—— 《ᠤᠮᠠᠷᠠᠲᠤ ᠬᠢᠯᠢ᠎ᠶᠢᠨ ᠵᠢᠱ᠌ᠢᠶᠡᠴᠢ》ᠴᠣᠯᠠ ᠬᠦᠷᠲᠡᠭᠴᠢ᠂ ᠵᠡᠪᠰᠡᠭᠲᠦ ᠴᠠᠭᠳᠠᠭ᠎ᠠ᠎ᠶᠢᠨ ᠪᠠᠶᠠᠨᠨᠠᠭᠤᠷ᠎ᠤᠨ ᠰᠠᠯᠪᠤᠷᠢ ᠠᠩᠭᠢ᠎ᠶᠢᠨ ᠳᠡᠳ᠋ ᠱᠲ᠋ᠠᠪ᠎ᠤᠨ ᠳᠠᠷᠤᠭ᠎ᠠ ᠪᠦᠬᠡᠲᠡᠮᠦᠷᠢ ᠲᠡᠮᠳᠡᠭᠯᠡᠪᠡ
《ᠨᠠᠮᠠᠢ᠍ᠢ ᠠᠩᠬ᠎ᠠ ᠳᠤᠮᠳᠠᠳᠤ᠎ᠳᠤ ᠪᠠᠢᠬᠤ ᠦᠶ᠎ᠡ᠎ᠳᠦ᠂ ᠨᠢᠭᠡ ᠤᠳᠠᠭ᠎ᠠ ᠡᠵᠢ ᠡᠪᠡᠳᠴᠢᠯᠡᠭᠡᠳ ᠡᠮᠨᠡᠯᠭᠡ᠎ᠳᠦ ᠣᠷᠣᠪᠠ᠂ ᠪᠦᠬᠡᠲᠡᠮᠦᠷ ᠠᠪᠠᠭ᠎ᠠ ᠦᠷᠭᠦᠯᠵᠢ ᠭᠡᠷ᠎ᠲᠦ ᠢᠷᠡᠵᠦ ᠬᠠᠪᠰᠤᠷᠳᠠᠭ᠃ ᠲᠡᠷᠡ ᠪᠢᠳᠡᠨ᠎ᠳᠦ ᠪᠣᠳᠠᠰ᠎ᠤᠨ ᠲᠠᠯ᠎ᠠ᠎ᠶᠢᠨ ᠳᠡᠮᠵᠢᠯᠭᠡ ᠥᠭᠭᠦᠭᠰᠡᠨ᠎ᠢᠶᠡᠷ ᠪᠠᠷᠠᠬᠤ ᠦᠭᠡᠢ᠂ ᠪᠠᠰᠠ ᠣᠶᠤᠨ ᠰᠠᠨᠠᠭᠠᠨ᠎ᠤ ᠲᠠᠯ᠎ᠠ᠎ᠶᠢᠨ ᠵᠣᠷᠢᠭᠵᠢᠭᠤᠯᠤᠯ ᠥᠭᠪᠡ》 ᠭᠡᠮᠡᠨ 4 ᠰᠠᠷ᠎ᠠ᠎ᠶᠢᠨ 29 ᠪ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠎ᠦᠨ ᠡᠷᠬᠢᠯᠡᠭᠰᠡᠨ 《ᠤᠮᠠᠷᠠᠲᠤ ᠬᠢᠯᠢ᠎ᠶᠢᠨ ᠵᠢᠱ᠌ᠢᠶᠡᠴᠢ》 ᠵᠢᠨ ᠲᠡᠷᠢᠭᠦᠨ᠎ᠦ ᠦᠢᠯᠡ ᠠᠵᠢᠯᠯᠠᠭ᠎ᠠ᠎ᠶᠢ ᠨᠡᠢᠲᠡᠯᠡᠬᠦ ᠬᠤᠷᠠᠯ ᠳᠡᠭᠡᠷ᠎ᠡ᠂ ᠥᠪᠥᠷ ᠮᠣᠩᠭᠣᠯ᠎ᠤᠨ ᠬᠣᠩ ᠳ᠋ᠸ ᠨᠡᠢᠭᠡᠮ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠳᠡᠭᠡᠳᠦ ᠰᠤᠷᠭᠠᠭᠤᠯᠢ᠎ᠶᠢᠨ ᠰᠣᠷᠣᠭᠴᠢ ᠰᠢᠤᠢ ᠫᠦ ᠶᠤᠸᠠᠢ ᠰᠡᠳᠭᠢᠯ ᠲᠤᠭᠳᠤᠯᠤᠨ ᠭᠡᠯᠡᠨ᠎ᠠ᠃
ᠪᠦᠬᠡᠳᠡᠮᠤᠷ ᠪᠣᠯ ᠵᠡᠪᠰᠡᠭᠲᠦ ᠴᠠᠭᠳᠠᠭ᠎ᠠ᠎ᠶᠢᠨ ᠪᠠᠶᠠᠨᠨᠠᠭᠤᠷ᠎ᠤᠨ ᠰᠠᠯᠪᠤᠷᠢ ᠠᠩᠬᠢ᠎ᠶᠢᠨ ᠳᠡᠳ᠋ ᠱᠲ᠋ᠠᠪ᠎ᠤᠨ ᠳᠠᠷᠤᠭ᠎ᠠ ᠮᠥᠨ᠂ ᠴᠡᠷᠢᠭ᠎ᠤᠨ ᠠᠯᠪᠠ ᠬᠠᠭᠠᠭᠰᠠᠨ 20 ᠵᠢᠯ᠎ᠤᠨ ᠲᠤᠷᠰᠢ᠂ ᠲᠡᠷᠡ ᠰᠢᠯᠢᠳᠡᠭ ᠴᠡᠷᠢᠭ ᠳᠠᠪᠲᠠᠨ ᠪᠣᠯᠪᠠᠰᠤᠷᠠᠭᠤᠯᠵᠤ᠂ ᠲᠤᠢᠮᠠᠷ᠎ᠦᠨ ᠲᠠᠯᠠᠪᠠᠢ᠎ᠳᠤ ᠲᠠᠭᠠᠷᠢᠨ ᠲᠡᠮᠡᠴᠡᠵᠦ᠂ ᠨᠤᠲᠤᠭ᠎ᠤᠨ ᠠᠷᠠᠳ᠎ᠢᠶᠡᠨ ᠳᠠᠭᠠᠭᠤᠯᠤᠨ ᠶᠠᠳᠠᠭᠤ᠎ᠠᠴᠠ ᠠᠨᠭᠭᠢᠵᠢᠷᠠᠨ ᠪᠠᠶᠠᠵᠢᠨ ᠴᠢᠨᠡᠭᠡᠯᠢᠭᠵᠢᠵᠤ᠂ ᠦᠨᠡᠨᠴᠢ ᠰᠢᠳᠤᠷᠭᠤ ᠪᠡᠷ ᠰᠢᠨ᠎ᠡ ᠴᠠᠭ ᠦᠶ᠎ᠡ᠎ᠶᠢᠨ ᠴᠡᠷᠢᠭ ᠬᠥᠮᠦᠨ᠎ᠦ ᠬᠠᠲᠠᠭᠤ ᠴᠢᠩᠭ᠎ᠠ ᠡᠭᠦᠷᠭᠡ ᠬᠠᠷᠢᠭᠤᠴᠠᠯᠭ᠎ᠠ ᠪᠠᠨ ᠬᠦᠢᠴᠡᠳᠭᠡᠵᠤ ᠢᠷᠠᠵᠠᠢ᠃
2005 ᠣᠨ᠎ᠳᠤ᠂ 19 ᠨᠠᠰᠤᠲᠠᠢ ᠲᠡᠷᠡ ᠭᠡᠷ᠎ᠡᠴᠡ᠎ᠪᠡᠨ ᠰᠠᠯᠵᠤ ᠴᠡᠷᠢᠭ᠎ᠲᠦ ᠡᠯᠰᠡᠭᠳᠡᠵᠤ᠂ ᠬᠠᠷᠠᠬᠠᠨ ᠪᠠᠭ᠎ᠠ᠎ᠶᠢᠨ ᠦᠶ᠎ᠡ᠎ᠶᠢᠨ ᠴᠡᠷᠢᠭ᠎ᠦᠨ ᠬᠤᠸᠠᠷᠠᠨ᠎ᠤ ᠵᠡᠭᠦᠳᠦ᠎ᠪᠡᠨ ᠲᠡᠷᠭᠡᠯᠰᠢᠭᠦᠯᠪᠡ᠃ ᠤᠳᠠᠯ ᠦᠭᠡᠢ᠂ ᠨᠢᠭᠡ ᠤᠳᠠᠭᠠᠨ᠎ᠤ 《ᠪᠠᠴᠢᠮ ᠡᠭᠦᠷᠭᠡ》 ᠲᠡᠭᠦᠨ᠎ᠦ ᠠᠮᠢᠳᠤᠷᠠᠯ᠎ᠳᠤ ᠴᠢᠬᠤᠯᠠ ᠡᠷᠭᠢᠯᠲᠡ ᠠᠪᠴᠢᠷᠠᠪᠠ᠃ 2006 ᠣᠨ᠎ᠳᠤ ᠤᠷᠠᠳ᠎ᠤᠨ ᠡᠮᠦᠨᠡᠲᠦ ᠬᠣᠰᠢᠭᠤᠨ᠎ᠤ ᠪᠣᠬᠢᠷ ᠤᠰᠤ ᠰᠢᠢᠳᠪᠦᠷᠢᠯᠡᠬᠦ ᠦᠷᠲᠡᠬᠡ ᠠᠭᠠᠳᠠᠷ ᠪᠣᠷᠣᠭᠠᠨ᠎ᠠᠴᠠ ᠪᠤᠯᠵᠤ ᠬᠠᠰᠢᠯᠭ᠎ᠠ ᠰᠡᠲᠡᠷᠡᠵᠦ᠂ ᠪᠣᠬᠢᠷ ᠤᠰᠤ ᠨᠢ ᠲᠤᠤᠷᠠᠲᠤ ᠤᠷᠤᠰᠬᠠᠯ᠎ᠤᠨ ᠲᠣᠰᠬᠣᠨ᠎ᠢ ᠵᠢᠪᠪᠦᠬᠦᠯᠬᠦ ᠠᠶᠤᠯ ᠭᠠᠷᠪᠠ᠃ ᠵᠡᠪᠰᠡᠭᠲᠦ ᠴᠠᠭᠳᠠᠭ᠎ᠠ᠎ᠶᠢᠨ ᠪᠠᠶᠠᠨᠨᠠᠭᠤᠷ᠎ᠤᠨ ᠰᠠᠯᠪᠤᠷᠢ ᠠᠩᠭᠢ᠎ᠵᠢᠨ ᠬᠢᠨ ᠦᠳᠲᠡᠷ ᠲᠦᠷᠭᠡᠨ ᠭᠠᠮᠰᠢᠭ᠎ᠡᠴᠡ ᠠᠪᠤᠷᠠᠬᠤ᠎ᠳᠤ ᠤᠷᠤᠯᠴᠠᠵᠤ᠂ ᠴᠡᠷᠢᠭ᠎ᠲᠦ ᠡᠯᠰᠡᠭᠳᠡᠭᠡᠳ ᠲᠦᠷᠪᠡᠭᠡᠨ ᠰᠠᠷ᠎ᠠ ᠪᠤᠯᠵᠤ ᠪᠠᠢᠭ᠎ᠠ ᠪᠦᠬᠡᠳᠡᠮᠤᠷ ᠳᠤᠮᠳᠠ ᠠᠩᠬᠢ᠎ᠶᠢᠨ ᠳᠠᠷᠤᠭ᠎ᠠ᠎ᠪᠠᠨ ᠲᠠᠭᠠᠵᠤ ᠡᠷᠡᠰ ᠰᠢᠭᠤᠷᠬᠠᠢ ᠪᠡᠷ ᠪᠣᠬᠢᠷ ᠤᠰᠤᠨ᠎ᠳᠤ ᠦᠰᠦᠷᠦᠨ ᠣᠷᠣᠵᠤ᠂ ᠳᠠᠢᠴᠢᠨ ᠨᠥᠬᠥᠳ᠎ᠲᠡᠶ᠎ᠪᠡᠨ ᠬᠠᠮᠲᠤ 10 ᠴᠠᠭ ᠲᠡᠮᠡᠴᠡᠵᠦ᠂ ᠡᠴᠦᠰ᠎ᠲᠡᠬᠡᠨ ᠬᠠᠰᠢᠯᠭ᠎ᠠ᠎ᠶᠢ ᠵᠠᠰᠠᠨ ᠰᠡᠯᠪᠢᠵᠦ᠂ ᠠᠶᠤᠯ ᠲᠦᠭᠰᠢᠭᠦᠷᠢ᠎ᠶᠢ ᠠᠮᠵᠢᠯᠲᠠ᠎ᠲᠠᠶ ᠠᠷᠢᠯᠭᠠᠪᠠ᠃ ᠡᠭᠦᠷᠭᠡ ᠪᠠᠨ ᠬᠦᠢᠴᠡᠳᠭᠡᠭᠡᠳ ᠪᠤᠴᠠᠵᠤ ᠢᠷᠡᠭᠰᠡᠨ ᠬᠤᠢᠨ᠎ᠠ᠂ ᠪᠠᠢᠭᠤᠯᠭ᠎ᠠ᠎ᠠᠴᠠ ᠨᠢ ᠳᠤᠮᠳᠠ ᠠᠩᠭᠢ᠎ᠶᠢᠨ ᠳᠠᠷᠤᠭ᠎ᠠ᠎ᠳᠤ ᠭᠤᠷᠪᠠᠳᠤᠭᠠᠷ ᠳᠡᠰ᠎ᠤᠨ ᠭᠠᠪᠢᠶ᠎ᠠ ᠮᠡᠳᠡᠭᠦᠯᠬᠦ᠎ᠪᠡᠷ ᠲᠣᠭᠲᠠᠪᠠ᠃ ᠢᠷᠠᠭᠤ ᠠᠯᠳᠠᠷ᠎ᠤᠨ ᠡᠮᠦᠨ᠎ᠡ᠂ ᠳᠤᠮᠳᠠ ᠠᠩᠭᠢ᠎ᠶᠢᠨ ᠳᠠᠷᠤᠭ᠎ᠠ ᠨᠢ ᠰᠠᠨᠠᠭᠠᠴᠢᠯᠠᠭ᠎ᠠ᠎ᠠᠴᠠ᠎ᠪᠠᠨ ᠵᠣᠬᠢᠶᠠᠨ ᠪᠠᠢᠭᠤᠯᠤᠯᠲᠠ᠎ᠳᠤ᠄ 《ᠪᠢ ᠪᠣᠯ ᠨᠠᠮ᠎ᠤᠨ ᠭᠡᠰᠢᠭᠦᠨ᠂ ᠭᠠᠮᠰᠢᠭ᠎ᠤᠨ ᠡᠮᠦᠨ᠎ᠡ ᠪᠢ ᠤᠷᠢᠤᠨ ᠵᠢᠨᠷ ᠣᠷᠣᠬᠤ ᠨᠢ ᠳᠠᠭᠠᠷᠠᠨ᠎ᠠ᠂ ᠬᠠᠷᠢᠨ ᠢᠷᠠᠭᠤ ᠠᠯᠳᠠᠷ᠎ᠢ ᠪᠦᠬᠡᠲᠡᠮᠦᠷ᠎ᠲᠦ ᠥᠭᠪᠡᠯ ᠵᠣᠬᠢᠨ᠎ᠠ᠂ ᠲᠡᠭᠦᠨ᠎ᠤ ᠰᠠᠶᠢᠬᠠᠨ ᠴᠡᠷᠢᠭ᠎ᠲᠦ ᠣᠷᠣᠮᠠᠭᠴᠠ᠎ᠪᠠᠨ ᠠᠶᠤᠯ᠎ᠡᠴᠡ ᠠᠶᠤᠬᠤ ᠦᠭᠡᠢ ᠵᠤᠷᠢᠭᠲᠠᠢ ᠪᠡᠷ ᠤᠷᠤᠭᠰᠢ᠎ᠪᠠᠨ ᠳᠠᠭᠠᠷᠢᠭᠰᠠᠨ ᠦᠢᠯᠡ ᠠᠵᠢᠯᠯᠠᠭ᠎ᠠ ᠵᠢ ᠰᠤᠷᠤᠯᠴᠠᠭᠤᠰᠢᠲᠠᠢ》ᠭᠡᠮᠡᠨ ᠰᠠᠨᠠᠯ᠎ᠢᠶᠡᠨ ᠲᠡᠪᠰᠢᠭᠦᠯᠵᠡᠢ᠃ ᠳᠤᠮᠳᠠ ᠠᠩᠭᠢ᠎ᠶᠢᠨ ᠳᠠᠷᠤᠭ᠎ᠠ᠎ᠶᠢᠨ ᠭᠢᠨᠢ ᠦᠭᠡ ᠪᠦᠬᠡᠳᠡᠮᠤᠷᠤᠨ ᠰᠡᠳᠭᠢᠯ᠎ᠢ ᠳᠣᠩᠰᠣᠯᠭᠠᠵᠤ᠂ ᠲᠤᠬᠠᠢ᠎ᠶᠢᠨ ᠤᠷᠤᠢ ᠨᠢ ᠲᠡᠷᠡ ᠰᠦᠨᠢᠵᠢᠨ ᠰᠠᠭᠤᠵᠤ ᠨᠠᠮ᠎ᠳᠤ ᠣᠷᠣᠬᠤ ᠡᠷᠡᠮᠡᠯᠵᠡᠯ᠎ᠦᠨ ᠪᠢᠴᠢᠭ᠎ᠢᠶᠡᠨ ᠲᠥᠪ ᠬᠢᠴᠢᠶᠡᠩᠭᠦᠢ᠎ᠪᠡᠷ ᠪᠢᠴᠢᠪᠡ᠃《ᠳᠤᠮᠳᠠ ᠠᠩᠭᠢ᠎ᠶᠢᠨ ᠳᠠᠷᠤᠭ᠎ᠠ ᠰᠠᠨᠠᠭᠠᠴᠢᠯᠠᠭ᠎ᠠ᠎ᠠᠴᠠ᠎ᠪᠠᠨ ᠨᠠᠳᠠ᠎ᠳᠤ ᠢᠷᠠᠭᠤ ᠠᠯᠳᠠᠷ᠎ᠢᠶᠠᠨ ᠨᠠᠢᠷ ᠲᠠᠯᠪᠢᠵᠤ ᠥᠭᠭᠦᠭᠰᠡᠨ ᠨᠢ ᠨᠠᠳᠠ᠎ᠳᠤ ᠮᠠᠰᠢ ᠭᠦᠨ ᠨᠦᠯᠦᠭᠡ ᠥᠭᠴᠡᠶ᠂ ᠨᠠᠮ᠎ᠤᠨ ᠭᠡᠰᠢᠭᠦᠨ ᠪᠣᠯ ᠨᠢᠭᠡᠨ ᠳᠥᠭᠥᠮᠬᠡᠨ ᠨᠡᠷᠡᠢᠳᠦᠯ ᠪᠢᠰᠢ᠂ ᠬᠠᠷᠢᠨ ᠨᠢᠭᠡᠨ ᠬᠦᠨᠳᠦ ᠴᠢᠬᠤᠯᠠ ᠬᠠᠷᠢᠭᠤᠴᠠᠯᠭ᠎ᠠ ᠮᠥᠨ ᠭᠡᠳᠡᠭ᠎ᠢ ᠪᠢ ᠭᠡᠨᠡᠳᠲᠡ ᠤᠬᠠᠭᠠᠷᠠᠪᠠ》 ᠭᠡᠵᠦ ᠪᠦᠬᠡᠲᠡᠮᠦᠷ ᠬᠡᠯᠡᠨ᠎ᠡ᠃
ᠢᠲᠡᠭᠡᠯ ᠪᠢᠰᠢᠷᠡᠯ᠎ᠦᠨ ᠦᠷ᠎ᠡ ᠲᠠᠷᠢᠪᠠᠯ᠂ ᠰᠡᠳᠬᠢᠯ᠎ᠦᠨ ᠲᠠᠷᠢᠶᠠᠨ᠎ᠳᠤ ᠦᠨᠳᠦᠰᠦ ᠬᠠᠳᠬᠤᠨ ᠨᠠᠬᠢᠶᠠᠯᠠᠵᠤ᠂ ᠢᠳᠡᠷᠡᠭᠦᠨ᠎ᠢᠶᠡᠷ ᠦᠰᠦᠨ ᠪᠣᠢᠵᠢᠨᠠ᠃ ᠲᠡᠭᠦᠨ᠎ᠡᠴᠡ ᠬᠣᠢᠰᠢ᠂ ᠪᠦᠬᠡᠲᠡᠮᠦᠷ ᠨᠠᠮ᠎ᠳᠤ ᠣᠷᠣᠬᠤ ᠭᠤᠶᠤᠴᠢᠯᠠᠯ᠎ᠤᠨ ᠪᠢᠴᠢᠭ᠎ᠢᠶᠡᠨ ᠵᠠᠯᠭᠠᠭ᠎ᠠ᠎ᠪᠠᠷ 4 ᠤᠳᠠᠭ᠎ᠠ ᠲᠤᠰᠢᠶᠠᠵᠤ᠂ 2007 ᠣᠨ᠎ᠤ ᠤᠯᠤᠰ᠎ᠤᠨ ᠪᠠᠶᠠᠷ᠎ᠠᠴᠠ ᠡᠮᠦᠨᠡᠬᠡᠨ ᠢᠷᠠᠭᠤ ᠠᠯᠳᠠᠷ ᠲᠠᠢ᠎ᠪᠠᠷ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠡᠯᠰᠡᠭᠳᠡᠪᠠ᠃ ᠡᠭᠦᠨᠴᠡ ᠪᠦᠬᠡᠳᠡᠮᠤᠷ ᠤᠯᠠᠮ᠎ᠡᠴᠡ ᠰᠢᠷᠭᠠᠭᠤ ᠬᠠᠲᠠᠭᠤᠵᠢᠯᠲᠠᠶ ᠪᠣᠯᠪᠠᠰᠤᠷᠠᠯ᠎ᠳᠤ ᠤᠷᠤᠯᠴᠠᠵᠤ᠂ ᠤᠷᠤᠯᠳᠤᠭᠠᠨ᠎ᠤ ᠲᠠᠯᠠᠪᠠᠢ ᠪᠠ ᠡᠭᠦᠷᠭᠡ᠎ᠶᠢᠨ ᠡᠮᠦᠨ᠎ᠡ ᠹᠷᠣᠨᠲ᠎ᠲᠤ ᠢᠮᠠᠭᠲᠠ ᠭᠠᠪᠰᠢᠭᠠᠢᠯᠠᠳᠠᠭ ᠪᠤᠯᠪᠠ᠃ ᠲᠡᠷᠡ ᠤᠷᠢᠳ ᠬᠣᠵᠢᠳ ᠵᠡᠪᠰᠡᠭᠲᠦ ᠬᠦᠴᠦᠨ᠎ᠢᠶᠡᠷ ᠪᠠᠷᠢᠪᠴᠢᠯᠠᠬᠤ᠂ ᠦᠶᠡᠷ᠎ᠲᠡᠶ ᠲᠡᠮᠡᠴᠡᠨ ᠠᠶᠤᠯ᠎ᠠᠴᠠ ᠠᠪᠤᠷᠠᠬᠤ᠂ ᠭᠠᠯ᠎ᠤᠨ ᠠᠶᠤᠯ᠎ᠠᠴᠠ ᠠᠪᠤᠷᠠᠬᠤ ᠵᠡᠷᠭᠡ ᠡᠭᠦᠷᠭᠡ᠎ᠳᠦ ᠵᠠᠭᠤ ᠭᠠᠷᠤᠢ ᠤᠳᠠᠭ᠎ᠠ ᠣᠷᠣᠯᠴᠠᠵᠤ᠂ ᠪᠠᠷᠢᠴᠠᠭᠠᠨ᠎ᠤ ᠬᠥᠮᠦᠨ᠎ᠢ ᠠᠪᠤᠷᠠᠬᠤ᠂ ᠣᠢᠴᠢᠬᠤ ᠮᠠᠶᠢᠭ᠎ᠢᠶᠠᠷ ᠰᠢᠪᠲᠤᠯᠤᠨ ᠣᠷᠣᠬᠤ ᠠᠷᠭ᠎ᠠ᠂ ᠵᠢᠯᠣᠭᠣᠴᠢ ᠦᠭᠡᠢ ᠨᠢᠰᠬᠡᠯ᠎ᠢᠶᠡᠷ ᠪᠣᠰᠣᠭ᠎ᠠ ᠴᠣᠭᠴᠠ᠎ᠪᠠᠷ ᠰᠢᠪᠲᠤᠯᠤᠨ ᠳᠠᠭᠠᠷᠢᠬᠤ ᠵᠡᠷᠭᠡ 9 ᠢᠵᠢ ᠪᠠᠢᠯᠳᠤᠬᠤ ᠠᠷᠭ᠎ᠠ᠎ᠶᠢ ᠪᠦᠬᠦ ᠶᠡᠷᠦᠩᠬᠡᠢ ᠠᠩᠬᠢ᠎ᠳᠤ ᠳᠡᠯᠭᠡᠷᠡᠭᠦᠯᠪᠡ᠃ ᠲᠡᠷᠡ ᠲᠠᠢᠴᠢᠨ ᠨᠥᠬᠥᠳ᠎ᠦᠨ᠎ᠢᠶᠡᠨ ᠰᠡᠳᠬᠢᠯ᠎ᠳᠡᠬᠢ《ᠴᠡᠷᠢᠭ᠎ᠤᠨ ᠮᠡᠷᠭᠡᠵᠢᠯᠲᠡᠨ》 ᠪᠠ ᠴᠡᠷᠢᠭ ᠠᠩᠬᠢ᠎ᠶᠢᠨ ᠲᠠᠢᠴᠢᠨ ᠬᠦᠴᠦᠨ᠎ᠢ ᠳᠡᠭᠡᠭᠰᠢᠯᠡᠭᠦᠯᠬᠦ 《ᠭᠣᠣᠯ ᠬᠥᠳᠡᠯᠭᠡᠭᠦᠷ》 ᠪᠣᠯᠪᠠ᠃
《ᠲᠡᠷᠡ ᠪᠣᠯᠪᠠᠰᠤᠷᠠᠯ᠎ᠤᠨ ᠳᠤᠮᠳᠠ ᠮᠠᠰᠢ ᠴᠢᠩᠭ᠎ᠠ ᠪᠠᠢᠵᠤ᠂ ᠦᠷᠭᠦᠯᠵᠢ ᠪᠢᠳᠡᠨ᠎ᠳᠦ 〈ᠳᠠᠢᠨ᠎ᠤ ᠲᠠᠯᠠᠪᠤᠷ᠎ᠲᠤ ᠪᠠᠷᠤᠭ ᠬᠡᠰᠡᠨ ᠦᠭᠡ ᠪᠠᠢᠬᠤ ᠦᠭᠡᠢ᠂ ᠵᠥᠪᠬᠡᠨ ᠥᠴᠦᠬᠡᠨ᠎ᠴᠦ ᠵᠥᠷᠢᠶ᠎ᠡ ᠦᠭᠡᠢ ᠪᠣᠯ ᠰᠠᠶᠢ ᠤᠳᠠᠭ᠎ᠠ ᠪᠦᠷᠢ᠎ᠶᠢᠨ ᠡᠭᠦᠷᠭᠡ᠎ᠶᠢᠨ ᠢᠯᠠᠯᠲᠠ᠎ᠶᠢ ᠪᠠᠲᠤᠯᠠᠵᠤ ᠴᠢᠳᠠᠨ᠎ᠠ〉 ᠭᠡᠵᠦ ᠬᠡᠯᠡᠳᠡᠭ᠂ ᠲᠡᠭᠦᠨ᠎ᠦ ᠬᠠᠳᠠᠭᠤ ᠲᠠᠰᠬᠠᠯᠵᠢᠭᠤᠯᠤᠯ ᠳᠣᠣᠷ᠎ᠠ᠂ ᠮᠠᠨ᠎ᠤ ᠪᠠᠢᠭᠤᠯᠭ᠎ᠠ᠎ᠶᠢᠨ ᠬᠢᠷᠢ ᠪᠦᠲᠦᠮᠵᠢ ᠬᠡᠵᠢᠶᠡᠳᠡ ᠮᠠᠡᠭᠯᠠᠢᠯᠠᠳᠠᠭ》 ᠭᠡᠵᠦ ᠵᠡᠪᠰᠡᠭᠲᠦ ᠴᠠᠭᠳᠠᠭ᠎ᠠ᠎ᠶᠢᠨ ᠪᠠᠶᠠᠨᠨᠠᠭᠤᠷ᠎ᠤᠨ ᠰᠠᠯᠪᠤᠷᠢ ᠠᠩᠭᠢ᠎ᠶᠢᠨ ᠪᠠᠢᠯᠳᠤᠭᠴᠢ ᠭᠤᠤ ᠴᠢᠤᠸᠠᠨ ᠨᠢᠶᠠᠨ ᠪᠢᠰᠢᠷᠡᠨ ᠬᠡᠯᠡᠨ᠎ᠡ᠃
ᠪᠦᠬᠡᠲᠡᠮᠦᠷ ᠴᠡᠷᠢᠭ ᠪᠣᠯᠪᠠᠰᠤᠷᠠᠭᠤᠯᠬᠤ᠎ᠶᠢᠨ ᠬᠠᠮᠲᠤ ᠤᠯᠠᠨ ᠲᠦᠮᠡᠨ᠎ᠦ ᠲᠥᠯᠥᠭᠡ ᠴᠠᠭ ᠢᠮᠠᠭᠲᠠ ᠰᠠᠨᠠᠭᠠᠰᠢᠷᠠᠵᠤ ᠪᠠᠢᠳᠠᠭ᠃ 2017 ᠣᠨ᠎ᠳᠤ᠂ ᠰᠠᠯᠪᠤᠷᠢ ᠠᠩᠭᠢ ᠨᠢ ᠯᠢᠨ ᠾᠧ ᠲᠣᠭᠣᠷᠢᠭ᠎ᠤᠨ ᠰᠢᠨᠬᠤᠸᠠ ᠪᠠᠯᠭᠠᠰᠤᠨ᠎ᠤ ᠬᠠᠳᠠᠨᠠᠭᠤᠷ ᠲᠣᠰᠬᠣᠨ᠎ᠲᠠᠶ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠬᠠᠪᠰᠤᠷᠤᠨ ᠲᠡᠳᠬᠦᠬᠦ ᠬᠠᠮᠵᠢᠯᠴᠠᠭ᠎ᠠ ᠪᠠᠢᠭᠤᠯᠵᠤ ᠂ ᠪᠦᠬᠡᠲᠠᠮᠦᠷ ᠰᠠᠨᠠᠭᠠᠴᠢᠯᠠᠭ᠎ᠠ᠎ᠠᠴᠠ᠎ᠪᠠᠨ ᠬᠠᠳᠠᠨᠠᠭᠤᠷ ᠲᠣᠰᠬᠣᠨ᠎ᠤ ᠬᠠᠪᠰᠤᠷᠤᠨ ᠲᠡᠳᠬᠦᠬᠦ ᠬᠠᠷᠢᠭᠤᠴᠠᠯᠭᠠᠲᠠᠨ ᠪᠣᠯᠬᠤ᠎ᠪᠠᠷ ᠭᠤᠶᠤᠴᠢᠯᠠᠪᠠ᠃ ᠲᠡᠷᠡ ᠡᠩ ᠲᠡᠷᠢᠭᠦᠨ᠎ᠳᠤ ᠲᠣᠰᠬᠣᠨ᠎ᠤ ᠠᠷᠠᠳ᠎ᠤᠨ ᠦᠵᠡᠯ ᠰᠠᠨᠠᠭ᠎ᠠ᠎ᠵᠢ ᠨᠢ ᠬᠤᠪᠢᠷᠠᠭᠤᠯᠵᠤ᠂ ᠤᠳᠠᠯ ᠦᠭᠡᠢ 《ᠬᠠᠢᠷ᠎ᠠ ᠬᠠᠯᠠᠮᠵᠢ᠎ᠶᠢᠨ ᠨᠣᠮ᠎ᠤᠨ ᠦᠷᠦᠭᠡ》 ᠵᠢ ᠵᠣᠬᠢᠴᠠᠭᠤᠯᠤᠨ ᠪᠠᠢᠭᠤᠯᠵᠤ᠂ 3.5 ᠺᠢᠯᠤᠮᠸᠲᠷ᠎ᠤᠨ 《ᠬᠠᠢᠷ᠎ᠠ ᠬᠠᠯᠠᠮᠵᠢ᠎ᠶᠢᠨ ᠵᠠᠮ》 ᠢ᠋ ᠨᠡᠪᠲᠡᠷᠡᠭᠦᠯᠵᠦ᠂ ᠪᠠᠰᠠ 《 ᠵᠢᠭᠠᠰᠤ ᠲᠡᠵᠢᠭᠡᠬᠦ ᠮᠠᠯ ᠮᠠᠯᠵᠢᠬᠤ ᠭᠡᠷᠡᠯᠴᠢ ᠴᠡᠨᠡᠭ᠎ᠢ ᠨᠢᠭᠡ ᠴᠤᠬᠴᠠᠵᠢᠭᠤᠯᠬᠤ》 ᠲᠦᠷᠦᠯ ᠵᠦᠢᠯ᠎ᠢ ᠣᠷᠣᠭᠤᠯᠤᠨ ᠠᠪᠴᠢᠷᠠᠵᠤ᠂ 10 ᠭᠠᠷᠤᠢ ᠡᠷᠦᠬᠡ ᠲᠣᠰᠬᠣᠨ᠎ᠤ ᠠᠷᠠᠳ᠎ᠤᠨ ᠭᠡᠷ ᠡᠴᠡ ᠪᠠᠨ ᠤᠢᠷᠠᠯᠴᠠᠭ᠎ᠠ ᠠᠵᠢᠯ ᠤᠯᠬᠤᠠᠰᠠᠭᠤᠳᠠᠯᠢ ᠰᠢᠢᠳᠪᠦᠷᠢᠯᠡᠵᠦ᠂ ᠲᠣᠰᠬᠣᠨ᠎ᠤ ᠠᠷᠠᠳ᠎ᠤᠨ ᠬᠥᠮᠦᠨ ᠳᠤᠮᠳᠠᠴᠢ᠎ᠶᠢᠨ ᠵᠢᠯ᠎ᠦᠨ ᠣᠷᠣᠯᠭ᠎ᠠ᠎ᠵᠢ 8000 ᠲᠥᠭᠥᠷᠢᠭ ᠬᠦᠷᠬᠦ ᠦᠭᠡᠢ ᠪᠠᠢᠭᠰᠠᠨ᠎ᠠᠴᠠ 2.3 ᠲᠦᠮᠡᠨ ᠲᠥᠭᠥᠷᠢᠭ ᠪᠣᠯᠭᠠᠨ ᠨᠡᠮᠡᠭᠳᠡᠭᠦᠯᠪᠡ᠃
ᠬᠠᠳᠠᠨᠠᠭᠤᠷ ᠲᠣᠰᠬᠣᠨ᠎ᠢ ᠬᠠᠪᠰᠤᠷᠤᠨ ᠲᠡᠳᠬᠦᠵᠤ ᠪᠠᠢᠬᠤ ᠬᠤᠭᠤᠴᠠᠭᠠᠨ᠎ᠳᠠᠭᠠᠨ ᠪᠦᠬᠡᠲᠡᠮᠦᠷ ᠡᠷᠦᠬᠡ ᠳᠠᠷᠠᠭᠠᠯᠠᠨ ᠰᠤᠷᠪᠤᠯᠵᠢᠯᠠᠵᠤ ᠶᠠᠪᠤᠬᠤ᠎ᠳᠠᠭᠠᠨ ᠰᠢᠤᠢ ᠫᠦ ᠶᠤᠸᠠᠢ ᠵᠢᠨ ᠬᠢᠨ᠎ᠲᠡᠶ ᠲᠠᠨᠢᠯᠴᠠᠪᠠ᠃ ᠰᠢᠤᠢ ᠫᠦ ᠶᠤᠸᠠᠢ ᠵᠢᠨ ᠡᠵᠢ ᠨᠢ ᠥᠮᠡᠨ ᠡᠪᠡᠳᠴᠢᠨ᠎ᠳᠦ ᠨᠡᠷᠪᠡᠭᠳᠡᠵᠦ᠂ ᠠᠪᠤ ᠨᠢ ᠭᠠᠭᠴᠠᠭᠠᠷ ᠲᠠᠷᠢᠶᠠᠨ ᠠᠵᠢᠯ᠎ᠳᠤ ᠬᠦᠴᠢᠷᠳᠡᠵᠦ᠂ ᠬᠦᠨᠳᠦ ᠨᠦᠰᠡᠷ ᠭᠡᠷ ᠪᠦᠯᠢ᠎ᠶᠢᠨ ᠳᠠᠷᠤᠭᠠᠰᠤ ᠨᠢ ᠡᠨᠡ ᠦᠬᠢᠨ᠎ᠢ ᠪᠠᠷᠤᠭ ᠳᠠᠭᠠᠭᠠᠵᠤ ᠳᠡᠢᠯᠬᠦ ᠦᠭᠡᠢ ᠪᠣᠯᠭᠠᠵᠠᠢ᠃ ᠲᠡᠭᠦᠨ᠎ᠦ ᠬᠠᠮᠤᠭ ᠬᠦᠴᠢᠷᠳᠠᠯ ᠲᠠᠢ ᠦᠶ᠎ᠡ᠎ᠳᠦ᠂ ᠪᠦᠬᠡᠲᠡᠮᠦᠷ ᠲᠡᠭᠦᠨ᠎ᠢ ᠲᠡᠳᠭᠦᠵᠤ᠂ ᠡᠵᠢ ᠵᠢᠨ ᠭᠢᠨᠢ ᠮᠡᠰᠡ ᠵᠠᠰᠠᠯ᠎ᠤᠨ ᠵᠠᠷᠤᠳᠠᠯ᠎ᠢ ᠣᠷᠣᠯᠠᠨ ᠥᠭᠭᠦᠭᠰᠡᠨ᠎ᠢᠶᠡᠷ ᠦᠯᠦ ᠪᠠᠷᠠᠨ᠂ ᠨᠡᠩ᠎ᠴᠤ ᠡᠷᠡᠰ ᠪᠠᠲᠤ ᠳᠡᠮᠵᠢᠯᠭᠡ᠎ᠪᠡᠷ ᠲᠡᠭᠦᠨ᠎ᠢ ᠬᠠᠪᠰᠤᠷᠤᠨ ᠢᠲᠡᠭᠡᠯ ᠵᠣᠷᠢᠭ᠎ᠢ ᠨᠢ ᠬᠥᠪᠴᠢᠯᠡᠪᠡ᠃ 《ᠤᠳᠠᠭ᠎ᠠ ᠪᠦᠷᠢ ᠰᠤᠷᠭᠠᠭᠤᠯᠢ ᠡᠬᠢᠯᠡᠬᠦ᠎ᠡᠴᠡ ᠡᠮᠦᠨ᠎ᠡ᠂ ᠪᠦᠬᠡᠲᠡᠮᠦᠷ ᠠᠪᠠᠭ᠎ᠠ ᠨᠠᠳᠠ᠎ᠳᠤ ᠠᠮᠲᠠᠲᠤ ᠢᠳᠡᠭᠡᠨ ᠪᠣᠯᠤᠨ ᠰᠢᠨ᠎ᠡ ᠬᠤᠪᠴᠠᠰᠤ ᠠᠪᠴᠤ ᠦᠭᠳᠡᠭᠵᠢᠡᠷ ᠪᠠᠷᠠᠬᠤ ᠦᠭᠡᠢ ᠮᠠᠰᠢ ᠤᠯᠠᠨ ᠨᠤᠮ ᠢᠯᠡᠭᠡᠵᠦ ᠦᠭᠳᠡᠭ》 ᠭᠡᠵᠦ ᠰᠢᠤᠢ ᠫᠦ ᠶᠤᠸᠠᠢ ᠬᠡᠯᠡᠨ᠎ᠡ᠃
ᠠᠷᠪᠠᠨ ᠬᠡᠳᠦᠨ ᠵᠢᠯ᠎ᠦᠨ ᠲᠤᠷᠰᠢ᠂ ᠪᠦᠬᠡᠳᠡᠮᠤᠷ ᠤᠷᠢᠳ ᠬᠣᠵᠢᠳ ᠰᠢᠤᠢ ᠫᠦ ᠶᠤᠸᠠᠢ ᠰᠢᠭ ᠶᠠᠳᠠᠭᠤ ᠬᠦᠴᠢᠷᠳᠡᠯᠲᠡᠢ 28 ᠰᠤᠷᠤᠬᠴᠢ᠎ᠶᠢ ᠲᠤᠰᠠᠯᠠᠵᠤ᠂ ᠡᠭᠦᠨ᠎ᠳᠦ 15 ᠰᠤᠷᠤᠭᠴᠢ ᠨᠢ ᠶᠡᠬᠡ ᠰᠤᠷᠭᠠᠭᠤᠯᠢ᠎ᠳᠤ ᠰᠢᠯᠭᠠᠨ ᠣᠷᠣᠵᠤ᠂ 1 ᠰᠤᠷᠤᠭᠴᠢ ᠨᠢ ᠠᠰᠫᠢᠷᠠᠨᠲ ᠰᠢᠯᠭᠠᠨ ᠣᠷᠣᠪᠠ᠃ 2023 ᠣᠨ᠎ᠳᠤ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠲᠥᠯᠥᠭᠡᠯᠡᠭᠴᠢ᠎ᠪᠡᠷ ᠰᠣᠩᠭᠣᠭᠳᠠᠭᠰᠠᠨᠤ ᠳᠠᠷᠠᠭ᠎ᠠ᠂ ᠪᠦᠬᠡᠳᠡᠮᠤᠷ ᠨᠠᠩᠴᠤ ᠦᠨᠳᠦᠰᠦᠨ ᠱᠠᠲᠤ᠎ᠶᠢ ᠲᠤᠰᠢᠶᠠᠯ ᠬᠠᠷᠢᠭᠤᠴᠠᠯᠭ᠎ᠠ᠎ᠪᠠᠨ ᠭᠦᠢᠴᠡᠳᠬᠡᠬᠦ ᠵᠢᠭᠰᠠᠭᠠᠯ᠎ᠤᠨ ᠭᠠᠵᠠᠷ ᠪᠣᠯᠭᠠᠪᠠ᠃ ᠬᠣᠶᠠᠷ ᠬᠤᠷᠠᠯ ᠪᠣᠯᠬᠤ ᠪᠦᠷᠢ ᠲᠡᠷᠡ ᠴᠥᠮ ᠮᠠᠯᠵᠢᠬᠤ ᠲᠠᠷᠢᠶᠠᠯᠠᠬᠤ ᠤᠷᠤᠨ᠎ᠳᠤ ᠭᠦᠨᠵᠡᠭᠡᠢᠷᠡᠵᠦ᠂ ᠤᠯᠡᠨ ᠲᠦᠮᠡᠨ᠎ᠤ ᠤᠢᠯᠠᠭᠠᠬᠤ᠎ᠳᠤ ᠲᠦᠭᠦᠮ ᠶᠠᠷᠢᠶ᠎ᠠ ᠬᠡᠯᠡᠯᠴᠡᠭᠡ᠎ᠪᠡᠷ ᠲᠦᠷᠦ᠎ᠶᠢᠨ ᠪᠤᠳᠤᠯᠭ᠎ᠠ᠎ᠶᠢ ᠤᠬᠠᠭᠤᠯᠤᠨ ᠲᠠᠢᠯᠪᠤᠷᠢᠯᠠᠵᠤ᠂ ᠨᠠᠮ᠎ᠤᠨ ᠳᠠᠭᠤᠨ᠎ᠢ ᠤᠯᠠᠨ ᠲᠦᠮᠡᠨ᠎ᠦ ᠳᠡᠷᠭᠡᠳᠡ ᠬᠦᠷᠭᠡᠳᠡᠭ᠃
《ᠨᠢᠭᠡ ᠭᠠᠵᠠᠷ ᠣᠷᠣᠨ᠎ᠤ ᠠᠮᠤᠷ ᠠᠮᠤᠭᠤᠯᠠᠩ᠎ᠢ ᠰᠠᠬᠢᠨ ᠬᠠᠮᠠᠭᠠᠯᠠᠬᠤ ᠪᠣᠯ ᠮᠠᠨ᠎ᠤ ᠴᠡᠷᠢᠭ ᠬᠥᠮᠦᠨ᠎ᠦ ᠬᠠᠮᠤᠭ᠎ᠤᠨ ᠦᠨᠳᠦᠰᠦᠨ ᠡᠭᠦᠷᠭᠡ ᠬᠠᠷᠢᠭᠤᠴᠠᠯᠭ᠎ᠠ ᠮᠥᠨ᠂ ᠠᠷᠠᠳ ᠲᠦᠮᠡᠨ ᠵᠣᠯ ᠵᠢᠷᠭᠠᠯ᠎ᠲᠠᠶ ᠠᠮᠤᠷ ᠠᠮᠤᠭᠤᠯᠠᠩ ᠪᠠᠢᠬᠤ ᠪᠣᠯ ᠪᠢᠲᠡᠨ᠎ᠤ ᠬᠠᠮᠤᠭ᠎ᠤᠨ ᠶᠡᠬᠡ ᠢᠷᠠᠭᠤ ᠠᠯᠳᠠᠷ ᠮᠥᠨ ᠭᠡᠳᠡᠭ᠎ᠢ ᠴᠡᠷᠢᠭ ᠬᠦᠮᠦᠨ᠎ᠤ ᠬᠤᠪᠢ᠎ᠳᠤ ᠪᠢ ᠭᠦᠨᠵᠡᠭᠡᠢ ᠣᠢᠯᠠᠭᠠᠳᠠᠭ》 ᠭᠡᠵᠦ ᠪᠦᠬᠡᠲᠡᠮᠦᠷ ᠬᠡᠯᠡᠨ᠎ᠡ᠃
ᠪᠦᠬᠡᠳᠡᠮᠤᠷ ᠤᠷᠢᠳ ᠬᠣᠵᠢᠳ ᠬᠣᠶᠠᠳᠤᠭᠠᠷ ᠳᠡᠰ᠎ᠤᠨ ᠭᠠᠪᠢᠶ᠎ᠠ᠎ᠶᠢᠨ ᠲᠡᠮᠳᠡᠭ 1 ᠤᠳᠠᠭ᠎ᠠ᠂ ᠭᠤᠷᠪᠠᠳᠤᠭᠠᠷ ᠳᠡᠰ᠎ᠤᠨ ᠭᠠᠪᠢᠶ᠎ᠠ᠎ᠶᠢᠨ ᠲᠡᠮᠳᠡᠭ 5 ᠤᠳᠠᠭ᠎ᠠ ᠬᠦᠷᠲᠡᠵᠦ᠂ 《ᠪᠦᠬᠦ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶᠡᠴᠢ ᠬᠤᠪᠢ ᠬᠥᠮᠦᠨ》 ᠵᠡᠷᠭᠡ ᠤᠯᠠᠨ ᠢᠷᠠᠭᠤ ᠠᠯᠳᠠᠷ᠎ᠢ ᠬᠦᠷᠳᠡᠪᠡ᠃ ᠡᠨᠡ ᠤᠳᠠᠭ᠎ᠠ᠎ᠶᠢᠨ ᠬᠤᠷᠠᠯ ᠳᠡᠭᠡᠷ᠎ᠡ᠂ ᠲᠡᠷᠡ ᠪᠠᠰᠠ 《ᠤᠮᠠᠷᠠᠲᠤ ᠬᠢᠯᠢ᠎ᠶᠢᠨ ᠵᠢᠱ᠌ᠢᠶᠡᠴᠢ》 ᠵᠢᠨ ᠢᠷᠠᠭᠤ ᠠᠯᠳᠠᠷ᠎ᠢ ᠬᠦᠷᠳᠡᠪᠡ᠃
20 ᠵᠢᠯ᠎ᠦᠨ ᠴᠡᠷᠢᠭ ᠠᠩᠬᠢ᠎ᠶᠢᠨ ᠠᠮᠢᠳᠤᠷᠠᠯ᠎ᠳᠤ ᠪᠦᠬᠡᠲᠡᠮᠦᠷ ᠮᠣᠩᠭᠣᠯ ᠮᠣᠷᠢ ᠰᠢᠭ᠋ ᠦᠨᠡᠨᠴᠢ ᠰᠢᠳᠤᠷᠭᠤ᠂ ᠲᠡᠰᠪᠦᠷᠢ ᠬᠠᠲᠠᠭᠤᠵᠢᠯᠲᠠᠢ᠂ ᠴᠤᠴᠠᠯᠲᠠ ᠦᠭᠡᠢ ᠤᠷᠤᠭᠰᠢᠯᠠᠭᠰᠠᠭᠠᠷ ᠢᠷᠡᠪᠡ᠃ ᠲᠡᠷᠡ ᠤᠷᠢ ᠵᠠᠯᠠᠭᠤ᠎ᠵᠢᠨ ᠤᠶᠤᠨ ᠤᠬᠠᠭᠠᠨ ᠪᠠ ᠬᠦᠴᠤᠨ ᠴᠢᠳᠠᠯᠵᠢᠡᠷᠵᠢᠡᠨ ᠨᠢᠭᠡᠨ ᠡᠪ ᠬᠠᠮᠲᠤ ᠨᠠᠮ᠎ᠤᠨ ᠭᠡᠰᠢᠭᠦᠨ᠂ ᠨᠢᠭᠡᠨ ᠴᠡᠷᠢᠭ ᠬᠥᠮᠦᠨ᠎ᠦ ᠤᠭ ᠰᠠᠨᠠᠭ᠎ᠠ ᠪᠣᠯᠤᠨ ᠲᠠᠩᠭᠠᠷᠢᠭ ᠵᠢᠨᠨ ᠦᠢᠯᠡᠳᠦᠯᠭᠡᠵᠢᠭᠦᠯᠵᠦ᠂ ᠠᠷᠠᠳ᠎ᠢᠶᠠᠨ ᠬᠠᠢᠷᠠᠯᠠᠵᠤ ᠠᠷᠠᠳ᠎ᠤᠨ ᠲᠥᠯᠥᠭᠡ ᠵᠢᠳᠬᠦᠭᠰᠡᠨ ᠪᠣᠳᠠᠲᠤ ᠶᠠᠪᠤᠳᠠᠯ ᠤᠳ ᠨᠢ ᠦᠨᠳᠦᠰᠦᠲᠡᠨ᠎ᠨᠦᠭᠦᠳ᠎ᠦᠨ ᠤᠯᠠᠨ ᠲᠦᠮᠡᠨ ᠤ ᠰᠡᠳᠬᠢᠯ ᠢ᠋ ᠳᠤᠯᠠᠭᠠᠴᠠᠭᠤᠯᠵᠤ᠂ ᠦᠨᠳᠦᠰᠦᠲᠡᠨ᠎ᠦ ᠪᠦᠯᠬᠦᠮᠳᠡᠯ᠎ᠦᠨ ᠮᠠᠭᠲᠠᠭᠠᠯ ᠳᠠᠭᠤᠤ᠎ᠶᠢ ᠦᠷᠭᠡᠨ ᠠᠭᠤᠳᠠᠮ ᠲᠠᠯ᠎ᠠ ᠨᠤᠳᠤᠭᠵᠢᠡᠷ ᠬᠠᠡᠭᠬᠢᠨᠠᠭᠤᠯᠤᠭᠰᠠᠭᠠᠷ ᠠᠵᠢ᠃