ᠦᠩᠭᠡ ᠳᠠᠢ ᠭᠡᠷᠡᠯᠳᠡᠢ ᠠᠮᠢᠳᠤᠷᠠᠭᠠᠴᠢ
2026-05-08 09:31:41
ᠵᠣᠬᠢᠶᠠᠭ᠍ᠴᠢ᠄
ᠴᠢᠬᠢᠷᠠᠭ
ᠣᠩᠱᠢᠭ᠍ᠰᠠᠨ ᠣᠳᠠᠭ᠎ᠠ᠄
★★★☆☆

ᠬᠦᠮᠦᠨ᠎ᠦ ᠠᠮᠢᠳᠤᠷᠠᠯ ᠭᠡᠭᠴᠢ ᠳᠡᠷᠡ ᠴᠢᠭ ᠵᠢᠠᠷ ᠵᠢᠠᠨ ᠨᠢᠭᠡᠨ ᠵᠦᠴᠤᠭᠡ ᠵᠢᠨ ᠳᠡᠪᠳᠡᠷ ᠶᠤᠮ᠃ ᠭᠡᠭᠡ ᠳᠠᠳᠠᠵᠦ ᠠᠮᠢᠳᠤᠷᠠᠨ᠎ᠠ ᠤᠤ᠂ ᠭᠤᠨᠢᠵᠦ ᠭᠤᠳᠤᠷᠡᠵᠦ ᠦᠩᠭᠡᠷᠡᠬᠦᠯᠦᠨ᠎ᠠ ᠤᠤ? ᠡᠨᠡ ᠨᠢ ᠬᠦᠮᠦᠨ ᠪᠦᠬᠦᠳᠡ ᠵᠢᠨ ᠠᠮᠢᠳᠤᠷᠠᠯ ᠳ᠋ᠤ ᠬᠠᠨᠳᠤᠬᠤ ᠤᠪᠤᠷ ᠳᠠᠢ ᠰᠢᠭᠤᠳ ᠬᠤᠯᠪᠤᠭ᠎ᠠ ᠳᠠᠢ ᠠᠵᠢ᠃

ᠠᠪᠤ ᠵᠢᠨ ᠪᠤᠢ ᠳ᠋ᠤ ᠬᠦᠮᠦᠨ ᠳᠠᠨᠢᠵᠦ᠂ ᠠᠭᠳᠠ ᠵᠢᠨ ᠪᠤᠢ ᠳ᠋ᠤ ᠭᠠᠵᠠᠷ ᠳᠠᠨᠢᠨ᠎ᠠ ᠭᠡᠳᠡᠭ᠃ ᠨᠢᠯᠬ᠎ᠠ ᠪᠡᠯᠴᠢᠷ ᠨᠠᠰᠤᠨ ᠳ᠋ᠠᠭᠠᠨ ᠨᠠᠷᠡᠳᠤ ᠶᠢᠷᠳᠢᠨᠴᠤ ᠵᠢ ᠬᠠᠷᠠᠵᠦ᠂ ᠨᠠᠰᠤᠨ ᠪᠠᠭ᠎ᠠ ᠵᠢᠨ ᠴᠠᠭ ᠳᠠᠭᠠᠨ ᠬᠢᠴᠢᠶᠡᠯ ᠰᠤᠷᠤᠯᠭ᠎ᠠ ᠵᠢ ᠡᠷᠬᠢᠮᠯᠡᠵᠦ᠂ ᠵᠠᠯᠠᠭᠤ ᠢᠳᠡᠷ ᠦᠶ᠎ᠠ ᠳ᠋ᠡᠭᠡᠨ ᠦᠢᠯᠡᠰ ᠬᠦᠭᠡᠭᠡᠴᠡᠯᠳᠤᠯ ᠵᠢᠠᠨ ᠪᠡᠶᠡᠯᠡᠬᠦᠯᠵᠦ᠂ ᠵᠠᠵᠢᠨ ᠪᠤᠭᠤᠷᠤᠯ ᠪᠤᠯᠬᠤ ᠳ᠋ᠠᠭᠠᠨ ᠰᠡᠳᠬᠢᠯ ᠲᠦᠬᠦᠷᠡᠩ ᠶᠠᠪᠤᠪᠠᠯ᠂ ᠠᠯᠬᠤᠭᠰᠠᠨ ᠭᠠᠵᠠᠷ ᠡᠴᠡ ᠴᠢᠨᠢ ᠴᠡᠴᠡᠭ ᠳᠡᠯᠭᠡᠷᠡᠵᠦ᠂ ᠠᠮᠢᠳᠤᠷᠠᠯ᠎ᠤᠨ ᠵᠠᠮ ᠡᠴᠡ ᠴᠢᠨᠢ ᠭᠡᠷᠡᠯ ᠰᠠᠴᠤᠷᠠᠵᠦ᠂ ᠬᠦᠮᠦᠨ᠎ᠦ ᠨᠢᠭᠡ ᠨᠠᠰᠤᠨ ᠳᠡᠬᠦᠰ ᠳᠡᠬᠦᠯᠳᠡᠷ ᠪᠤᠯᠳᠠᠭ ᠤᠴᠢᠷᠳᠠᠢ᠃ ᠤᠷᠴᠢᠮᠬᠠᠨ ᠵᠸᠵᠢᠶᠠᠩ ᠮᠤᠵᠢ ᠵᠢᠨ ᠢ ᠡᠤ ᠬᠤᠳᠠ ᠳ᠋ᠤ ᠦᠢᠯᠡᠰ ᠮᠦᠷᠤᠭᠡᠳᠤᠯ ᠵᠢᠠᠨ ᠪᠡᠶᠡᠯᠡᠬᠦᠯᠬᠦ ᠭᠡᠵᠦ ᠮᠡᠷᠡᠢᠵᠦ ᠶᠠᠪᠤᠭ᠎ᠠ ᠦᠪᠤᠷ ᠮᠤᠩᠭᠤᠯ ᠨᠤᠳᠤᠭ ᠳᠠᠢ ᠠᠷᠪᠠ ᠶᠢᠰᠤᠳᠡᠢ ᠵᠠᠯᠠᠭᠤ ᠪᠠᠶᠠᠵᠢᠯ᠎ᠤᠨ ᠸᠢᠳᠢᠣ᠋ ᠪᠢᠴᠢᠯᠭᠡ ᠵᠢ ᠬᠠᠷᠠᠭᠠᠳ᠂ ᠪᠢᠳᠠ ᠴᠤᠬᠤᠮ ᠠᠷᠪᠠ ᠶᠢᠰᠤᠨ ᠨᠠᠰᠤᠨ ᠳ᠋ᠠᠭᠠᠨ ᠶᠠᠭᠤ ᠬᠢᠵᠦ ᠪᠠᠢᠭᠰᠠᠨ ᠪᠤᠯ ᠭᠡᠵᠦ ᠪᠠᠢᠨ ᠳᠠᠬᠢᠨ ᠪᠡᠶ᠎ᠠ ᠪᠡᠨ ᠰᠢᠨᠵᠢᠬᠦ ᠪᠤᠯᠤᠯ᠎ᠠ᠃ ᠵᠠᠯᠠᠭᠤ ᠬᠤᠷᠢ ᠠᠷᠠᠢ ᠬᠦᠷᠦᠭᠡ ᠦᠭᠡᠢ ᠴᠸ᠋᠂ ᠬᠤᠳᠠ ᠤᠰᠤ ᠪᠡᠨ ᠰᠠᠬᠢᠭᠰᠠᠨ ᠬᠠᠢᠷᠠᠳᠠᠢ ᠠᠪᠤ ᠡᠵᠢ ᠵᠢᠨ ᠵᠢᠠᠨ ᠮᠦᠩᠬᠦ ᠵᠤᠭᠤᠰ᠎ᠢ ᠦᠷᠡᠵᠦ ᠰᠠᠭᠤᠭᠰᠠᠨ ᠪᠢᠰᠢ᠂ ᠬᠠᠷᠢᠨ ᠬᠤᠯᠠᠬᠢ ᠴᠠᠭᠠᠨ᠎ᠠ ᠶᠠᠭᠤ ᠪᠤᠯᠵᠦ ᠪᠠᠢᠨ᠎ᠠ ᠭᠡᠳᠡᠭ᠎ᠢ ᠤᠬᠠᠭᠠᠷᠠᠬᠤ ᠭᠡᠵᠦ ᠮᠢᠩᠭᠠᠨ ᠭᠠᠵᠠᠷ᠎ᠤᠨ ᠠᠯᠤᠰ᠎ᠢ ᠵᠤᠷᠢᠨ᠂ ᠠᠷᠠᠯᠵᠢᠶ᠎ᠠ ᠮᠠᠢᠮᠠᠢ ᠵᠢᠨ ᠵᠠᠬ᠎ᠠ ᠵᠡᠬᠡᠯᠢ ᠪᠡᠷ ᠱᠤᠩᠪᠠᠯᠠᠵᠦ᠂ ᠠᠬ᠎ᠠ ᠡᠭᠡᠴᠢ ᠨᠠᠷ ᠡᠴᠡ ᠪᠡᠨ ᠮᠡᠳᠡᠯᠭᠡ ᠬᠦᠷᠳᠡᠵᠦ᠂ ᠪᠦᠳᠦᠭᠡᠯᠴᠢ ᠤᠷᠤᠯᠳᠤᠯᠭ᠎ᠠ ᠂ ᠵᠤᠷᠢᠭᠳᠠᠢ ᠳᠡᠮᠡᠤᠯᠤᠯ ᠵᠢᠠᠷ ᠵᠢᠠᠨ ᠤᠷᠢ ᠵᠠᠯᠠᠭᠤ ᠨᠠᠰᠤᠨ᠎ᠦ ᠴᠤᠭ ᠵᠢᠪᠬᠤᠭ᠎ᠠ ᠪᠡᠨ ᠪᠢᠴᠢᠭᠯᠡᠵᠦ ᠶᠠᠪᠤᠨ᠎ᠠ᠃

ᠬᠦᠮᠦᠨ ᠬᠦᠰᠡᠯ ᠮᠦᠷᠤᠭᠡᠳᠤᠯ ᠦᠭᠡᠢ ᠪᠤᠯ ᠤᠨᠳᠠᠷᠠᠭᠰᠠᠨ ᠭᠠᠯ ᠳᠠᠢ ᠠᠳᠠᠯᠢ᠂ ᠤᠰᠤᠨ ᠳᠡᠭᠡᠷ᠎ᠠ ᠬᠦᠪᠪᠤᠬᠦ ᠰᠡᠯᠢᠬᠦᠷ ᠦᠭᠡᠢ ᠤᠩᠭᠤᠴᠠ ᠡᠴᠡ ᠦᠭᠡᠷ᠎ᠠ ᠶᠠᠭᠤᠨ! ᠠᠮᠢᠳᠤᠷᠠᠯ ᠳᠡᠮᠡᠴᠡᠯ᠎ᠤᠨ ᠳᠤᠮᠳᠡ ᠪᠡᠨ ᠡᠷᠭᠡᠪᠰᠢ ᠶᠠᠭᠤ ᠨᠢᠭᠡ ᠵᠢ ᠪᠦᠳᠦᠭᠡᠬᠦ ᠭᠡᠵᠦ ᠬᠠᠷᠠᠯᠳᠠ ᠳᠤᠳᠤᠷᠬᠠᠢ᠂ ᠵᠤᠷᠢᠯᠳᠠ ᠴᠢᠩᠭ᠎ᠠ ᠪᠠᠢᠵᠦ᠂ ᠬᠦᠴᠢᠷ᠎ᠢ ᠰᠦᠷᠦᠨ ᠪᠡᠷᠭᠡ ᠵᠢ ᠳᠠᠪᠠᠵᠦ ᠵᠤᠷᠢᠭ ᠬᠠᠳᠠᠭᠤ ᠪᠠᠷᠢᠮᠳᠠᠯᠠᠵᠦ ᠴᠢᠳᠠᠪᠠᠯ᠂ ᠠᠮᠵᠢᠯᠳᠠ ᠪᠦᠳᠦᠮᠵᠢ ᠵᠢᠨ ᠳᠤᠶᠠᠭᠠᠳᠤ ᠤᠷᠬᠢᠯ ᠶᠠᠭ ᠡᠮᠦᠨ᠎ᠠ ᠴᠢᠨᠢ ᠤᠢᠷᠠᠬᠠᠨ ᠪᠤᠯᠤᠨ᠎ᠠ᠃ ᠭᠡᠬᠦ ᠳ᠋ᠡᠭᠡᠨ ᠬᠦᠰᠡᠯ ᠮᠦᠷᠤᠭᠡᠳᠤᠯ ᠭᠡᠭᠴᠢ ᠬᠡᠢ ᠬᠤᠭᠤᠰᠤᠨ ᠪᠠᠢᠵᠦ ᠪᠤᠯᠬᠤ ᠦᠭᠡᠢ᠂ ᠬᠡᠯᠡᠵᠦ ᠤᠩᠬᠢᠷᠠᠭᠠᠳ ᠪᠡᠶᠡᠯᠡᠬᠦᠯᠴᠢᠭᠡᠳᠡᠭ ᠤᠴᠢᠷ ᠪᠢᠰᠢ ᠶᠤᠮ᠃ ᠪᠤᠳᠤᠬᠤ ᠨᠢ ᠨᠡᠯᠦᠭᠡᠷ ᠳᠠᠯᠠᠢ ᠪᠦᠳᠦᠭᠡᠬᠦ ᠨᠢ ᠳᠤᠰᠤᠯ ᠤᠰᠤ ᠰᠢᠭ᠋ ᠬᠦᠮᠦᠨ ᠮᠠᠨ᠎ᠦ ᠬᠠᠵᠠᠭᠤ ᠳ᠋ᠤ ᠮᠤᠩ ᠦᠭᠡᠢ᠂ 《ᠮᠠᠨ᠎ᠦ ᠳᠠᠯ᠎ᠠ ᠳ᠋ᠠᠭᠠᠨ ᠮᠠᠨᠽᠦᠰᠢᠷᠢ ᠪᠤᠷᠬᠠᠨ᠂ ᠮᠠᠨᠽᠦᠰᠢᠷᠢ ᠵᠢᠨ ᠵᠠᠬ᠎ᠠ ᠳ᠋ᠠᠭᠠᠨ ᠮᠠᠨᠵᠢᠨ ᠭᠠᠳᠠ》 ᠰᠢᠭ᠋ ᠬᠦᠮᠦᠨ ᠴᠸ᠋ ᠴᠦᠬᠡᠨ ᠪᠤᠰᠤ ᠪᠠᠢᠳᠠᠭ᠃ ᠰᠠᠨᠠᠵᠦ ᠶᠠᠪᠤᠪᠠᠯ ᠪᠦᠳᠦᠨ᠎ᠠ᠂ ᠰᠠᠵᠢᠯᠠᠵᠦ ᠪᠠᠢᠪᠠᠯ ᠬᠦᠷᠦᠨ᠎ᠠ ᠭᠡᠳᠡᠭ ᠵᠢᠠᠷ ᠦᠨᠡᠨ ᠪᠤᠳᠠᠳᠠᠢ ᠡᠴᠡ ᠡᠬᠦᠰᠴᠤ᠂ ᠦᠢᠯᠡᠰ ᠬᠦᠭᠡᠭᠡᠴᠡᠯᠳᠤᠯ ᠵᠢᠠᠨ ᠵᠤᠷᠢᠵᠦ ᠶᠠᠪᠤᠪᠠᠯ᠂ ᠦᠭᠡᠷ ᠳᠡᠷᠭᠡ ᠪᠡᠷ ᠴᠸ᠋ ᠳᠠᠤᠯᠠᠢ ᠬᠦᠭᠡᠭᠡᠵᠦ ᠬᠦᠢᠴᠡᠳᠡᠭ ᠤᠴᠢᠷᠳᠠᠢ᠃

ᠠᠯᠳᠠᠨ ᠨᠡᠷᠡᠨ ᠭᠡᠷᠡᠯ ᠢᠯᠴᠢ ᠪᠡᠨ ᠬᠠᠷᠠᠮᠨᠠᠯ ᠦᠭᠡᠢ ᠬᠦᠮᠦᠨ ᠪᠦᠬᠦᠳᠡ ᠳ᠋ᠤ ᠲᠦᠭᠡᠭᠡᠳᠡᠭ᠎ᠤᠨ ᠤᠴᠢᠷ᠂ ᠠᠯᠠᠭ ᠳᠡᠯᠡᠬᠡᠢ ᠳ᠋ᠤ ᠭᠡᠨ ᠠᠯᠢᠨ ᠨᠢ ᠴᠸ᠋ ᠦᠭᠡᠳᠡ ᠳᠠᠢ ᠦᠩᠭᠡ ᠳᠠᠢ ᠠᠵᠦ ᠲᠦᠷᠦᠵᠦ ᠴᠢᠳᠠᠨ᠎ᠠ᠃ ᠭᠡᠷᠡᠯᠳᠡᠢ ᠠᠮᠢᠳᠤᠷᠠᠭᠠᠴᠢ ᠬᠦᠮᠦᠰ ᠡ᠂ ᠭᠡᠭᠡᠷᠡᠯ ᠰᠤᠶᠤᠯᠵᠢᠯ᠎ᠢ ᠡᠷᠬᠢᠮᠯᠡᠵᠦ᠂ ᠮᠦᠷᠤᠭᠡᠳᠤᠯ ᠵᠦᠭ ᠵᠢᠠᠨ ᠬᠦᠴᠤᠯᠡᠨ ᠵᠢᠳᠬᠦᠯᠡᠵᠦ ᠪᠠᠢᠪᠠᠯ᠂ ᠠᠮᠢᠳᠤᠷᠠᠯ᠎ᠤᠨ ᠵᠠᠮ ᠴᠢᠨᠢ ᠵᠢᠷᠭᠠᠯ᠎ᠤᠨ ᠳᠠᠭᠤᠨ ᠵᠢᠠᠷ ᠰᠠᠷᠠᠭᠤᠯᠵᠢᠬᠤ ᠨᠢ ᠯᠠᠪᠳᠠᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号