬᠡᠪᠰᠢ 250 ᠬᠦᠮᠦᠨ ᠠ᠋ᠴᠠ ᠲᠡᠭᠡᠭᠰᠢ ᠪᠠᠢᠬᠤ ᠮᠦᠷᠳᠡᠭᠡᠨ ᠬᠢᠴᠢᠶᠡᠯ ᠤ᠋ᠨ ᠴᠠᠭ ᠢ᠋ 30 ᠮᠢᠨᠦᠢ᠍ᠲ ᠠ᠋ᠴᠠ ᠲᠡᠭᠡᠭᠰᠢ ᠪᠠᠢᠬᠤ ᠶ᠋ᠢ ᠪᠠᠳᠤᠯᠠᠵᠤ᠂ ᠤᠷᠤᠯᠴᠠᠬ᠍ᠴᠢ ᠨᠢᠭᠡᠪᠦᠷᠢ ᠮᠤᠩᠭᠤᠯ ᠪᠦᠬᠡ᠂ ᠱᠠᠯᠪᠦᠷ ᠪᠦᠬᠡ ᠶ᠋ᠢᠨ ᠪᠦᠷᠢᠨ ᠡᠮᠦᠰᠭᠡᠯ ᠵᠠᠰᠠᠯ ᠪᠤᠶᠤ ᠴᠦᠬᠡᠨ ᠲᠤᠭᠠᠳᠤ ᠦᠨᠳᠦᠰᠦᠳᠡᠨ ᠤ᠋ ᠬᠤᠪᠴᠠᠰᠤ ᠵᠠᠰᠠᠯ ᠡᠮᠦᠰᠴᠦ᠂ ᠤᠨᠤᠯ ᠤ᠋ᠨ ᠬᠢᠴᠢᠶᠡᠯ ᠢ᠋ ᠰᠤᠨᠤᠰᠴᠤ ᠲᠠᠭᠤᠰᠬᠠᠬᠤ ᠬᠡᠷᠡᠭᠳᠡᠢ᠂ ᠪᠢᠳᠡᠨ ᠤ᠋ ᠡᠴᠦᠰ ᠤ᠋ᠨ ᠪᠦᠷᠢᠳᠭᠡᠯ ᠢ᠋ᠶ᠋ᠠᠷ 503 ᠬᠦᠮᠦᠨ ᠤᠷᠤᠯᠴᠠᠵᠤ᠂ ᠮᠤᠩᠭᠤᠯ ᠦᠨᠳᠦᠰᠦᠳᠡᠨ ᠤ᠋ ᠪᠦᠬᠡ ᠶ᠋ᠢᠨ ᠲᠦᠷᠦᠯ ᠳ᠋ᠡᠬᠢ ᠰᠢᠨ᠎ᠡ ᠨᠢᠭᠡᠨ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠠᠮᠵᠢᠯᠳᠠ ᠲᠠᠢ ᠡᠭᠦᠳᠦᠭᠰᠡᠨ ᠪᠠᠢᠨ᠎ᠠ᠂ ᠡᠨᠡ ᠤᠳᠠᠭ᠎ᠠ ᠪᠤᠯ ᠮᠢᠨᠤ ᠵᠢᠷᠭᠤᠳᠡᠬᠢ ᠤᠳᠠᠭ᠎ᠠ ᠠᠯᠠᠱᠠ ᠠᠢᠮᠠᠭ ᠲᠤ᠌ ᠶᠠᠪᠤᠭᠳᠠᠭᠰᠠᠨ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠬᠦ ᠠᠵᠢᠯᠯᠠᠭ᠎ᠠ ᠶ᠋ᠢᠨ ᠲᠤᠬᠠᠢ᠎ᠶᠢᠨ ᠲᠠᠯᠠᠪᠠᠢ᠎ᠶᠢᠨ ᠭᠡᠷᠡᠴᠢᠯᠡᠯ ᠪᠤᠯᠤᠨ᠎ᠠ》 ᠭᠡᠵᠤ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠬᠢᠨᠠᠨ ᠭᠡᠷᠡᠴᠢᠯᠡᠬᠦ ᠲᠤᠰᠢᠶᠠᠯᠳᠠᠨ ᠡᠦ ᠰᠢᠶᠤᠤ ᠬᠤᠩ ᠶᠠᠷᠢᠨ᠎ᠠ᠃


640 (1).jpg



ᠦᠢᠯᠠᠭᠠᠬ᠍ᠰᠠᠨ ᠢ᠋ᠶ᠋ᠠᠷ᠂ 2004 ᠤᠨ ᠤ᠋ 8 ᠰᠠᠷ᠎ᠠ ᠳ᠋ᠤ᠌᠂ ᠰᠢᠯᠢ ᠶ᠋ᠢᠨ ᠭᠤᠤᠯ ᠠᠢᠮᠠᠭ ᠤ᠋ᠨ ᠪᠠᠷᠠᠭᠤᠨ ᠦᠵᠦᠮᠦᠴᠢᠨ ᠬᠤᠰᠢᠭᠤ 2048 ᠪᠦᠬᠡ ᠶ᠋ᠢᠨ ᠨᠠᠭᠠᠳᠤᠮ ᠢ᠋ᠶ᠋ᠠᠷ ᠬᠠᠮᠤᠭ ᠤᠯᠠᠨ ᠬᠦᠮᠦᠨ ᠤᠷᠤᠯᠴᠠᠬ᠍ᠰᠠᠨ ᠲᠤᠭ᠎ᠠ ᠪᠡᠷ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠴᠦ᠂ 2011 ᠤᠨ ᠤ᠋ 9 ᠰᠠᠷ᠎ᠠ ᠳ᠋ᠤ᠌᠂ ᠮᠤᠩᠭᠤᠯ ᠤᠯᠤᠰ ᠤ᠋ᠨ ᠤᠯᠠᠭᠠᠨᠪᠠᠭᠠᠳᠤᠷ ᠬᠤᠳᠠ ᠳ᠋ᠤ᠌ 6002 ᠪᠦᠬᠡᠴᠢᠨ ᠤᠷᠤᠯᠴᠠᠬ᠍ᠰᠠᠨ ᠨᠠᠭᠠᠳᠤᠮ ᠢ᠋ᠶ᠋ᠠᠷ ᠬᠠᠮᠤᠭ ᠤᠯᠠᠨ ᠬᠦᠮᠦᠨ ᠤᠷᠤᠯᠴᠠᠬ᠍ᠰᠠᠨ ᠪᠦᠬᠡ ᠶ᠋ᠢᠨ ᠨᠠᠭᠠᠳᠤᠮ ᠤ᠋ᠨ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠰᠢᠨᠡᠳᠭᠡᠵᠤ ᠤᠳᠤ ᠪᠤᠯᠳᠠᠯ᠎ᠠ ᠪᠠᠳᠤᠯᠠᠨ ᠬᠠᠳᠠᠭᠠᠯᠠᠬ᠍ᠳᠠᠭᠰᠠᠭᠠᠷ ᠪᠠᠢᠨ᠎ᠠ᠃ ᠦᠪᠦᠷ ᠮᠤᠩᠭᠤᠯ ᠤ᠋ᠨ ᠪᠦᠬᠡ ᠶ᠋ᠢᠨ ᠨᠡᠢᠬᠡᠮᠯᠢᠭ ᠤ᠋ᠨ ᠲᠡᠳ᠋ ᠲᠡᠷᠢᠭᠦᠯᠡᠭᠴᠢ᠂ ᠠᠯᠠᠱᠠ·ᠲᠤᠮᠳᠠᠳᠤ ᠤᠯᠤᠰ ᠤ᠋ᠨ ᠱᠠᠯᠪᠦᠷ ᠪᠦᠬᠡ ᠶ᠋ᠢᠨ ᠨᠡᠢᠬᠡᠮᠯᠢᠭ ᠤ᠋ᠨ ᠲᠡᠷᠢᠭᠦᠯᠡᠭᠴᠢ ᠠᠯᠳᠠᠠᠠᠠᠭᠤᠯᠠ ᠬᠡᠯᠡᠬᠦ ᠳ᠋ᠡᠭᠡᠨ《ᠦᠨᠦᠳᠦᠷ ᠤ᠋ᠨ ᠬᠢᠴᠢᠶᠡᠯ ᠪᠤᠯ ᠪᠦᠬᠦ ᠲᠡᠯᠡᠬᠡᠢ ᠳ᠋ᠤ᠌ ᠬᠠᠮᠤᠭ ᠤᠯᠠᠨ ᠬᠦᠮᠦᠨ ᠤᠷᠤᠯᠴᠠᠬ᠍ᠰᠠᠨ ᠨᠢᠭᠡ ᠤᠳᠠᠭᠠᠨ ᠤ᠋ ᠮᠤᠩᠭᠤᠯ ᠦᠨᠳᠦᠰᠦᠳᠡᠨ ᠤ᠋ ᠪᠦᠬᠡ ᠶ᠋ᠢᠨ ᠬᠠᠮᠳᠤ ᠶ᠋ᠢᠨ ᠬᠢᠴᠢᠶᠡᠯᠯᠡᠭᠡ ᠪᠠᠢᠵᠤ᠂ ᠪᠢᠳᠡ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠬᠦ ᠪᠡᠷ ᠲᠠᠮᠵᠢᠭᠤᠯᠤᠨ ᠮᠤᠩᠭᠤᠯ ᠦᠨᠳᠦᠰᠦᠳᠡᠨ ᠤ᠋ ᠪᠦᠬᠡ ᠶ᠋ᠢᠨ ᠲᠡᠯᠡᠬᠡᠢ ᠳ᠋ᠡᠬᠢ ᠪᠠᠢᠷᠢ ᠰᠠᠭᠤᠷᠢ ᠨᠦᠯᠦᠭᠡ ᠲᠤᠰᠬᠠᠯ ᠢ᠋ ᠬᠦᠮᠦᠰ ᠲᠤ᠌ ᠭᠦᠨᠵᠡᠭᠡᠢ ᠤᠬᠠᠭᠤᠯᠤᠨ ᠲᠠᠨᠢᠯᠴᠠᠭᠤᠯᠵᠤ᠂ ᠡᠯ᠎ᠡ ᠭᠠᠵᠠᠷ ᠤᠷᠤᠨ ᠤ᠋ ᠬᠤᠭᠤᠷᠤᠨᠳᠤᠬᠢ ᠪᠦᠬᠡ ᠶ᠋ᠢᠨ ᠲᠤᠷᠰᠢᠯᠭ᠎ᠠ ᠰᠤᠯᠢᠯᠴᠠᠭ᠎ᠠ᠂ ᠨᠦᠬᠦᠷᠰᠡᠭ ᠬᠠᠮᠳᠤᠷᠠᠯᠴᠠᠭ᠎ᠠ ᠬᠢᠭᠡᠳ ᠤᠯᠠᠮᠵᠢᠯᠠᠯᠳᠤ ᠰᠤᠶᠤᠯ ᠲᠠᠮᠢᠷ ᠤ᠋ᠨ ᠦᠢᠯᠠᠭᠠᠯᠴᠠᠭ᠎ᠠ ᠲᠠᠨᠢᠯᠳᠠ ᠶ᠋ᠢ ᠤᠯᠠᠮ ᠨᠢᠭᠡ ᠠᠯᠬᠤᠮ ᠲᠡᠭᠡᠭᠰᠢᠯᠡᠭᠦᠯᠵᠤ᠂ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠳ᠋ᠤ᠌ ᠮᠤᠩᠭᠤᠯ ᠪᠦᠬᠡ ᠶ᠋ᠢᠨ ᠤᠨᠤᠯ ᠮᠡᠳᠡᠯᠭᠡ ᠶ᠋ᠢᠨ ᠲᠡᠮᠳᠡᠭᠯᠡᠯ ᠪᠠᠢᠬᠤ ᠦᠭᠡᠢ ᠬᠤᠭᠤᠰᠤᠨ ᠢ᠋ ᠨᠦᠬᠦᠪᠦᠷᠢᠯᠡᠨ᠂ ᠤᠷᠤᠨ ᠨᠤᠳᠤᠭ ᠤ᠋ᠨ ᠠᠶᠠᠯᠠᠯ ᠵᠢᠭᠤᠯᠴᠢᠯᠠᠯ ᠤ᠋ᠨ ᠨᠡᠷᠡᠳᠦ ᠲᠡᠮᠳᠡᠭ ᠢ᠋ ᠡᠭᠦᠳᠴᠦ᠂ ᠱᠠᠯᠪᠦᠷ ᠪᠦᠬᠡ ᠪᠠᠨ ᠤᠯᠠᠮᠵᠢᠯᠠᠨ ᠬᠦᠭᠵᠢᠭᠦᠯᠵᠤ᠂ ᠲᠡᠯᠡᠬᠡᠢ ᠶ᠋ᠢᠨ ᠪᠤᠳᠠᠰ ᠤ᠋ᠨ ᠪᠤᠰᠤ ᠰᠤᠶᠤᠯ ᠤ᠋ᠨ ᠦᠪ ᠪᠤᠯᠭᠠᠨ ᠭᠤᠶᠤᠴᠢᠯᠠᠨ ᠮᠡᠳᠡᠭᠦᠯᠬᠦ ᠳ᠋ᠤ᠌ ᠦᠨᠡᠨ ᠪᠤᠳᠠᠳᠤ ᠭᠡᠷᠡᠴᠢ ᠮᠠᠲᠸᠷᠢᠶᠠᠯ ᠦᠯᠡᠳᠡᠭᠡᠬᠦ ᠳ᠋ᠤ᠌ ᠮᠠᠰᠢ ᠰᠠᠢᠨ ᠰᠠᠭᠤᠷᠢ ᠲᠠᠯᠪᠢᠵᠡᠢ》 ᠭᠡᠪᠡ᠃


640 (2).jpg



《ᠲᠤᠮᠳᠠᠳᠤ ᠤᠯᠤᠰ ᠤ᠋ᠨ ᠲᠡᠮᠡᠭᠡᠳᠦ ᠨᠤᠳᠤᠭ》 ᠭᠡᠮᠡᠬᠦ ᠰᠠᠢᠬᠠᠨ ᠠᠯᠳᠠᠷ ᠲᠠᠢ ᠠᠯᠠᠱᠠ ᠠᠢᠮᠠᠭ ᠨᠢ 2009 ᠤᠨ ᠠ᠋ᠴᠠ ᠤᠳᠤ ᠪᠤᠯᠳᠠᠯ᠎ᠠ《ᠳᠡᠯᠡᠭᠡᠢ᠎ᠶᠢᠨ ᠡᠯᠡᠰᠦ ᠮᠠᠩᠬᠠᠨ᠎ᠤ ᠵᠦᠮᠤᠯᠠᠩᠮᠠ 》 ᠭᠡᠭᠳᠡᠭᠰᠡᠨ ᠲᠡᠯᠡᠬᠡᠢ ᠶ᠋ᠢᠨ ᠬᠠᠮᠤᠭ ᠦᠨᠳᠤᠷ ᠡᠯᠠᠰᠤᠨ ᠴᠣᠬᠢᠶ᠎ᠠ ᠪᠣᠯᠬᠤ ᠪᠠᠳᠠᠢ᠎ᠶᠢᠨ ᠵᠢᠷᠠᠨ᠎ᠤ ᠪᠢᠯᠡᠭᠦᠳᠦ᠎ᠶᠢᠨ ᠣᠷᠣᠢ ᠳ᠋ᠤ᠌ ᠮᠤᠲ᠋ᠤᠷ ᠲᠡᠷᠭᠡ᠂ ᠫᠢᠺᠠ ᠲᠡᠷᠭᠡ ᠪᠡᠷ ᠭᠠᠷᠬᠤ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ 3 ᠤᠳᠠᠭ᠎ᠠ ᠡᠭᠦᠳᠦᠨ ᠰᠢᠨᠡᠳᠭᠡᠵᠤ᠂ 2011 ᠤᠨ ᠠ᠋ᠴᠠ ᠨᠠᠭᠠᠰᠢ᠂ 555 ᠲᠡᠮᠡᠭᠡᠨ ᠤ᠋ 5 ᠺᠢᠯᠣᠮᠧᠲᠷ᠎ᠤᠨ ᠭᠡᠭᠡᠷᠡᠯᠡᠬᠦ ᠤᠷᠤᠯᠳᠤᠭᠠᠨ᠂ 365 ᠲᠡᠮᠡᠭᠡ ᠶ᠋ᠢ ᠬᠦᠮᠦᠨ ᠬᠦᠳᠦᠯᠵᠤ ᠲᠤᠭᠤᠷᠢᠨ ᠠᠶᠠᠯᠠᠬᠤ ᠦᠵᠡᠭᠦᠯᠭᠡ᠂ 365 ᠬᠦᠮᠦᠨ ᠲᠡᠮᠡᠭᠡ ᠤᠨᠤᠵᠤ ᠰᠤᠷᠬᠤ ᠬᠢᠴᠢᠶᠡᠯᠯᠡᠭᠡ ᠵᠡᠷᠭᠡ ᠠᠭᠤᠯᠭ᠎ᠠ ᠪᠡᠷ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠦᠭᠰᠡᠨ ᠪᠠᠢᠨ᠎ᠠ᠃ ᠠᠯᠠᠱᠠ ᠠᠢᠮᠠᠭ ᠤ᠋ᠨ ᠰᠤᠶᠤᠯ ᠵᠢᠭᠤᠯᠴᠢᠯᠠᠯ ᠤ᠋ᠨ ᠪᠡᠯᠡ ᠤᠷᠤᠭᠤᠯᠵᠤ ᠨᠡᠭᠡᠭᠡᠨ ᠠᠰᠢᠬ᠍ᠯᠠᠬᠤ ᠬᠢᠵᠠᠭᠠᠷᠳᠤ ᠺᠤᠮᠫᠠᠨᠢ ᠶ᠋ᠢᠨ ᠬᠡᠷᠡᠭ ᠮᠡᠳᠡᠭᠴᠢ ᠠᠷᠢᠭᠤᠨ ᠬᠡᠯᠡᠬᠦ ᠳ᠋ᠡᠭᠡᠨ 《ᠠᠯᠠᠱᠠ ᠠᠢᠮᠠᠭ ᠤᠳᠤ ᠪᠤᠯᠳᠠᠯ᠎ᠠ ᠡᠯᠡᠰᠦ ᠮᠠᠩᠬᠠᠨ ᠤ᠋ ᠪᠠᠷᠳᠠᠭ᠎ᠠ᠂ ᠲᠡᠮᠡᠭᠡᠨ ᠰᠤᠶᠤᠯ᠂ ᠱᠠᠯᠪᠦᠷ ᠪᠦᠬᠡ ᠵᠡᠷᠭᠡ ᠤᠷᠤᠨ ᠨᠤᠳᠤᠭ ᠤ᠋ᠨ ᠤᠨᠴᠠᠯᠢᠬ᠍ᠳᠤ ᠰᠤᠶᠤᠯ ᠲᠠᠮᠢᠷ ᠤ᠋ᠨ ᠬᠦᠳᠡᠯᠭᠡᠭᠡᠨ ᠢ᠋ᠶ᠋ᠠᠷ ᠬᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠨᠡᠢᠳᠡ ᠲᠤᠯᠤᠭᠠᠨ ᠤᠳᠠᠭ᠎ᠠ ᠡᠭᠦᠳᠴᠠᠢ᠂ ᠪᠢᠳᠡ ᠡᠢᠮᠦᠷᠬᠦᠦ ᠲᠤᠮᠤ ᠬᠡᠪᠴᠢᠶᠡᠨ ᠤ᠋ ᠰᠤᠶᠤᠯ ᠲᠠᠮᠢᠷ ᠤ᠋ᠨ ᠬᠦᠳᠡᠯᠭᠡᠭᠡᠨ ᠢ᠋ ᠵᠤᠬᠢᠶᠠᠨ ᠪᠠᠢᠭᠤᠯᠵᠤ ᠭᠢᠨᠢᠰ ᠤ᠋ᠨ ᠲᠡᠯᠡᠬᠡᠢ ᠶ᠋ᠢᠨ ᠲᠡᠮᠳᠡᠭᠯᠡᠯ ᠢ᠋ ᠡᠭᠦᠳᠬᠦ ᠪᠡᠷ ᠲᠠᠮᠵᠢᠭᠤᠯᠤᠨ ᠠᠯᠠᠱᠠ ᠶ᠋ᠢᠨ ᠦᠪᠡᠷᠮᠢᠴᠡ ᠤᠨᠴᠠᠯᠢᠬ᠍ᠳᠤ ᠰᠤᠶᠤᠯ ᠲᠡᠤᠬᠡ᠂ ᠪᠡᠶ᠎ᠡ ᠲᠠᠮᠢᠷ ᠢ᠋ ᠦᠪᠯᠡᠨ ᠬᠠᠮᠠᠭᠠᠯᠠᠵᠤ ᠤᠯᠠᠮᠵᠢᠯᠠᠨ ᠬᠦᠭᠵᠢᠭᠦᠯᠬᠦ ᠶ᠋ᠢᠨ ᠬᠠᠮᠳᠤ ᠤᠷᠤᠨ ᠨᠤᠳᠤᠭ ᠤ᠋ᠨ ᠠᠶᠠᠯᠠᠯ ᠵᠢᠭᠤᠯᠴᠢᠯᠠᠯ ᠤ᠋ᠨ ᠨᠡᠷᠡᠳᠦ ᠲᠡᠮᠳᠡᠭ ᠢ᠋ ᠡᠭᠦᠳᠴᠦ᠂ ᠨᠦᠯᠦᠭᠡ ᠲᠤᠰᠬᠠᠯ ᠢ᠋ ᠦᠷᠭᠡᠳᠭᠡᠬᠦ ᠳ᠋ᠤ᠌ ᠮᠠᠰᠢ ᠰᠠᠢᠨ ᠰᠠᠭᠤᠷᠢ ᠲᠠᠯᠪᠢᠵᠤ᠂ ᠪᠦᠬᠦ ᠲᠡᠯᠡᠬᠡᠢ ᠶ᠋ᠢᠨ ᠬᠦᠮᠦᠰ ᠲᠤ᠌ ᠠᠯᠠᠱᠠ ᠪᠠᠨ ᠤᠬᠠᠭᠤᠯᠤᠨ ᠲᠠᠨᠢᠭᠤᠯᠬᠤ ᠳ᠋ᠤ᠌ ᠲᠦᠯᠬᠢᠴᠡ ᠦᠢᠯᠡᠳᠦᠯ ᠦᠵᠡᠭᠦᠯᠦᠭᠰᠡᠨ ᠪᠠᠢᠨ᠎ᠠ》 ᠭᠡᠪᠡ᠃


640 (3).jpg


640 (4).jpg


640 (5).jpg


640 (6).jpg


ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号