ᠵᠢᠡᠭᠨᠡᠵᠦ᠍ ᠭᠠᠷᠭᠠᠬᠰᠠᠨ ᠪᠤᠶᠤ ᠴᠢᠨᠠᠵᠦ᠍ ᠭᠠᠷᠭᠠᠬᠰᠠᠨ ᠲᠤᠲᠤᠷᠭ᠎ᠠ ᠪᠤᠳᠠᠭ᠎ᠠ ᠵᠢ ᠬᠥᠷᠥᠭᠡᠭᠡᠳ ᠢᠳᠡᠪᠡᠯ ᠴᠢᠰᠤᠨᠤ᠋ ᠥᠭᠡᠬᠦ᠂ ᠴᠢᠰᠤᠨ ᠰᠢᠬᠢᠷ᠂ ᠥᠭᠡᠬᠦᠯᠡᠭᠰᠡᠨ ᠡᠯᠢᠭᠡ ᠳ᠋ᠤ ᠠᠰᠢᠬᠳᠠᠢ ᠤᠤ?
ᠬᠠᠷᠢᠭᠤᠯᠲᠠ᠄ ᠵᠣᠬᠢᠬᠤ ᠦᠷ᠎ᠡ ᠠᠰᠢᠬᠲᠠᠢ᠃
ᠲᠤᠲᠤᠷᠭ᠎ᠠ ᠪᠤᠳᠠᠭ᠎ᠠ᠎ᠪᠠᠨ ᠬᠥᠷᠥᠭᠡᠪᠡᠯ᠂ ᠨᠢᠭᠡ ᠪᠦᠯᠦᠭ ᠵᠤᠲᠠᠩᠰᠢᠭᠰᠠᠨ ᠴᠠᠷᠳᠠᠭᠤᠯ᠎ᠨᠢ ᠳᠠᠬᠢᠭᠠᠳ ᠤᠤᠯ᠎ᠤᠨ ᠪᠠᠶ᠋ᠢᠳᠠᠯ ᠳ᠋ᠠᠭᠠᠨ ᠣᠷᠣᠳᠠᠭ᠂ ᠡᠭᠦᠨ᠎ᠢ《ᠳᠠᠬᠢᠨ ᠠᠮᠢᠯᠠᠬᠤ》 ᠭᠡᠳᠡᠭ᠂ ᠡᠨᠡ ᠬᠦ᠌ ᠶᠠᠪᠤᠴᠠ᠎ᠳᠤ ᠵᠠᠷᠢᠮ ᠲᠡᠰᠪᠦᠷᠢᠯᠡᠬᠦ᠌ ᠊ᠴᠢᠨᠠᠷᠲᠠᠶ ᠴᠠᠷᠳᠠᠭᠤᠯ ᠡᠭᠦᠰᠳᠡᠭ᠃ ᠲᠡᠰᠪᠦᠷᠢᠯᠡᠬᠦ᠌ ᠴᠢᠨᠠᠷᠲᠠᠶ ᠴᠠᠷᠳᠠᠭᠤᠯ᠎ᠤᠨ ᠮᠥᠨ ᠴᠢᠨᠠᠷ᠎ᠨᠢ ᠴᠠᠷᠳᠠᠭᠤᠯ᠎ᠢ ᠲᠡᠰᠪᠦᠷᠢᠯᠡᠬᠦ᠌ ᠢᠰᠬᠡᠭᠦᠷ ᠤᠰᠤ᠎ᠵᠢᠨ ᠵᠠᠳᠠᠷᠠᠵᠤ᠂ ᠭᠢᠨᠵᠢᠯᠢᠭ ᠴᠠᠷᠳᠠᠭᠤᠯ᠎ᠤᠨ ᠮᠣᠯᠧᠺᠦ᠋ᠯ᠎ᠨᠢ ᠬᠡᠰᠡᠭ ᠲᠠᠯᠠᠰᠵᠢᠬᠤ ᠪᠠᠶ᠋ᠢᠳᠠᠯ᠎ᠢ ᠪᠣᠶ ᠪᠣᠯᠭᠠᠵᠤ᠂ ᠴᠠᠷᠳᠠᠭᠤᠯ᠎ᠤᠨ ᠢᠰᠬᠡᠭᠦᠷᠢ ᠦᠵᠦᠮ᠎ᠤᠨ ᠰᠢᠬᠢᠷ᠎ᠤᠨ ᠬᠣᠭᠣᠷᠣᠨᠳᠣᠬᠢ ᠰᠢᠬᠢᠷᠵᠢᠮᠡᠯᠤᠨ ᠬᠣᠯᠪᠣᠭᠠᠰᠤ᠎ᠶᠢ ᠤᠰᠤᠵᠢᠭᠤᠯᠤᠨ ᠵᠠᠳᠠᠷᠠᠭᠤᠯᠵᠤ ᠲᠡᠶ᠋ᠢᠯᠬᠦ᠌ ᠥᠬᠡᠶ ᠪᠣᠯᠭᠠᠳᠠᠭ᠂ ᠡᠶ᠋ᠢᠮᠦ᠎ᠠᠴᠠ ᠲᠡᠭᠦᠨ᠎ᠢ ᠪᠡᠶ᠎ᠡ᠎ᠶᠢᠨ ᠬᠡᠷᠡᠭᠰᠡᠬᠦ᠌ ᠦᠵᠦᠮ᠎ᠤᠨ ᠰᠢᠬᠢᠷ ᠪᠣᠯᠭᠠᠨ ᠬᠦᠢᠴᠡᠳ ᠵᠠᠳᠠᠷᠠᠭᠤᠯᠵᠤ ᠳᠡᠶ᠋ᠢᠯᠬᠦ᠌ ᠥᠬᠡᠶ ᠶᠤᠮ ᠂ ᠲᠡᠷᠡ᠎ᠨᠢ ᠬᠣᠳᠣᠭᠣᠳᠣ ᠭᠡᠳᠡᠰᠦᠨ᠎ᠳᠤ ᠰᠢᠩᠭᠡᠭᠡᠬᠦ᠌ ᠬᠤᠷᠳᠤᠴᠠ᠎ᠨᠢ ᠤᠳᠠᠭᠠᠨ᠂ ᠪᠠᠷᠤᠭ ᠰᠢᠩᠭᠡᠭᠡᠭᠳᠡᠬᠦ᠌ ᠥᠬᠡᠶ ᠪᠠᠶ᠋ᠢᠵᠤ᠂ ᠢᠳᠡᠰᠢ᠎ᠶᠢᠨ ᠰᠢᠷᠬᠡᠭ᠎ᠲᠠᠢ ᠠᠳᠠᠯᠢᠪᠲᠤᠷ ᠦᠢᠯᠡᠳᠦᠯ ᠦᠵᠡᠬᠦᠯᠵᠦ᠍᠂ ᠪᠦᠳᠦᠭᠦᠨ ᠭᠡᠳᠡᠰᠦᠨ ᠳ᠋ᠤ ᠮᠢᠺᠷᠣᠪᠲᠤ᠌ ᠠᠰᠢᠭᠯᠠᠬᠳᠠᠳᠠᠭ᠃ ᠦᠷᠭᠦᠯᠵᠢ ᠲᠡᠰᠪᠦᠷᠢᠯᠡᠬᠦ᠌ ᠴᠢᠨᠠᠷᠲᠠᠶ ᠴᠠᠷᠳᠠᠭᠤᠯ ᠡᠯᠪᠡᠭ ᠠᠭᠤᠯᠤᠭᠰᠠᠨ ᠢᠳᠡᠭᠡᠨ᠎ᠢ ᠢᠳᠡᠪᠡᠯ ᠰᠢᠬᠢᠷ᠎ᠤᠨ ᠥᠭᠡᠬᠦᠨᠤ ᠰᠣᠯᠢᠯᠴᠠᠭ᠎ᠠ᠎ᠶᠢ ᠰᠠᠶ᠋ᠢᠵᠢᠷᠠᠭᠤᠯᠵᠤ᠂ ᠬᠣᠭᠣᠯᠠᠨ᠎ᠤ ᠳᠠᠷᠠᠭᠠᠬᠢ ᠴᠢᠰᠤᠨ ᠰᠢᠬᠢᠷ᠎ᠢ ᠰᠠᠶ᠋ᠢᠵᠢᠷᠠᠭᠤᠯᠵᠤ᠂ ᠭᠡᠳᠡᠰᠦᠨ᠎ᠤ ᠡᠷᠡᠭᠦᠯ ᠮᠡᠨᠳᠦ᠎ᠶᠢ ᠬᠠᠮᠠᠭᠠᠯᠠᠵᠤ᠂ ᠡᠯᠢᠭᠡ ᠥᠭᠡᠬᠦᠯᠡᠬᠦ᠌ ᠪᠠ ᠮᠠᠷᠢᠶ᠎ᠠ ᠰᠢᠭᠤᠷᠠᠭᠤᠯᠬᠤ᠎ᠳᠤ ᠠᠰᠢᠭᠲᠠᠶ ᠶᠤᠮ᠃ ᠰᠢᠩᠭᠡᠭᠡᠯᠲᠡ᠎ᠶᠢᠨ ᠴᠢᠳᠠᠪᠤᠷᠢ ᠠᠨᠠᠶ᠂ ᠬᠣᠳᠣᠭᠣᠳᠣ ᠭᠡᠳᠡᠰᠦᠨ᠎ᠤ ᠡᠪᠡᠳᠴᠢᠨ᠎ᠲᠠᠢ᠂ ᠪᠡᠶ᠎ᠡ ᠲᠤᠷᠠᠩᠬᠠᠶ ᠬᠥᠮᠦᠨ᠎ᠳᠤ ᠠᠪᠴᠤ᠌ ᠬᠡᠯᠡᠪᠡᠯ᠂ ᠲᠣᠰ ᠪᠡᠶ᠎ᠡ᠎ᠶᠢᠨ ᠰᠢᠩᠭᠡᠭᠡᠯᠲᠡ᠎ᠶᠢᠨ ᠰᠢᠩᠭᠡᠨ᠎ᠤ ᠰᠢᠭᠦᠷᠡᠯᠲᠡ᠎ᠨᠢ ᠬᠦᠷᠦᠯᠴᠡᠬᠦ᠌ ᠥᠬᠡᠶ ᠪᠠᠶ᠋ᠢᠳᠠᠭ᠂ ᠬᠡᠷᠪᠡ ᠪᠠᠰᠠ ᠬᠦᠢᠳᠡᠨ ᠢᠳᠡᠭᠡᠨ ᠢᠳᠡᠵᠦ᠍ ᠬᠣᠳᠣᠭᠣᠳᠣ᠎ᠪᠠᠨ ᠬᠦᠷᠦᠭᠡᠪᠡᠯ ᠡᠪᠡᠳᠴᠢᠨ᠎ᠤ ᠪᠠᠶ᠋ᠢᠳᠠᠯ᠎ᠢ ᠬᠦᠨᠳᠦᠷᠡᠭᠦᠯᠵᠦ᠍ ᠮᠡᠳᠡᠨ᠎ᠡ᠂ ᠡᠶ᠋ᠢᠮᠦ᠎ᠠᠴᠠ ᠠᠯᠢ ᠴᠢᠳᠠᠬᠤ᠎ᠪᠠᠷ ᠣᠷᠳᠣ ᠬᠤᠭᠤᠴᠠᠭ᠎ᠠ᠎ᠪᠠᠷ ᠬᠦᠢᠳᠡᠨ ᠲᠤᠲᠤᠷᠭ᠎ᠠ ᠪᠤᠳᠠᠭ᠎ᠠ ᠢᠳᠡᠬᠦ᠌᠎ᠠᠴᠠ ᠵᠠᠶ᠋ᠢᠯᠠᠰᠬᠢᠬᠦ ᠬᠡᠷᠡᠭᠲᠡᠶ᠃
(《ᠠᠷᠠᠳ᠎ᠤᠨ ᠰᠦᠯᠵᠢᠶ᠎ᠠ》 ᠡᠴᠨ ᠨᠠᠢᠷᠠᠭᠤᠯᠤᠨ ᠠᠪᠤᠪᠠ)
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号