ᠵᠡᠭᠥᠨ ᠬᠠᠢᠯᠠᠰᠤᠲᠠᠢ ᠭᠠᠴᠠᠭ᠎ᠠ ᠲᠥᠮᠡᠨ ᠮᠸ᠋ ᠶ᠋ᠢᠨ ᠰᠤᠩᠬᠢᠨ᠎ᠠ ᠪᠠᠨ ᠵᠠᠢᠯᠠᠵᠤ ᠡᠬᠢᠯᠡᠯ᠎ᠡ
2026-05-08 12:44:17
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

4 ᠰᠠᠷ᠎ᠠ ᠶ᠋ᠢᠨ 28 ᠤ᠋ ᠡᠳᠦᠷ᠂ ᠲᠦᠩᠯᠢᠶᠣᠣ ᠬᠤᠳᠠ ᠶ᠋ᠢᠨ ᠬᠣᠷᠴᠢᠨ ᠲᠣᠭᠣᠷᠢᠭ᠋ ᠤ᠋ᠨ ᠮᠡᠯᠡᠬᠡᠢᠳᠥ ᠪᠠᠯᠭᠠᠰᠤ ᠵᠢᠨ ᠵᠡᠭᠥᠨ ᠬᠠᠢᠯᠠᠰᠤᠲᠠᠢ ᠭᠠᠴᠠᠭᠠᠨ ᠤ᠋ ᠲᠦᠮᠡᠨ ᠮᠦ᠍ ᠶ᠋ᠢᠨ ᠰᠣᠩᠭᠢᠨ᠎ᠠ ᠲᠠᠷᠢᠬᠤ ᠰᠠᠭᠤᠷᠢᠨ ᠳ᠋ᠤ 20 ᠭᠠᠷᠤᠢ ᠠᠵᠢᠯᠴᠢᠨ ᠴᠢᠬᠢ ᠪᠤᠢᠵᠢᠭᠤᠯᠬᠤ ᠬᠥᠯᠡᠮᠵᠢ ᠡᠴᠡ ᠳᠠᠭᠡᠭᠡᠪᠥᠷᠢᠯᠡᠨ ᠠᠪᠴᠢᠷᠠᠬᠰᠠᠨ ᠰᠣᠩᠭᠢᠨ᠎ᠠ ᠵᠢᠨ ᠴᠢᠬᠢ ᠵᠢ ᠵᠠᠢᠯᠠᠵᠤ ᠶᠠᠭᠠᠷᠠᠯᠳᠤᠨ᠎ᠠ᠃


QQ截图20260508124557.png


ᠰᠤᠩᠬᠢᠨ᠎ᠠ ᠵᠠᠢᠯᠠᠨ᠎ᠠ


ᠣᠢᠷ᠎ᠠ ᠶ᠋ᠢᠨ ᠵᠢᠯ ᠳ᠋ᠤ ᠵᠡᠭᠥᠨ ᠬᠠᠢᠯᠠᠰᠥᠳᠠᠢ ᠭᠠᠴᠠᠭᠠᠨ ᠤ᠋ ᠨᠠᠮ ᠤ᠋ᠨ ᠵᠣᠬᠢᠶᠠᠨ ᠪᠠᠢᠭᠤᠯᠤᠯᠲᠠ ᠡᠴᠡ ᠲᠥᠷᠥᠭᠥᠯᠡᠨ ᠡᠷᠬᠢᠯᠡᠭᠰᠡᠡ ᠺᠠᠩ ᠶᠢᠩ ᠲᠠᠷᠢᠵᠦ ᠲᠡᠵᠢᠭᠡᠬᠦ ᠲᠤᠰᠬᠠᠢ ᠬᠤᠷᠰᠢᠶ᠎ᠠ ᠨᠢ 《ᠨᠠᠮ ᠤ᠋ᠨ ᠡᠭᠦᠷ + ᠲᠤᠰᠬᠠᠢ ᠬᠤᠷᠰᠢᠶ᠎ᠠ + ᠳᠠᠭᠠᠭᠤᠯᠤᠭ᠍ᠴᠢ ᠠᠵᠤ ᠠᠬᠤᠢᠯᠠᠯ + ᠲᠠᠷᠢᠶᠠᠯᠠᠬᠤ ᠡᠷᠦᠬᠡ》 ᠵᠢᠨ ᠬᠥᠭᠵᠢᠯᠲᠡ ᠶ᠋ᠢᠨ ᠵᠠᠭᠪᠤᠷ ᠢ᠋ ᠲᠦᠬᠡᠮᠡᠯᠵᠢᠬᠦᠯᠵᠤ᠂ ᠥᠪᠥᠷ ᠮᠣᠩᠭᠣᠯ ᠤ᠋ᠨ ᠵᠢᠦ ᠰᠢᠨ ᠲᠠᠷᠢᠶᠠᠯᠠᠩ ᠤ᠋ᠨ ᠬᠥᠭᠵᠢᠬᠦᠯᠦᠯᠲᠡ ᠶ᠋ᠢᠨ ᠬᠢᠵᠠᠭᠠᠷᠲᠤ ᠺᠣᠮᠫᠠᠨᠢ ᠲᠠᠢ ᠬᠠᠮᠲᠤᠷᠠᠯᠴᠠᠨ ᠲᠥᠪᠯᠡᠷᠡᠭᠦᠯᠦᠨ ᠴᠢᠬᠢ ᠪᠣᠢᠵᠢᠭᠤᠯᠬᠤ᠂ ᠲᠠᠷᠢᠶᠠᠨ ᠠᠵᠢᠯ ᠤ᠋ᠨ ᠬᠠᠮᠢᠶᠠᠷᠤᠯᠲᠠ᠂ ᠨᠢᠭᠡᠳᠥᠯᠳᠠᠢ ᠪᠣᠷᠣᠯᠠᠭᠤᠯᠬᠤ ᠵᠡᠷᠭᠡ ᠭᠣᠭᠴᠣᠭ᠎ᠠ ᠶ᠋ᠢ ᠪᠦᠬᠦ ᠶᠠᠪᠤᠴᠠ ᠪᠡᠷ ᠲᠤᠰᠬᠠᠢ ᠬᠤᠷᠰᠢᠶ᠎ᠠ ᠡᠴᠡ ᠬᠠᠷᠢᠭᠤᠴᠠᠵᠤ᠂ ᠣᠨᠴᠠᠯᠢᠭ᠍ᠲᠤ ᠲᠠᠷᠢᠮᠠᠯ ᠤ᠋ᠨ ᠦᠢᠯᠡᠰ ᠢ᠋ ᠶᠡᠬᠡ ᠪᠡᠷ ᠬᠥᠭᠵᠢᠭᠦᠯᠵᠠᠢ᠃ ᠡᠨᠡ ᠵᠢᠯ ᠲᠤᠰᠬᠠᠢ ᠬᠤᠷᠰᠢᠶ᠎ᠠ ᠡᠴᠡ 10260 ᠮᠦ᠍ ᠰᠣᠩᠭᠢᠨ᠎ᠠ ᠳᠠᠷᠢᠵᠤ᠂ ᠪᠠᠷᠤᠭ 7.5 ᠲᠦᠮᠡᠨ ᠲᠣᠨ ᠰᠣᠩᠭᠢᠨ᠎ᠠ ᠬᠤᠷᠢᠶᠠᠬᠤ ᠪᠡᠷ ᠵᠢᠱ᠌ᠢᠵᠦ ᠪᠠᠢᠨ᠎ᠠ᠃


QQ截图20260508124612.png


ᠬᠥᠯᠡᠮᠵᠢ ᠳ᠋ᠤ ᠪᠤᠢᠵᠢᠭᠤᠯᠤᠬᠰᠠᠨ ᠰᠤᠩᠬᠢᠨ᠎ᠠ ᠵᠢᠨ ᠴᠢᠬᠢ ᠵᠢ ᠲᠠᠷᠢᠶᠠᠨ ᠭᠠᠵᠠᠷ ᠲᠦ᠍ ᠰᠢᠯᠵᠢᠭᠥᠯᠬᠥ ᠪᠡᠷ ᠪᠡᠯᠡᠳᠭᠡᠨ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号