ᠸᠠᠩ ᠸᠧᠢ ᠵᠦᠩ ᠶᠠᠷᠢᠶ᠎ᠠ ᠲᠠᠯᠪᠢᠵᠤ ᠪᠦᠦ ᠭᠠᠩ ᠪᠠᠶᠠᠷ᠎ᠤᠨ ᠦᠭᠡ ᠬᠡᠯᠡᠵᠦ᠍ ᠱᠢᠤᠢ ᠨᠠᠨ ᠫᠢᠩ ᠬᠤᠷᠠᠯ᠎ᠢ ᠡᠷᠬᠢᠯᠡᠵᠡᠢ
5 ᠰᠠᠷ᠎ᠠ᠎ᠶ᠋ᠢᠨ 7 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠥᠪᠯᠡᠯᠭᠡ ᠥᠭ᠌ᠬᠦ ᠵᠥᠪᠯᠡᠯ᠎ᠦᠨ 2026 ᠣᠨ᠎ᠤ ᠬᠤᠷᠠᠯ ᠬᠥᠬᠡᠬᠣᠲᠠ᠎ᠳᠤ ᠬᠤᠷᠠᠯᠳᠤᠪᠠ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠱᠦᠵᠢ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠬᠤᠷᠢᠶ᠎ᠠ ᠵᠢᠨ ᠡᠷᠬᠢᠯᠡᠭ᠌ᠴᠢ ᠸᠠᠩ ᠸᠧᠶ ᠵᠥᠩ ᠬᠤᠷᠠᠯ᠎ᠳᠤ ᠣᠷᠣᠯᠴᠠᠭ᠍ᠰᠠᠨ ᠪᠥᠭᠡᠳ ᠶᠠᠷᠢᠶ᠎ᠠ ᠲᠠᠯᠪᠢᠵᠤ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭ᠌ᠴᠢ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠬᠤᠷᠢᠶ᠎ᠠ ᠵᠢᠨ ᠡᠷᠬᠢᠯᠡᠭ᠌ᠴᠢ ᠪᠦᠦ ᠭᠠᠩ ᠪᠠᠶᠠᠷ᠎ᠤᠨ ᠦᠭᠡ ᠬᠡᠯᠡᠵᠦ᠍᠂ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠥᠪᠯᠡᠯᠭᠡ ᠥᠭ᠌ᠬᠦ ᠵᠥᠪᠯᠡᠯ᠎ᠦᠨ ᠡᠷᠬᠢᠯᠡᠭ᠌ᠴᠢ ᠭᠡᠱᠢᠭᠦᠨ᠂ ᠳᠤᠮᠳᠠᠳᠤ ᠤᠯᠤᠰ᠎ᠤᠨ ᠢᠨᠵᠧᠨᠧᠷᠢᠩ᠎ᠦᠨ ᠬᠦᠷᠢᠶᠡᠯᠡᠩ᠎ᠦᠨ ᠠᠺᠠᠳᠧᠮᠢᠴᠢ ᠱᠢᠤᠢ ᠨᠠᠨ ᠫᠢᠩ ᠬᠤᠷᠠᠯ᠎ᠢ ᠡᠷᠭᠢᠯᠡᠭ᠌ᠰᠡᠨ ᠪᠥᠭᠡᠳ ᠳ᠋ᠦᠩᠨᠡᠯᠲᠡ᠎ᠶ᠋ᠢᠨ ᠶᠠᠷᠢᠶ᠎ᠠ ᠲᠠᠯᠪᠢᠵᠠᠶ᠃
ᠬᠤᠷᠠᠯ ᠡᠴᠡ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ 〈ᠠᠷᠪᠠᠨ ᠲᠠᠪᠤᠳᠤᠭᠠᠷ ᠲᠠᠪᠤᠨ ᠵᠢᠯ〉 ᠤ᠋ᠨ ᠲᠥᠯᠥᠪᠵᠢᠭᠦᠯᠭᠡ (ᠵᠥᠪᠯᠡᠯᠭᠡ ᠥᠭ᠌ᠬᠦ ᠰᠠᠨᠠᠯ᠎ᠤᠨ ᠨᠤᠤᠷᠠᠭ)》 ᠵᠢ ᠨᠠᠢᠷᠠᠭᠤᠯᠤᠨ ᠵᠣᠬᠢᠶᠠᠭ᠍ᠰᠠᠨ ᠪᠠᠢᠳᠠᠯ᠎ᠤᠨ ᠲᠤᠬᠠᠢ ᠲᠣᠳᠣᠷᠬᠠᠢᠯᠠᠯᠲᠠ᠂ ᠳᠤᠮᠳᠠᠳᠤ ᠤᠯᠤᠰ (ᠥᠪᠥᠷ ᠮᠣᠩᠭᠣᠯ) ᠤ᠋ᠨ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠣᠷᠣᠨ᠎ᠤ 《 ᠭᠣᠣᠯᠳᠠᠯᠭ᠎ᠠ᠎ᠲᠠᠶ ᠬᠦᠷᠢᠶᠡᠨ᠎ᠦ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ》 ᠤ᠋ᠨ ᠪᠦᠳᠦᠭᠡᠨ ᠪᠠᠢᠭᠤᠯᠤᠯᠲᠠ᠎ᠶ᠋ᠢᠨ ᠠᠵᠢᠯ᠎ᠤᠨ ᠪᠠᠢᠳᠠᠯ᠎ᠤᠨ ᠬᠠᠷᠢᠭᠤ ᠮᠡᠳᠡᠭᠦᠯᠦᠯᠲᠡ᠎ᠶ᠋ᠢ ᠰᠣᠨᠣᠰᠪᠠ᠃ ᠵᠠᠩ ᠯᠢ ᠴᠢᠶᠦ᠋ᠨ᠂ ᠹᠦ᠋ ᠮᠧᠩ ᠶᠢᠨ᠂ ᠹᠧᠩ ᠴᠢ᠂ ᠷᠧᠨ ᠹᠠ ᠵᠧᠩ᠂ ᠰᠦᠨ ᠪᠦᠦ ᠭᠦᠸᠧ᠂ ᠶᠠᠩ ᡁᠢ ᠹᠧᠩ᠂ ᠯᠤ᠌ ᠵᠢᠶᠦ᠋ᠨ᠂ ᠯᠦ᠍ ᠵᠠᠨ ᠶᠤᠸᠠᠨ᠂ ᠡᠸ᠋ ᠯᠢ ᠮᠢᠨ ᠵᠡᠷᠭᠡ 9 ᠭᠡᠱᠢᠭᠦᠨ ᠪᠣᠯᠤᠨ ᠣᠨᠴᠠ ᠤᠷᠢᠭ᠍ᠰᠠᠨ ᠲᠤᠰᠭᠠᠶ ᠮᠡᠷᠭᠡᠵᠢᠯᠲᠡᠨ ᠹᠧᠩ ᠵᠢᠶᠠᠩ ᠬᠤᠸᠠ ᠥᠪᠡᠷᠲᠡᠭᠡᠨ ᠵᠠᠰᠠᠬᠤ ᠣᠷᠣᠨ᠎ᠤ 《ᠠᠷᠪᠠᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭᠠᠨ᠎ᠤ ᠠᠵᠤ ᠠᠬᠤᠶ ᠨᠡᠢᠭᠡᠮ᠎ᠦᠨ ᠬᠥᠭ᠌ᠵᠢᠯᠲᠡ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ᠂ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠣᠷᠣᠨ᠎ᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ᠎ᠦᠨ ᠪᠦᠲᠦᠭᠡᠨ ᠪᠠᠢᠭᠤᠯᠤᠯᠲᠠ ᠵᠡᠷᠭᠡ᠎ᠶ᠋ᠢᠨ ᠲᠣᠭᠣᠷᠢᠨ᠎ᠳᠤ ᠰᠠᠨᠠᠯ ᠰᠠᠨᠠᠭᠤᠯᠭ᠎ᠠ ᠳᠤᠷᠠᠳᠪᠠ᠃ ᠣᠷᠴᠢᠮ᠎ᠤᠨ ᠵᠢᠯ ᠳ᠋ᠤ᠂ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠠᠵᠢᠯ ᠢᠯᠡᠳᠲᠡ ᠦᠷ᠎ᠡ ᠪᠦᠲᠦᠮᠵᠢ ᠤᠯᠵᠤ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠣᠷᠣᠭᠤᠯᠤᠯᠲᠠ ᠤᠯᠠᠮ ᠶᠡᠬᠡ ᠪᠣᠯᠵᠤ᠂ ᠱᠢᠨ᠎ᠡ᠎ᠶ᠋ᠢ ᠡᠭᠦᠳᠬᠦ᠌ ᠠᠭᠤᠷ ᠠᠮᠢᠰᠭᠤᠯ ᠤᠯᠠᠮᠥᠳᠭᠡᠨ ᠪᠣᠯᠵᠤ᠂ ᠳᠠᠷᠠᠭᠠᠴᠢ ᠵᠢᠨ ᠠᠯᠬᠤᠮ᠎ᠳᠤ ᠰᠠᠭᠤᠷᠢ ᠰᠤᠳᠤᠯᠭᠠᠨ᠂ ᠦᠷ᠎ᠡ ᠪᠦᠲᠦᠭᠡᠯ᠎ᠢ ᠤᠨᠳᠤᠤᠰᠢᠭᠤᠯᠬᠤ᠂ ᠴᠢᠳᠠᠪᠤᠷᠢᠲᠠᠨ᠎ᠢ ᠬᠥᠮᠦᠵᠢᠭᠦᠯᠬᠦ᠂ ᠲᠠᠪᠴᠠᠩ᠎ᠤᠨ ᠪᠠᠢᠭᠤᠯᠤᠯᠲᠠ᠂ ᠠᠵᠤ ᠠᠬᠤᠢᠯᠠᠯ᠎ᠤᠨ ᠱᠢᠨ᠎ᠡ᠎ᠶ᠋ᠢ ᠡᠭᠦᠳᠬᠦ᠌ ᠭᠤᠤᠯ ᠴᠣᠭ᠍ᠴᠠ᠎ᠶ᠋ᠢᠨ ᠦᠶ᠋ᠯᠡᠳᠦᠯ᠎ᠢ ᠪᠠᠳᠠᠷᠠᠭᠤᠯᠬᠤ ᠵᠡᠷᠭᠡ ᠲᠠᠯ᠎ᠠ᠎ᠪᠠᠷ ᠦᠷᠭᠦᠯᠵᠢᠯᠡᠨ ᠬᠦᠴᠦᠯᠡᠨ ᠪᠣᠭᠣᠮᠲᠠ ᠱᠢᠪᠲᠤᠯᠵᠤ᠂ ᠣᠨᠴᠠᠭᠠᠢᠯᠠᠨ ᠡᠬᠢ ᠪᠠᠶᠠᠯᠢᠭ ᠡᠯᠪᠡᠭ᠂ ᠪᠤᠬᠢᠷᠳᠤᠯ ᠦᠭᠡᠢ ᠴᠠᠬᠢᠯᠭᠠᠨ ᠭᠦᠶ᠋ᠴᠡᠳ᠂ ᠪᠤᠳᠤᠯᠳᠠ ᠵᠢᠨ ᠬᠦᠴᠦᠨ ᠴᠠᠬᠢᠯᠭᠠᠨ ᠬᠦᠴᠦᠨ᠎ᠤ ᠬᠠᠮᠵᠢᠯᠴᠠᠨᠭᠭᠤᠢ᠂ ᠭᠠᠵᠠᠷ ᠨᠤᠲᠤᠭ ᠥᠷᠭᠡᠨ ᠠᠭᠤᠳᠠᠮ ᠵᠡᠷᠭᠡ ᠣᠯᠠᠨ ᠳᠠᠪᠠᠭᠤᠯᠢᠭ ᠲᠤ᠌ ᠰᠠᠭᠤᠷᠢᠯᠠᠵᠤ᠂ ᠬᠡᠷᠡᠭ᠌ᠯᠡᠭᠡᠨ ᠤ᠋ ᠠᠬᠤᠢ ᠪᠠᠢᠳᠠᠯ ᠢ᠋ ᠭᠦᠨᠵᠡᠭᠡᠢ ᠠᠭᠤᠳᠠᠯᠵᠤ᠂ ᠪᠣᠬᠢᠷᠲᠤᠯ ᠦᠭᠡᠢ ᠡᠨᠧᠷᠭᠢ᠂ ᠵᠣᠬᠢᠶᠠᠮᠠᠯ ᠤᠶᠤᠨ ᠴᠢᠳᠠᠪᠤᠷᠢ᠂ Token ᠠᠵᠤ ᠠᠬᠤᠶ᠂ ᠠᠦ᠋ᠲ᠋ᠣ᠋ ᠵᠢᠯᠣᠭᠣᠳᠭᠤ᠂ ᠤᠢᠷ᠎ᠠ ᠤᠭᠳᠠᠷᠭᠤᠢ ᠵᠢᠨ ᠠᠵᠤ ᠠᠬᠤᠶ ᠵᠡᠷᠭᠡ ᠱᠢᠨ᠎ᠡ ᠡᠵᠡᠩᠨᠡᠯᠲᠡ᠎ᠶ᠋ᠢᠨ ᠬᠡᠯᠪᠡᠷᠢ ᠦᠰᠦᠨ ᠪᠤᠵᠠᠭᠠᠢᠷᠠᠬᠤ ᠵᠢ ᠲᠦᠷᠭᠡᠳᠭᠡᠨ ᠠᠬᠢᠭᠤᠯᠵᠤ᠂ ᠥᠨᠳᠥᠷ ᠲᠦᠪᠱᠢᠨ ᠪᠦᠬᠦᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠪᠡᠶ᠎ᠡ᠎ᠪᠡᠨ ᠳᠠᠭᠠᠭᠠᠵᠤ ᠥᠪᠡᠷ᠎ᠢ᠎ᠪᠡᠨ ᠬᠦᠴᠦᠷᠬᠡᠭ᠌ᠵᠢᠭᠦᠯᠬᠦ᠌᠎ᠪᠡᠷ ᠴᠢᠨᠠᠷ ᠰᠠᠢᠲᠠᠶ ᠬᠥᠭ᠌ᠵᠢᠯᠲᠡ᠎ᠶ᠋ᠢ ᠲᠤᠯᠭᠠᠭᠤᠷᠢᠯᠠᠵᠤ ᠬᠥᠲᠥᠯᠥᠨ ᠳᠠᠭᠠᠭᠤᠯᠬᠤ ᠬᠡᠷᠡᠭᠳᠠᠢ ᠭᠡᠵᠤ ᠣᠯᠠᠨ᠎ᠢᠶᠠᠷ᠎ᠢᠶᠠᠨ ᠢᠯᠡᠳᠭᠡᠵᠡᠭᠡᠪᠡ᠃ ᠸᠠᠩ ᠸᠧᠢ ᠵᠦᠩ ᠳᠡᠳᠡᠨ ᠤ᠋ ᠬᠡᠯᠡᠭᠰᠡᠨ ᠢ᠋ ᠨᠠᠷᠢᠨ ᠬᠢᠨᠠᠮᠠᠭᠠᠢ ᠰᠣᠨᠣᠰᠴᠤ᠌᠂ ᠪᠠᠢᠨ ᠪᠠᠢᠨ ᠤᠯᠠᠨ᠎ᠲᠠᠶ ᠰᠠᠨᠠᠯ᠎ᠢᠶᠠᠨ ᠰᠣᠯᠢᠯᠴᠠᠨ ᠶᠠᠷᠢᠯᠴᠠᠵᠤ ᠪᠠᠢᠯ᠎ᠠ᠃ ᠲᠡᠷᠡ᠂ ᠲᠤᠰᠭᠠᠶ ᠮᠡᠷᠭᠡᠵᠢᠯᠲᠡᠳ᠎ᠦᠨ ᠰᠠᠨᠠᠯ ᠰᠠᠨᠠᠭᠤᠯᠭ᠎ᠠ ᠨᠢ ᠥᠪᠥᠷ ᠮᠣᠩᠭᠣᠯ᠎ᠤᠨ ᠪᠠᠢᠳᠠᠯ᠎ᠳᠤ ᠲᠣᠬᠢᠷᠠᠭᠤᠯᠤᠨ ᠲᠤᠭᠳᠠᠭᠠᠵᠤ ᠦᠭᠭᠦᠭᠰᠡᠨ᠂ ᠮᠠᠰᠢ ᠴᠢᠩᠭ᠎ᠠ ᠵᠢᠯᠣᠭᠣᠳᠭᠤ ᠴᠢᠨᠠᠷ᠂ ᠬᠠᠨᠳᠤᠯᠭᠠᠳᠤ ᠴᠢᠨᠠᠷ ᠪᠠ ᠬᠡᠷᠡᠭ᠌ᠵᠢᠭᠦᠯᠬᠦ ᠴᠢᠨᠠᠷᠲᠠᠶ᠂ ᠬᠣᠯᠪᠣᠭ᠍ᠳᠠᠯ ᠪᠥᠬᠥᠶ ᠲᠠᠯ᠎ᠠ᠎ᠶ᠋ᠢᠨ᠎ᠬᠢᠨ ᠨᠠᠷᠢᠨ ᠬᠢᠨᠠᠮᠠᠭᠠᠶ ᠰᠤᠳᠤᠯᠤᠨ ᠡᠮᠬᠢᠯᠡᠵᠦ᠍᠂ ᠱᠢᠩᠭᠡᠭᠡᠨ ᠠᠪᠴᠤ᠌ ᠤᠨᠳᠤᠤᠰᠢᠭᠤᠯᠬᠤ ᠵᠢ ᠰᠠᠢᠲᠤᠷ ᠬᠢᠵᠤ᠂ ᠲᠤᠰᠭᠠᠶ ᠮᠡᠷᠭᠡᠵᠢᠯᠲᠡᠳ ᠦᠷᠭᠦᠯᠵᠢᠯᠡᠨ ᠢᠯᠡᠭᠦᠬᠡᠨ ᠰᠠᠨᠠᠯ ᠰᠠᠨᠠᠭᠤᠯᠭ᠎ᠠ ᠳᠤᠷᠠᠳᠭᠤ᠎ᠶ᠋ᠢ ᠬᠦᠰᠡᠵᠦ᠍ ᠪᠠᠢᠨ᠎ᠠ ᠭᠡᠪᠡ᠃
ᠸᠠᠩ ᠸᠧᠢ ᠵᠦᠩ᠂ ᠤᠢ᠍ᠢᠷ᠎ᠠ᠎ᠶ᠋ᠢᠨ ᠵᠢᠯ᠎ᠡᠴᠡ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠤᠨ ᠵᠠᠰᠠᠭ᠎ᠤᠨ ᠣᠷᠳᠣᠨ ᠶᠡᠷᠦᠩᠬᠡᠢ ᠱᠦᠵᠢ ᠰᠢ ᠵᠢᠨ ᠫᠢᠩ᠎ᠦᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠤᠬᠠᠢ ᠴᠢᠬᠤᠯᠠ ᠥᠭᠦᠯᠡᠯᠲᠡ ᠪᠣᠯᠤᠨ ᠥᠪᠥᠷ ᠮᠣᠩᠭᠣᠯ᠎ᠤᠨ ᠲᠤᠬᠠᠢ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠱᠢᠯᠠᠭᠤᠯᠵᠤ᠂ ᠡᠯ᠎ᠡ ᠱᠠᠲᠤᠨ᠎ᠤ ᠬᠢᠨᠢ ᠵᠣᠬᠢᠶᠠᠨ ᠪᠠᠢᠭᠤᠯᠵᠤ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ 《1571》 ᠠᠵᠢᠯ᠎ᠤᠨ ᠪᠠᠢᠷᠢᠯᠠᠭᠤᠯᠤᠯᠲᠠ᠎ᠶ᠋ᠢ ᠨᠠᠢᠳᠠᠪᠤᠷᠢᠵᠢᠭᠤᠯᠬᠤ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠬᠢᠬᠦ ᠵᠤᠬᠢᠰᠳᠠᠢ ᠪᠠᠨ ᠬᠢᠵᠤ ᠬᠢᠬᠦ ᠵᠤᠬᠢᠰ ᠦᠭᠡᠢ ᠪᠠᠨ ᠦᠯᠦ ᠬᠢᠬᠦ᠌᠎ᠶ᠋ᠢ ᠪᠠᠷᠢᠮᠲᠠᠯᠠᠵᠤ᠂ ᠤᠨᠴᠠᠯᠢᠬ᠍ᠳᠤ ᠳᠠᠪᠠᠭᠤᠯᠢᠭᠳᠤ ᠠᠵᠤ ᠦᠢᠯᠡᠰ ᠪᠣᠯᠤᠨ ᠬᠥᠭ᠌ᠵᠢᠯᠲᠡ᠎ᠶ᠋ᠢᠨ ᠪᠠᠴᠢᠮ ᠬᠡᠷᠡᠭ᠌ᠰᠡᠬᠦ᠌ ᠬᠦᠷᠢᠶᠡᠨ᠎ᠳᠦ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠶ᠋ᠢ ᠶᠡᠬᠡᠪᠡᠷ ᠠᠳᠭᠤᠵᠤ᠂ ᠡᠯ᠎ᠡ ᠬᠦᠷᠢᠶᠡᠨ᠎ᠦ ᠠᠵᠢᠯ ᠱᠢᠨ᠎ᠡ ᠠᠬᠢᠴᠠ ᠱᠢᠨ᠎ᠡ ᠦᠷ᠎ᠡ ᠪᠦᠲᠦᠮᠵᠢ ᠤᠯᠪᠠ᠃ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠥᠪᠯᠡᠯᠭᠡ ᠥᠭ᠌ᠬᠦ ᠵᠥᠪᠯᠡᠯ ᠪᠠᠢᠭᠤᠯᠤᠭ᠍ᠳᠠᠭ᠍ᠰᠠᠨ᠎ᠡᠴᠡ ᠨᠠᠭᠠᠰᠢ ᠡᠯ᠎ᠡ ᠲᠤᠰᠭᠠᠶ ᠮᠡᠷᠭᠡᠵᠢᠯᠲᠡᠨ ᠲᠤᠰᠭᠠᠶ ᠮᠡᠷᠭᠡᠵᠢᠯ᠎ᠦᠨ ᠳᠠᠪᠠᠭᠤᠯᠢᠭ᠎ᠢᠶᠠᠨ ᠭᠦᠶ᠋ᠴᠡᠳ ᠪᠠᠳᠠᠷᠠᠭᠤᠯᠵᠤ᠂ ᠴᠢᠬᠤᠯᠠ ᠶᠡᠬᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠠᠪᠴᠠᠩ᠎ᠤᠨ ᠪᠠᠢᠭᠤᠯᠤᠯᠲᠠ᠂ ᠭᠤᠤᠯᠳᠠᠯᠭ᠎ᠠ᠎ᠲᠠᠶ ᠬᠦᠷᠢᠶᠡᠨ᠎ᠦ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠣᠭᠣᠮᠲᠠ ᠱᠢᠪᠲᠤᠯᠬᠤ᠂ ᠱᠢᠨ᠎ᠡ᠎ᠶ᠋ᠢ ᠡᠭᠦᠳᠦᠭ᠌ᠰᠡᠨ ᠦᠷ᠎ᠡ ᠪᠦᠲᠦᠭᠡᠯ᠎ᠢ ᠤᠨᠳᠤᠤᠱᠢᠭᠤᠯᠤᠨ ᠬᠡᠷᠡᠭ᠌ᠯᠡᠬᠦ᠌ ᠵᠡᠷᠭᠡ ᠲᠠᠯ᠎ᠠ᠎ᠪᠠᠷ ᠶᠡᠬᠡ ᠬᠡᠮᠵᠢᠶᠡᠨ᠎ᠦ ᠲᠣᠪᠣᠢᠮ᠎ᠠ ᠦᠷ᠎ᠡ ᠪᠦᠲᠦᠮᠵᠢᠲᠡᠶ ᠠᠵᠢᠯ ᠬᠢᠵᠦ᠍᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠶ ᠨᠡᠢᠭᠡᠮ᠎ᠦᠨ ᠬᠥᠭ᠌ᠵᠢᠯᠲᠡ᠎ᠳᠦ ᠬᠦᠴᠦᠷᠬᠡᠭ ᠶᠡᠬᠡ ᠣᠶᠤᠨ᠎ᠤ ᠲᠤᠯᠭᠠᠭᠤᠷᠢᠯᠠᠯ ᠪᠠ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠬᠦᠴᠦᠲᠡᠶ ᠪᠠᠲᠤᠯᠠᠭ᠎ᠠ ᠬᠠᠩᠭᠠᠪᠠ᠃ ᠣᠯᠠᠨ᠎ᠤ ᠱᠢᠷᠭᠠᠭᠤ ᠴᠢᠷᠮᠠᠢᠯᠭ᠎ᠠ᠎ᠳᠤ ᠴᠢᠩ ᠰᠡᠳᠭᠢᠯ᠎ᠦᠨ ᠲᠠᠯᠠᠷᠬᠠᠯ ᠪᠠ ᠡᠷᠬᠢᠮ ᠳᠡᠭᠡᠳᠦ ᠬᠦᠨᠳᠦᠳᠭᠡᠯ᠎ᠢᠶᠡᠨ ᠳᠡᠪᠱᠢᠭᠦᠯᠵᠦ ᠪᠠᠢᠨ᠎ᠠ ᠭᠡᠵᠦ ᠬᠡᠯᠡᠪᠡ᠃
ᠸᠠᠩ ᠸᠧᠢ ᠵᠦᠩ᠂ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠶ᠋ᠢ ᠰᠠᠢᠲᠤᠷ ᠠᠳᠭᠤᠬᠤ᠎ᠳᠤ ᠪᠢᠳᠡᠨ᠎ᠤ ᠥᠪᠡᠷ᠎ᠦᠨ ᠴᠢᠷᠮᠠᠢᠯᠭ᠎ᠠ᠎ᠵᠢ ᠱᠠᠭᠠᠷᠳᠠᠬᠤ᠎ᠪᠠᠷ ᠪᠠᠷᠠᠬᠤ ᠦᠭᠡᠢ ᠪᠠᠰᠠ ᠲᠤᠰᠭᠠᠢ ᠮᠡᠷᠭᠡᠵᠢᠯᠲᠡᠨ᠎ᠦ ᠵᠢᠯᠤᠭᠤᠳᠤᠯᠭ᠎ᠠ ᠪᠠ ᠬᠠᠪᠰᠤᠷᠤᠯᠭ᠎ᠠ᠎ᠡᠴᠡ ᠰᠠᠯᠵᠤ ᠴᠢᠳᠠᠬᠤ ᠦᠭᠡᠢ ᠶᠤᠮ᠃ ᠣᠯᠠᠨ᠎ᠢᠶᠠᠷ᠎ᠢᠶᠠᠨ ᠶᠡᠷᠦᠩᠬᠡᠶ ᠱᠦᠵᠢ ᠰᠢ ᠵᠢᠨ ᠫᠢᠩ ᠪᠣᠯᠤᠨ ᠨᠠᠮ᠎ᠤᠨ ᠲᠥᠪ ᠬᠣᠷᠢᠶ᠎ᠠ᠎ᠡᠴᠡ ᠥᠪᠥᠷ ᠮᠣᠩᠭᠣᠯ᠎ᠳᠤ ᠣᠯᠭᠣᠭ᠍ᠰᠠᠨ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ ᠪᠣᠯᠤᠨ ᠡᠭᠦᠷᠭᠡ ᠬᠠᠷᠢᠭᠤᠴᠠᠯᠭᠠᠳᠤ ᠠᠩᠬᠠᠷᠤᠯ᠎ᠢᠶᠠᠨ ᠲᠥᠪᠯᠡᠷᠡᠭᠦᠯᠵᠦ᠍᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠴᠢᠬᠤᠯᠠ ᠶᠡᠬᠡ ᠵᠦᠶ᠋ᠯᠡᠰ᠎ᠦᠨ ᠭᠤᠤᠯᠳᠠᠯᠭ᠎ᠠ᠎ᠲᠠᠶ ᠠᠵᠢᠯ᠎ᠢ ᠴᠢᠩᠭ᠎ᠠ ᠠᠩᠬᠠᠷᠴᠤ᠌᠂ ᠭᠦᠨᠵᠡᠭᠡᠶ ᠰᠤᠳᠤᠯᠵᠤ᠂ ᠰᠠᠨᠠᠯ ᠰᠠᠨᠠᠭᠤᠯᠭ᠎ᠠ ᠳᠤᠷᠠᠳᠤᠨ ᠠᠷᠭ᠎ᠠ ᠤᠬᠠᠭᠠᠨ ᠳᠡᠪᠰᠢᠭᠦᠯᠬᠦ᠎ᠶ᠋ᠢ ᠬᠦᠰᠡᠵᠦ᠍ ᠪᠠᠢᠨ᠎ᠠ᠃ ᠱᠢᠨ᠎ᠡ ᠡᠨᠧᠷᠭᠢ᠂ ᠣᠲᠣ ᠦᠶ᠎ᠡ᠎ᠶ᠋ᠢᠨ ᠨᠡᠭᠦᠷᠡᠰᠦ ᠬᠢᠮᠢ᠎ᠶ᠋ᠢᠨ ᠠᠵᠤ ᠦᠶ᠋ᠯᠡᠳᠪᠦᠷᠢ᠂ ᠬᠣᠪᠣᠷ ᠱᠢᠷᠣᠶ᠂ ᠱᠢᠨ᠎ᠡ ᠮᠠᠲ᠋ᠧᠷᠢᠶᠠᠯ᠂ ᠡᠪᠡᠰᠦᠨ᠎ᠦ ᠦᠶ᠋ᠯᠡᠰ᠂ ᠰᠦ᠎ᠶᠢᠨ ᠦᠶ᠋ᠯᠡᠰ᠂ ᠠᠮᠢᠳᠤ ᠪᠣᠳᠠᠰ᠎ᠤᠨ ᠡᠭᠦᠯᠳᠡᠷ ᠪᠣᠢᠵᠢᠭᠤᠯᠬᠤ ᠵᠡᠷᠭᠡ ᠬᠦᠷᠢᠶ᠎ᠡ ᠴᠠᠷᠠᠭ᠎ᠠ᠎ᠶ᠋ᠢᠨ ᠲᠣᠭᠣᠷᠢᠨ᠎ᠳᠤ ᠪᠢᠳᠠᠨ᠎ᠲᠡᠶ ᠬᠠᠮᠲᠤ᠎ᠪᠠᠷ ᠰᠠᠭᠤᠷᠢ ᠰᠤᠳᠤᠯᠭᠠᠨ᠎ᠢ ᠴᠢᠩᠭᠠᠳᠭᠠᠵᠤ᠂ ᠬᠣᠯᠪᠣᠭᠠᠯᠠᠨ ᠪᠣᠭᠣᠮᠲᠠ ᠱᠢᠪᠲᠤᠯᠬᠤ᠎ᠶ᠋ᠢ ᠥᠷᠨᠢᠭᠦᠯᠦᠨ᠂ ᠨᠠᠩ ᠣᠯᠠᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠷ᠎ᠡ ᠪᠦᠲᠦᠭᠡᠯ᠎ᠢ ᠮᠠᠨ᠎ᠤ ᠣᠷᠣᠨ᠎ᠳᠤ ᠤᠨᠳᠤᠤᠰᠢᠭᠤᠯᠤᠨ ᠪᠣᠳᠠᠲᠠᠢᠵᠢᠭᠤᠯᠬᠤ᠎ᠵᠢ ᠬᠦᠰᠡᠵᠦ ᠪᠤᠢ᠃ ᠪᠢᠳᠡᠨ᠎ᠢ ᠵᠢᠯᠣᠭᠣᠳᠤᠨ ᠬᠠᠪᠰᠤᠷᠴᠤ᠌ ᠤᠶᠠᠨ ᠴᠢᠨᠠᠷᠲᠠᠶ᠎ᠪᠠᠷ ᠴᠢᠳᠠᠪᠤᠷᠢᠲᠠᠨ ᠣᠷᠣᠭᠤᠯᠤᠨ ᠠᠪᠴᠢᠷᠠᠬᠤ᠂ ᠴᠢᠳᠠᠪᠤᠷᠢᠲᠠᠨ᠎ᠢᠶᠠᠷ ᠴᠢᠳᠠᠪᠤᠷᠢᠲᠠᠨ᠎ᠢ ᠣᠷᠣᠭᠤᠯᠤᠨ ᠠᠪᠴᠢᠷᠠᠬᠤ᠂ ᠴᠢᠳᠠᠪᠤᠷᠢᠲᠠᠨ᠎ᠳᠤ ᠲᠠᠪᠴᠠᠩ ᠪᠠᠢᠭᠤᠯᠵᠤ ᠥᠭᠬᠦ ᠵᠡᠷᠭᠡ ᠠᠵᠢᠯ᠎ᠢ ᠯᠠᠪᠳᠠᠭᠤᠨ ᠪᠠᠲᠤᠲᠠᠶ ᠰᠠᠢᠲᠤᠷ ᠬᠢᠵᠦ᠍᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠨᠠᠷᠠᠲᠤ ᠶᠡᠬᠡ ᠳᠡᠭᠡᠳᠦ ᠰᠤᠷᠭᠠᠭᠤᠯᠢ᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ ᠭᠠᠵᠠᠷ᠎ᠯᠤᠭ᠎ᠠ᠎ᠶ᠋ᠢᠨ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠦᠷᠭᠦᠯᠵᠢᠯᠡᠨ ᠴᠢᠩᠭᠠᠳᠭᠠᠵᠤ᠂ ᠴᠢᠳᠠᠪᠤᠷᠢᠲᠠᠨ᠎ᠢ 《ᠣᠷᠣᠭᠤᠯᠤᠨ ᠠᠪᠴᠢᠷᠠᠵᠤ ᠬᠦᠮᠦᠵᠢᠭᠦᠯᠦᠨ ᠦᠯᠡᠳᠡᠭᠡᠵᠦ ᠬᠡᠷᠡᠭ᠌ᠯᠡᠬᠦ᠌》 ᠶᠠᠰᠤ ᠴᠢᠨᠠᠷ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠎ᠵᠢ ᠬᠦᠰᠡᠵᠦ ᠪᠠᠢᠨ᠎ᠠ᠃ ᠬᠣᠯᠪᠣᠭ᠍ᠳᠠᠯ ᠪᠥᠬᠥᠶ ᠲᠠᠯ᠎ᠠ᠎ᠶ᠋ᠢᠨ᠎ᠬᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠦᠶ᠋ᠯᠡᠴᠢᠯᠡᠭᠡ ᠪᠠᠲᠤᠯᠠᠭ᠎ᠠ᠎ᠶ᠋ᠢ ᠪᠥᠬᠥ᠌ ᠲᠠᠯ᠎ᠠ᠎ᠪᠠᠷ ᠴᠢᠩᠭᠠᠳᠭᠠᠵᠤ᠂ ᠲᠤᠰᠭᠠᠶ ᠮᠡᠷᠭᠡᠵᠢᠯᠲᠡᠳ᠎ᠦᠨ ᠠᠵᠢᠯ᠎ᠢᠶᠠᠨ ᠥᠷᠨᠢᠭᠦᠯᠬᠦ᠌᠎ᠳᠦ ᠰᠠᠢᠨ ᠰᠠᠢᠬᠠᠨ ᠨᠥᠬᠥᠴᠡᠯ ᠡᠭᠦᠳᠴᠦ᠍ ᠥᠭ᠌ᠬᠦ᠎ᠪᠡᠷ ᠬᠦᠴᠦᠯᠡᠨ ᠴᠢᠷᠮᠠᠢᠬᠤ ᠬᠡᠷᠡᠭ᠌ᠲᠡᠶ ᠭᠡᠪᠡ᠃
ᠱᠢᠤᠢ ᠨᠠᠨ ᠫᠢᠩ᠂ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠵᠥᠪᠯᠡᠯᠭᠡ ᠥᠭ᠌ᠬᠦ ᠵᠥᠪᠯᠡᠯ᠎ᠦᠨ᠎ᠬᠢᠨ ᠶᠡᠷᠦᠩᠬᠡᠶ ᠱᠦᠵᠢ ᠰᠢ ᠵᠢᠨ ᠫᠢᠩ ᠪᠣᠯᠤᠨ ᠨᠠᠮ᠎ᠤᠨ ᠲᠥᠪ ᠬᠣᠷᠢᠶ᠎ᠠ᠎ᠡᠴᠡ ᠥᠪᠥᠷ ᠮᠣᠩᠭᠣᠯ᠎ᠳᠤ ᠣᠯᠭᠣᠭ᠍ᠰᠠᠨ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ ᠪᠣᠯᠤᠨ ᠡᠭᠦᠷᠭᠡ ᠬᠠᠷᠢᠭᠤᠴᠠᠯᠭ᠎ᠠ᠎ᠶ᠋ᠢᠨ ᠲᠣᠭᠣᠷᠢᠨ᠎ᠳᠤ ᠲᠤᠰᠭᠠᠶ ᠮᠡᠷᠭᠡᠵᠢᠯ᠎ᠦᠨ ᠳᠠᠪᠠᠭᠤᠯᠢᠭ᠎ᠢᠶᠠᠨ ᠭᠦᠶ᠋ᠴᠡᠳ ᠪᠠᠳᠠᠷᠠᠭᠤᠯᠵᠤ᠂ ᠲᠣᠭ᠍ᠲᠠᠮᠠᠯ ᠬᠤᠭᠤᠴᠠᠭ᠎ᠠ᠎ᠲᠠᠶ᠎ᠪᠠᠷ ᠵᠥᠪᠯᠡᠯᠭᠡ ᠥᠭ᠌ᠬᠦ᠂ ᠲᠤᠰᠭᠠᠶ ᠰᠡᠳᠦᠪᠲᠦ ᠪᠠᠢᠴᠠᠭᠠᠨ ᠰᠤᠳᠤᠯᠤᠯᠲᠠ ᠬᠢᠬᠦ᠌᠂ ᠲᠥᠷᠥᠯ ᠵᠦᠶ᠋ᠯ᠎ᠢ ᠵᠣᠯᠭᠠᠭᠤᠯᠬᠤ᠂ ᠴᠢᠳᠠᠪᠤᠷᠢᠲᠠᠨ᠎ᠢ ᠪᠠᠳᠤᠯᠠᠨ ᠲᠠᠨᠢᠯᠴᠠᠭᠤᠯᠬᠤ ᠵᠡᠷᠭᠡ ᠣᠯᠠᠨ ᠵᠦᠶ᠋ᠯ᠎ᠦᠨ ᠠᠷᠭ᠎ᠠ ᠬᠡᠯᠪᠡᠷᠢ᠎ᠪᠡᠷ ᠳᠠᠮᠵᠢᠨ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠠᠢᠭᠤᠯᠤᠮᠵᠢ᠂ ᠶᠡᠬᠡ ᠳᠡᠭᠡᠳᠦ ᠰᠤᠷᠭᠠᠭᠤᠯᠢ ᠪᠣᠯᠤᠨ ᠠᠵᠤ ᠠᠬᠤᠢᠯᠠᠯ᠎ᠯᠤᠭ᠎ᠠ᠎ᠶ᠋ᠢᠨ ᠪᠣᠳᠠᠲᠠᠶ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠪᠠᠨ ᠲᠠᠰᠤᠷᠠᠯᠲᠠ ᠥᠬᠡᠶ ᠭᠦᠨᠵᠡᠭᠡᠢᠷᠡᠭᠦᠯᠵᠦ᠍᠂ ᠥᠨᠳᠥᠷ ᠲᠦᠪᠱᠢᠨ ᠪᠥᠬᠥᠶ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠲᠠᠯ᠎ᠠ ᠪᠡᠷ ᠪᠡᠶ᠎ᠡ᠎ᠪᠡᠨ ᠳᠠᠭᠠᠭᠠᠵᠤ ᠬᠦᠴᠦᠷᠬᠡᠭ᠌ᠵᠢᠭᠦᠶ᠋ᠢ ᠪᠡᠶᠡᠯᠡᠭᠦᠯᠬᠦ᠌᠎ᠳᠦ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠡᠨ ᠦᠵᠡᠭᠦᠯᠦᠨ᠎ᠡ ᠭᠡᠵᠦ᠍ ᠢᠯᠡᠳᠭᠡᠪᠡ᠃
ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠰᠦᠨ ᠵᠢᠶᠦ᠋ᠨ ᠴᠢᠩ ᠣᠷᠣᠯᠴᠠᠵᠤ᠂ ᠥᠪᠡᠷᠲᠡᠭᠡᠨ ᠵᠠᠰᠠᠬᠤ ᠣᠷᠣᠨ᠎ᠤ ᠬᠣᠯᠪᠣᠭ᠍ᠳᠠᠯ ᠪᠦᠬᠦᠢ ᠰᠠᠯᠠᠭ᠎ᠠ ᠮᠥᠴᠢᠷ᠎ᠦᠨ ᠬᠠᠷᠢᠭᠤᠴᠠᠯᠭᠠᠲᠠᠨ ᠨᠥᠬᠥᠳ ᠣᠷᠣᠯᠴᠠᠵᠠᠢ᠃