ᠠᠭᠤᠷ ᠠᠮᠢᠰᠬᠤᠯ ᠳᠤᠯᠠᠭᠠᠷᠠᠵᠤ ᠬᠠᠮᠢᠭ᠎ᠠ ᠭᠠᠵᠠᠷ ᠦᠭᠡᠢ ᠴᠡᠴᠡᠭ ᠲᠡᠯᠭᠡᠷᠡᠬᠰᠡᠨ ᠰᠠᠢᠬᠠᠨ ᠴᠠᠭ ᠵᠢᠡᠷ ᠪᠢᠳᠡ ᠬᠦᠬᠡᠬᠤᠳᠠ ᠵᠢᠨ ᠮᠤᠡᠭᠭᠤᠯ ᠬᠤᠳᠠ ᠬᠤᠳᠠᠯᠳᠤᠭᠠᠨ ᠤ᠋ ᠲᠦᠪ ᠲᠸ᠋ ᠬᠦᠷᠴᠤ᠂ 《ᠬᠠᠰ ᠤᠭᠠᠯᠵᠠ》 ᠦᠨᠳᠤᠰᠤᠳᠡᠨ ᠤ᠋ ᠬᠤᠪᠴᠠᠰᠤ ᠵᠠᠰᠠᠯ ᠤ᠋ᠨ ᠲᠡᠯᠭᠡᠬᠦᠷ ᠤ᠋ᠨ ᠡᠬᠦᠰᠭᠡᠨ ᠪᠠᠢᠭᠤᠯᠤᠬᠴᠢ ᠴᠤᠯᠮᠤᠨᠬᠡᠷᠡᠯ ᠢ᠋ ᠰᠤᠷᠪᠤᠯᠵᠢᠯᠠᠪᠠ᠃

ᠳᠡᠯᠭᠡᠭᠦᠷ ᠲᠡᠭᠡᠨ
ᠴᠠᠬᠢᠯᠭᠠᠨ ᠱᠠᠳᠤ ᠪᠡᠷ ᠬᠤᠶᠠᠳᠤᠭᠠᠷ ᠲᠠᠪᠬᠤᠷᠯᠢᠭ ᠲᠤᠨᠢ ᠭᠠᠷᠪᠡᠯ 《ᠬᠠᠰ ᠤᠭᠠᠯᠵᠠ》 ᠬᠡᠬᠦ ᠬᠤᠶᠠᠷ ᠦᠰᠦᠭ ᠬᠤᠯᠠ ᠡᠴᠡ ᠬᠢᠯᠠᠯᠵᠠᠨ ᠬᠠᠷᠠᠭᠳᠠᠵᠤ᠂ ᠦᠢᠷᠠᠳᠤᠭᠠᠳ ᠬᠦᠷᠪᠡᠯ ᠨᠢᠭᠡᠨ ᠲᠤᠮᠳᠠ ᠵᠢᠨ ᠪᠠᠶ᠎ᠠ ᠲᠠᠢ᠂ ᠦᠭᠡ ᠶᠡᠷᠢᠶ᠎ᠠ ᠨᠠᠮᠤᠭᠤᠬᠠᠨ ᠳᠤᠭᠳᠠᠭᠤᠨ ᠪᠦᠰᠡᠬᠦᠢ ᠪᠢᠳᠡᠨ ᠢ᠋ ᠤᠭᠳᠤᠨ ᠭᠠᠷᠴᠤ ᠢᠷᠡᠭᠰᠡᠨ ᠨᠢ ᠤᠶᠤᠳᠠᠯᠴᠢᠨ ᠴᠤᠯᠮᠤᠨᠬᠡᠷᠡᠯ ᠪᠠᠢᠵᠠᠢ᠃ ᠲᠡᠯᠭᠡᠬᠦᠷ ᠤ᠋ᠨ ᠬᠠᠮᠤᠭ ᠤ᠋ᠨ ᠢᠯᠡ ᠭᠠᠵᠠᠷ ᠲᠠᠭᠠᠨ ᠭᠤᠢᠳᠠ ᠰᠠᠢᠬᠠᠨ ᠤᠶᠤᠳᠠᠯ ᠤᠷᠠᠯᠠᠯ ᠲᠠᠢ ᠦᠵᠤᠮᠤᠴᠢᠨ ᠨᠤᠳᠤᠭ ᠤ᠋ᠨ ᠡᠮᠡᠭᠳᠠᠢ ᠶ᠋ᠢᠨ ᠲᠡᠷᠯᠢᠭ ᠢ᠋ ᠲᠡᠯᠭᠡᠨ ᠦᠵᠡᠬᠦᠯᠦᠭᠰᠡᠨ ᠨᠢ ᠶᠡᠭᠡ ᠯᠡ ᠰᠠᠢᠬᠠᠨ ᠪᠠᠢᠯ᠎ᠠ᠃ 《ᠡᠨᠡ ᠲᠡᠪᠡᠯ ᠪᠤᠯᠤᠬᠰᠠᠭᠠᠷ ᠨᠢᠳᠤᠨᠤᠨ ᠶᠠᠫᠤᠨ ᠤᠯᠤᠰ ᠤ᠋ᠨ ᠤᠰᠠᠺᠠ ᠬᠤᠳᠠ ᠳ᠋ᠤ ᠪᠤᠯᠤᠬᠰᠠᠨ ᠲᠡᠯᠡᠬᠡᠢ ᠵᠢᠨ ᠦᠵᠡᠰᠬᠦᠯᠡᠡᠭ ᠤ᠋ᠨ ᠴᠤᠬᠯᠠᠭᠠᠨ ᠳ᠋ᠤ ᠠᠪᠠᠴᠢᠵᠤ ᠲᠡᠯᠭᠡᠨ ᠦᠵᠡᠬᠦᠯᠦᠭᠰᠡᠨ ᠪᠦᠳᠤᠭᠡᠯ ᠤ᠋ᠨ ᠨᠢᠭᠡ ᠪᠤᠯᠤᠨ᠎ᠠ》 ᠬᠡᠵᠤ ᠴᠤᠯᠮᠤᠨᠬᠡᠷᠡᠯ ᠤᠮᠤᠬᠰᠢᠯᠳᠠᠢ ᠶᠠᠷᠢᠨ᠎ᠠ᠃
ᠴᠤᠯᠮᠤᠨᠬᠡᠷᠡᠯ ᠪᠤᠯ ᠪᠠᠷᠠᠭᠤᠨ ᠦᠵᠤᠮᠤᠴᠢᠨ ᠬᠤᠰᠢᠭᠤᠨ ᠤ᠋ ᠪᠠᠶᠠᠨᠬᠤᠸᠠ ᠪᠠᠯᠭᠠᠰᠤ ᠵᠢᠨ ᠰᠠᠢᠡᠡᠦ᠋ᠨᠳᠤᠷ ᠭᠠᠴᠠᠭ᠎ᠠ ᠵᠢᠨ ᠮᠠᠯᠴᠢᠨ ᠶᠤᠮ᠃ ᠲᠡᠷᠡ ᠪᠡᠷ ᠬᠠᠷᠠᠬᠠᠨ ᠪᠠᠭ᠎ᠠ ᠡᠴᠡ ᠪᠡᠨ ᠭᠠᠷ ᠤᠷᠠᠨ᠂ ᠦᠢᠯᠡ ᠤᠶᠤᠳᠠᠯ ᠤ᠋ᠨ ᠵᠦᠢᠯᠡᠰ ᠲᠸ᠋ ᠲᠤᠷ᠎ᠠ ᠪᠠᠬ᠎ᠠ ᠲᠠᠢ᠃ ᠡᠨᠡ ᠨᠢ ᠲᠡᠬᠦᠨ ᠤ᠋ ᠡᠵᠢ ᠨᠢ ᠲᠤᠬᠠᠢ ᠵᠢᠨ ᠭᠠᠵᠠᠷ ᠤ᠋ᠨ ᠵᠢᠡᠨ ᠨᠡᠷᠡᠳᠠᠢ ᠤᠶᠤᠳᠠᠯᠴᠢᠨ ᠪᠠᠢᠬᠰᠠᠨ ᠡᠴᠡ ᠪᠤᠯᠤᠬᠰᠡᠠ ᠶᠤᠮ᠃ ᠲᠡᠬᠦᠨ ᠢ᠋ ᠪᠠᠭ᠎ᠠ ᠪᠠᠢᠬᠤ ᠳ᠋ᠤ ᠬᠡᠤᠬᠡᠨ ᠬᠦᠮᠤᠨ ᠢ᠋ ᠶᠡᠷᠤ ᠨᠢ ᠭᠠᠷ ᠤᠷᠠᠨ ᠪᠠᠢᠬᠤ ᠵᠢ ᠶᠡᠭᠡ ᠯᠡ ᠡᠷᠬᠢᠮᠯᠡᠵᠤ ᠪᠠᠢᠬᠰᠠᠨ ᠵᠢᠡᠷ ᠲᠤᠬᠠᠢ ᠵᠢᠨ ᠦᠶ᠎ᠠ ᠵᠢᠨ ᠬᠡᠤᠭᠡᠨᠴᠤᠳ ᠪᠠᠷᠤᠭ ᠯᠡ ᠪᠦᠷ ᠤᠷᠠᠯᠠᠵᠤ ᠬᠠᠳᠬᠤᠬᠤ ᠮᠡᠷᠭᠡᠵᠢᠯ ᠢ᠋ ᠰᠤᠷᠬᠤ ᠪᠡᠷ ᠪᠠᠬᠠᠷᠬᠠᠯ ᠵᠢᠡᠨ ᠪᠤᠯᠭᠠᠵᠤ ᠪᠠᠢᠬᠰᠠᠨ᠃ ᠬᠠᠷᠢᠨ ᠴᠤᠯᠮᠤᠨᠬᠡᠷᠡᠯ ᠪᠤᠯ ᠦᠨᠡᠨ ᠰᠡᠳᠬᠢᠯ ᠡᠴᠡ ᠪᠡᠨ ᠡᠨᠡ ᠬᠦ᠌ ᠶᠠᠭᠤᠮ᠎ᠠ ᠵᠢ ᠰᠤᠷᠬᠤ ᠬᠡᠵᠤ ᠴᠢᠷᠮᠠᠢᠳᠠᠭ ᠤ᠋ᠨ ᠨᠢᠭᠡ ᠨᠢ ᠪᠢᠯᠡ᠃ ᠲᠡᠢᠮᠤ ᠤᠴᠢᠷ ᠡᠴᠡ ᠬᠢᠴᠢᠶᠡᠯ ᠰᠤᠷᠤᠯᠭ᠎ᠠ ᠵᠢᠨ ᠵᠢᠡᠨ ᠵᠠᠪ ᠴᠢᠯᠤᠭᠡ ᠪᠡᠷ ᠵᠢᠡᠨ ᠡᠵᠢ ᠵᠢᠨ ᠵᠢᠡᠨ ᠲᠡᠷᠭᠡᠳᠡ ᠰᠠᠭᠤᠵᠤ ᠤᠶᠤᠳᠠᠯ ᠵᠢᠭᠠᠯᠭᠠᠵᠤ᠂ ᠤᠶᠤᠬᠰᠠᠨ ᠲᠠᠪᠠᠯ ᠢ᠋ ᠨᠢ ᠪᠠᠬᠠᠷᠬᠠᠵᠤ ᠶᠠᠪᠤᠳᠠᠭ ᠶᠤᠮ᠃

ᠴᠤᠯᠮᠤᠨᠬᠡᠷᠡᠯ
《ᠮᠠᠨ ᠤ᠋ ᠡᠵᠢ ᠦᠢᠯᠡ ᠤᠶᠤᠳᠠᠯ ᠳ᠋ᠠᠭᠠᠨ ᠮᠠᠰᠢ ᠤᠷᠠᠨ ᠬᠦᠮᠤᠨ᠂ ᠶᠡᠷᠤ ᠨᠢ ᠭᠠᠷ ᠵᠦᠭᠡᠷ ᠰᠠᠭᠤᠳᠠᠭ ᠦᠬᠡᠢ᠃ ᠴᠠᠢ ᠤᠤᠭᠤᠵᠤ ᠪᠠᠢᠬᠰᠠᠨ ᠴᠸ᠋ ᠲᠡᠷᠡ᠂ ᠬᠤᠭᠤᠯᠠ ᠤᠮᠳᠠ ᠵᠤᠭᠤᠬᠯᠠᠵᠤ ᠪᠠᠢᠬᠰᠠᠨ ᠴᠸ᠋ ᠲᠡᠷᠡ᠂ ᠭᠠᠷ ᠲᠠᠭᠠᠨ ᠬᠡᠵᠢᠶᠡᠳᠡ ᠪᠢᠷ ᠪᠠᠷᠢᠵᠤ ᠲᠡᠪᠡᠯ ᠤ᠋ᠨ ᠵᠢᠡᠨ ᠤᠭᠠᠯᠵᠠ ᠵᠢ ᠵᠢᠷᠤᠵᠤ ᠰᠠᠭᠤᠳᠠᠭ᠃ ᠲᠡᠢᠮᠤ ᠤᠴᠢᠷ ᠡᠴᠡ ᠪᠢᠳᠡᠨ ᠤ᠋ ᠡᠭᠡᠴᠢ ᠲᠡᠬᠦᠤ ᠬᠡᠳᠤᠬᠦᠯᠡ ᠴᠸ᠋ ᠡᠨᠡ ᠬᠦ᠌ ᠨᠦᠯᠤᠭᠡ ᠵᠢ ᠶᠡᠭᠡ ᠯᠡ ᠬᠦᠷᠳᠡᠭᠰᠡᠨ᠃ ᠪᠢ ᠴᠢᠨᠢ ᠪᠦᠷ 7 ᠨᠠᠰᠤ ᠳᠠᠢ ᠳ᠋ᠠᠭᠠᠨ ᠵᠡᠬᠦᠤ ᠤᠷᠢᠶᠠᠨ ᠤᠳᠠᠰᠤ ᠵᠠᠳᠠᠭᠠᠢᠯᠠᠵᠤ᠂ 12 ᠨᠠᠰᠤ ᠳᠠᠢ ᠳ᠋ᠠᠭᠠᠨ ᠪᠡᠶ᠎ᠠ ᠪᠡᠨ ᠲᠠᠭᠠᠭᠠᠨ ᠤᠭᠤᠵᠢ ᠤᠶᠤᠵᠤ ᠪᠠᠢᠬᠰᠠᠨ》 ᠬᠡᠵᠤ ᠴᠤᠯᠮᠤᠨᠬᠡᠷᠡᠯ ᠦᠢᠯᠡ ᠤᠶᠤᠳᠠᠯ ᠳ᠋ᠤ ᠪᠠᠬᠠᠳᠠᠢ ᠪᠤᠯᠤᠬᠰᠠᠨ ᠵᠢᠡᠨ ᠡᠷᠬᠢᠴᠡᠬᠦᠯᠤᠨᠠ᠃
ᠴᠤᠯᠮᠤᠨᠬᠡᠷᠡᠯ ᠦᠪᠡᠷ ᠤ᠋ᠨ ᠡᠨᠡ ᠬᠦ᠌ ᠲᠤᠷ᠎ᠠ ᠪᠠᠬ᠎ᠠ ᠳ᠋ᠠᠭᠠᠨ ᠬᠦᠳᠦᠯᠦᠭᠳᠡᠨ ᠠᠡᠭᠬ᠎ᠠ ᠵᠡᠷᠭᠡ ᠵᠢᠨ ᠲᠤᠮᠳᠠᠳᠤ ᠰᠤᠷᠭᠠᠭᠤᠯᠢ ᠪᠡᠨ ᠲᠡᠬᠦᠰᠦᠭᠰᠡᠨ ᠤ᠋ ᠬᠤᠢᠨ᠎ᠠ ᠡᠵᠢ ᠵᠢᠨ ᠵᠢᠡᠨ ᠪᠢᠴᠢᠬᠠᠨ ᠬᠠᠪᠰᠤᠷᠤᠬᠴᠢ ᠪᠤᠯᠵᠤ᠂ ᠤᠶᠤᠳᠠᠯ ᠳ᠋ᠤ ᠤᠷᠤᠵᠠᠢ᠃ ᠲᠤᠬᠠᠢ ᠵᠢᠨ ᠦᠶ᠎ᠠ ᠳ᠋ᠤ ᠨᠠᠰᠤ ᠪᠠᠭ᠎ᠠ᠂ ᠲᠤᠷᠰᠢᠯᠭ᠎ᠠ ᠲᠤᠳᠠᠮᠠᠭ ᠪᠤᠯᠬᠤᠷ ᠵᠠᠷᠢᠮ ᠤᠶᠤᠳᠠᠯ ᠳ᠋ᠤ ᠡᠵᠢ ᠨᠢ ᠲᠡᠬᠦᠨ ᠢ᠋ ᠭᠠᠷ ᠤᠷᠤᠭᠤᠯᠳᠠᠭ ᠦᠬᠡᠢ ᠪᠠᠢᠬᠰᠠᠨ᠃ ᠢᠯᠠᠡᠭᠭᠤᠶᠠ ᠲᠤᠬᠠᠢ ᠵᠢᠨ ᠴᠠᠭ ᠦᠶ᠎ᠠ ᠳ᠋ᠤ ᠲᠤᠷᠭ᠎ᠠ ᠲᠤᠷᠳᠤᠡᠭ ᠬᠤᠮᠰᠠ ᠪᠠᠢᠬᠰᠠᠨ ᠡᠴᠡ ᠲᠡᠪᠡᠯ ᠤᠶᠤᠵᠤ ᠦᠯᠡᠳᠡᠭᠰᠡᠨ ᠰᠡᠮᠡᠷᠭᠡᠢ ᠦᠭᠡᠳᠡᠰᠤ ᠨᠢ ᠴᠸ᠋ ᠡᠷᠳᠡᠨᠢ ᠪᠠᠢᠵᠠᠢ᠃ ᠡᠨᠡ ᠪᠠᠢᠳᠠᠯ ᠲᠤᠤᠷ᠎ᠠ ᠲᠡᠷᠡ ᠦᠯᠡᠳᠡᠭᠰᠡᠨ ᠰᠡᠮᠡᠷᠭᠡᠢ ᠦᠭᠡᠳᠡᠰᠤ ᠵᠢ ᠨᠢ ᠰᠡᠮᠡᠭᠡᠷ ᠠᠪᠴᠤ ᠭᠠᠵᠠᠷ ᠲᠸ᠋ ᠪᠤᠯᠠᠵᠤ᠂ ᠡᠵᠢ ᠨᠢ ᠭᠠᠳᠠᠬᠰᠢ ᠭᠠᠷᠬᠤ ᠪᠡᠷ ᠨᠢᠭᠤᠵᠤ ᠪᠠᠢᠭᠠᠳ ᠦᠪᠡᠷ ᠤ᠋ᠨ ᠲᠤᠷᠠᠳᠠᠢ ᠵᠦᠢᠯ ᠵᠢᠡᠨ ᠤᠶᠤᠵᠤ ᠰᠠᠭᠤᠬᠰᠠᠭᠠᠷ ᠨᠢᠭᠡ ᠮᠡᠳᠡᠬᠦ ᠳ᠋ᠤ ᠦᠢᠯᠡ ᠤᠶᠤᠳᠠᠯ ᠳ᠋ᠤ ᠨᠠᠯᠢᠶᠠᠳ ᠴᠠᠭᠠᠷᠠᠬᠰᠠᠨ ᠲᠤᠮᠤ ᠬᠡᠤᠬᠡᠨ ᠪᠤᠯᠴᠢᠬᠠᠵᠠᠢ᠃ ᠲᠡᠭᠡᠭᠡᠳ 1999 ᠤᠨ ᠳ᠋ᠤ ᠲᠡᠷᠡ ᠡᠬᠡᠴᠢ ᠲᠠᠢ ᠪᠡᠨ ᠬᠤᠶᠠᠭᠤᠯᠠ ᠰᠢᠯᠢᠡᠭᠬᠤᠳᠠ ᠵᠢᠨ ᠪᠠᠢᠰᠠ ᠵᠢᠨ ᠰᠦᠮ᠎ᠠ ᠵᠢᠨ ᠬᠠᠵᠠᠭᠤ ᠡᠴᠡ ᠨᠢᠭᠡ 30 ᠲᠡᠭᠰᠢ ᠲᠦᠷᠪᠡᠯᠵᠢᠡ ᠮᠸᠲᠷ ᠬᠢᠷᠢᠲᠠᠢ ᠵᠢᠵᠢᠭ ᠬᠡᠷ ᠢ᠋ ᠲᠦᠷᠢᠶᠡᠰᠤᠯᠡᠡ 《ᠬᠠᠰ ᠤᠭᠠᠯᠵᠠ》 ᠬᠡᠬᠦ ᠫᠠᠢᠰᠠ ᠪᠡᠨ ᠡᠯᠬᠦᠵᠤ᠂ ᠨᠢᠭᠡ ᠤᠶᠤᠳᠠᠯ ᠤ᠋ᠨ ᠮᠠᠰᠢᠨ ᠲᠠᠢ ᠪᠡᠨ ᠬᠠᠢᠷᠠᠳᠠᠢ ᠪᠠᠬᠠᠳᠠᠢ ᠦᠢᠯᠡᠰ ᠤ᠋ᠨ ᠵᠢᠡᠨ ᠠᠡᠭᠬᠠᠨ ᠤ᠋ ᠠᠯᠬᠤᠮ ᠢ᠋ ᠠᠯᠬᠤᠪᠠ᠃ ᠲᠤᠬᠠᠢ ᠵᠢᠨ ᠦᠶᠡᠰ ᠲᠡᠷᠡ ᠪᠡᠷ ᠲᠦᠡᠭᠭᠡᠵᠢ 22 ᠨᠠᠰᠤ ᠳᠠᠢ ᠬᠡᠤᠬᠡᠨ ᠪᠠᠢᠯ᠎ᠠ᠃

ᠱᠠᠪᠢ ᠬᠦᠮᠦᠵᠢᠭᠦᠯᠦᠨ᠎ᠡ
《ᠤᠭᠠᠯᠵᠠ ᠪᠤᠯ ᠮᠠᠨ ᠤ᠋ ᠦᠵᠤᠮᠤᠴᠢᠨ ᠲᠡᠷᠯᠢᠭ ᠤ᠋ᠨ ᠴᠢᠬᠤᠯᠠ ᠡᠯᠧᠮᠧᠨ᠋ᠲ ᠶᠤᠮ᠂ ᠲᠡᠭᠡᠷ᠎ᠠ ᠨᠢ ᠮᠠᠨ ᠤ᠋ ᠡᠵᠢ ᠲᠡᠷᠯᠢᠭ ᠤᠶᠤᠬᠰᠠᠭᠠᠷ ᠤᠭᠠᠯᠵᠠ ᠵᠢᠨ ᠲᠤᠮᠳᠠ ᠪᠡᠨ ᠬᠠᠰ ᠬᠠᠪᠴᠢᠭᠤᠯᠵᠤ ᠤᠶᠤᠳᠠᠭ ᠵᠠᠡᠭᠰᠢᠯ ᠲᠠᠢ᠃ ᠲᠡᠢᠮᠤ ᠡᠴᠡ ᠤᠶᠤᠳᠠᠯ ᠤ᠋ᠨ ᠲᠡᠯᠭᠡᠬᠦᠷ ᠤ᠋ᠨ ᠵᠢᠡᠨ ᠨᠡᠷ᠎ᠠ ᠵᠢ 〈ᠬᠠᠰ ᠤᠭᠠᠯᠵᠠ〉 ᠬᠡᠵᠤ ᠨᠡᠷᠡᠯᠡᠭᠰᠡᠨ ᠮᠦᠷᠳᠡᠭᠡᠨ ᠲᠦᠷᠤᠯ ᠲᠡᠮᠳᠡᠭ ᠤ᠋ᠨ ᠵᠢᠡᠨ ᠨᠡᠷ᠎ᠠ ᠵᠢ ᠴᠸ᠋ ᠡᠬᠦᠨ ᠵᠢᠡᠷ ᠲᠠᠡᠭᠰᠠᠯᠠᠭᠤᠯᠤᠬᠰᠠᠨ ᠨᠢ ᠡᠵᠢ ᠵᠢᠨ ᠵᠢᠡᠨ ᠦᠢᠯᠡ ᠤᠶᠤᠳᠠᠯ ᠢ᠋ ᠲᠤᠷᠠᠰᠬᠠᠬᠤ ᠵᠢᠨ ᠲᠦᠯᠤᠭᠡ ᠶᠤᠮ》 ᠬᠡᠵᠤ ᠴᠤᠯᠮᠤᠨᠬᠡᠷᠡᠯ ᠲᠠᠢᠯᠪᠤᠷᠢᠯᠠᠨ᠎ᠠ᠃
ᠲᠦᠮᠡᠨ ᠠᠯᠬᠤᠮ ᠤ᠋ᠨ ᠲᠦᠷᠤᠬᠦᠤ ᠠᠯᠬᠤᠮ ᠨᠢ ᠬᠡᠴᠡᠬᠦᠤ ᠭᠡᠳᠡᠭ ᠶ᠋ᠢᠡᠷ ᠴᠤᠯᠮᠤᠨᠬᠡᠷᠡᠯ ᠠᠡᠭᠬ᠎ᠠ ᠬᠦᠳᠡᠭᠡ ᠨᠤᠳᠤᠭ ᠡᠴᠡ ᠪᠡᠨ ᠰᠠᠯᠵᠤ ᠬᠦᠨᠳᠡᠯᠡᠨ ᠤ᠋ ᠨᠤᠳᠤᠭ ᠲᠸ᠋ ᠤᠶᠤᠳᠠᠯ ᠤ᠋ᠨ ᠦᠢᠯᠡᠰ ᠵᠢᠡᠨ ᠡᠬᠢᠯᠡᠬᠦᠯᠬᠦ ᠳ᠋ᠤ ᠲᠤᠷᠭ᠎ᠠ ᠲᠤᠷᠳᠤᠡᠭ ᠵᠡᠷᠭᠡ ᠵᠠᠷᠤᠳᠠᠯ ᠪᠠᠷᠢᠳᠠᠯ ᠤ᠋ᠨ ᠵᠦᠢᠯ ᠵᠢᠡᠨ ᠬᠠᠮᠢᠭ᠎ᠠ ᠡᠴᠡ ᠤᠷᠤᠭᠤᠯᠬᠤ᠂ ᠶᠠᠮᠠᠷ ᠤᠶᠤᠳᠠᠯ ᠤᠶᠤᠬᠤ᠂ ᠬᠡᠷᠬᠢᠪᠡᠯ ᠲᠡᠯᠭᠡᠬᠦᠷ ᠤ᠋ᠨ ᠡᠵᠡᠡᠭᠨᠡᠯᠳᠡ ᠵᠢᠨ ᠤᠷᠤᠯᠭ᠎ᠠ ᠪᠡᠨ ᠰᠠᠢᠨ ᠪᠤᠯᠭᠠᠬᠤ ᠵᠡᠷᠭᠡ ᠤᠯᠠᠨ ᠠᠰᠠᠭᠤᠳᠠᠯ ᠳ᠋ᠤ ᠲᠤᠯᠭᠠᠷᠠᠯ᠎ᠠ᠃ ᠬᠡᠪᠡᠴᠤ ᠲᠡᠷᠡ ᠢᠳᠡᠭᠡᠯ ᠵᠢᠡᠷ ᠡᠬᠢᠯᠡᠭᠰᠡᠨ ᠦᠢᠯᠡᠰ ᠵᠢᠡᠨ ᠵᠢᠳᠬᠦᠯ ᠵᠢᠡᠷ ᠪᠦᠳᠤᠭᠡᠨᠠ ᠬᠡᠮᠡᠨ 2002 ᠤᠨ ᠳ᠋ᠤ ᠵᠸᠵᠢᠶᠠᠡᠭ ᠮᠤᠵᠢ ᠵᠢᠨ ᠪᠠᠢᠭᠠᠯᠢ ᠲᠸᠭᠨᠢᠭ ᠤ᠋ᠨ ᠤᠬᠠᠭᠠᠨ ᠤ᠋ ᠶᠡᠭᠡ ᠰᠤᠷᠭᠠᠭᠤᠯᠢ ᠵᠢᠨ ᠬᠤᠪᠴᠠᠰᠤ ᠵᠠᠰᠠᠯ ᠤ᠋ᠨ ᠲᠡᠭᠡᠳᠤ ᠰᠤᠷᠭᠠᠭᠤᠯᠢ ᠵᠢᠨ ᠬᠤᠪᠴᠠᠰᠤᠨ ᠤ᠋ ᠵᠠᠬᠪᠤᠷ ᠲᠦᠰᠤᠪᠯᠡᠬᠦ ᠲᠤᠰᠬᠠᠢ ᠮᠡᠷᠭᠡᠵᠢᠯ ᠶ᠋ᠢᠡᠷ ᠰᠤᠷᠤᠯᠴᠠᠵᠤ᠂ ᠦᠪᠡᠷ ᠤ᠋ᠨ ᠤᠷ᠎ᠠ ᠮᠡᠷᠭᠡᠵᠢᠯ ᠵᠢᠡᠨ ᠲᠡᠭᠡᠭᠰᠢᠯᠡᠬᠦᠯᠵᠠᠢ᠃ ᠡᠢᠨ ᠬᠦ᠌ ᠲᠡᠬᠦᠨ ᠤ᠋ ᠦᠢᠯᠡ ᠤᠶᠤᠳᠠᠯ ᠤ᠋ᠨ ᠮᠡᠷᠭᠡᠵᠢᠯ ᠤᠯᠠᠮ ᠴᠠᠭᠠᠷᠠᠵᠤ᠂ ᠵᠢᠷᠤᠵᠤ ᠲᠦᠰᠤᠪᠯᠡᠬᠦ᠂ ᠡᠰᠭᠡᠬᠦ᠂ ᠤᠶᠤᠬᠤ᠂ ᠵᠦᠢᠳᠡᠰᠤ ᠨᠦᠬᠦᠬᠦ᠂ ᠡᠡᠭᠭᠡᠷ ᠵᠠᠭᠠᠮ᠎ᠠ ᠴᠢᠮᠬᠢᠬᠦ᠂ ᠲᠤᠪᠴᠢ ᠰᠢᠯᠪᠢ ᠬᠠᠳᠠᠬᠤ ᠵᠡᠷᠭᠡ ᠪᠦᠬᠦᠢᠯᠡ ᠦᠢᠯᠡ ᠬᠢᠳᠡᠯ ᠢ᠋ ᠰᠠᠢᠨ ᠬᠢᠳᠡᠭ ᠪᠤᠯᠤᠬᠰᠠᠨ ᠲᠤᠯᠡ ᠬᠡᠷᠡᠭᠯᠡᠭᠴᠢ ᠤᠯᠠᠰᠢᠷᠠᠨ ᠵᠠᠬᠢᠶᠠᠯᠠᠭ᠎ᠠ ᠨᠡᠮᠡᠭᠳᠡᠵᠤ᠂ ᠲᠡᠯᠭᠡᠬᠦᠷ ᠵᠢᠡᠨ ᠦᠷᠭᠡᠳᠭᠡᠬᠦ ᠪᠠᠴᠢᠮ ᠲᠤᠯᠭᠠᠮ ᠱᠠᠭᠠᠷᠳᠠᠯᠭ᠎ᠠ ᠲᠠᠢ ᠪᠤᠯᠵᠠᠢ᠃ ᠡᠨᠡ ᠪᠠᠢᠳᠠᠯ ᠲᠤᠤᠷ᠎ᠠ ᠴᠤᠯᠮᠤᠨᠬᠡᠷᠡᠯ 2006 ᠤᠨ ᠳ᠋ᠤ ᠵᠢᠵᠢᠭ ᠲᠡᠯᠭᠡᠬᠦᠷ ᠵᠢᠡᠨ ᠦᠷᠭᠡᠳᠭᠡᠨ 130 ᠲᠡᠭᠰᠢ ᠲᠦᠷᠪᠡᠯᠵᠢᠨ ᠮᠸᠲᠷ ᠭᠠᠵᠠᠷ ᠢ᠋ ᠲᠦᠷᠢᠶᠡᠰᠤᠯᠡᠨ 《ᠬᠠᠰ ᠤᠭᠠᠯᠵᠠ》 ᠦᠨᠳᠤᠰᠤᠳᠡᠨ ᠤ᠋ ᠬᠤᠪᠴᠠᠰᠤ ᠵᠠᠰᠠᠯ ᠰᠤᠶᠤᠯ ᠵᠠᠭᠤᠴᠢ ᠵᠢᠨ ᠬᠢᠵᠠᠭᠠᠷᠳᠤ ᠺᠤᠮᠫᠠᠨᠢ ᠪᠡᠨ ᠪᠠᠢᠭᠤᠯᠵᠤ᠂ 2015 ᠤᠨ ᠳ᠋ᠤ 《ᠬᠠᠰ ᠤᠭᠠᠯᠵᠠ》 ᠲᠠᠸᠠᠷ ᠤ᠋ᠨ ᠲᠦᠷᠤᠯ ᠲᠡᠮᠳᠡᠭ ᠵᠢᠡᠨ ᠲᠠᠡᠭᠰᠠᠯᠠᠭᠤᠯᠤᠭᠰᠡᠨ ᠠᠵᠢ᠃

ᠤᠰᠠᠺᠠ ᠳ᠋ᠤ
ᠴᠤᠯᠮᠤᠨᠬᠡᠷᠡᠯ ᠤ᠋ᠨ ᠤᠶᠤᠳᠠᠯ ᠤ᠋ᠨ ᠦᠢᠯᠡᠰ ᠤᠯᠠᠮ ᠡᠴᠡ ᠤᠯᠠᠮ ᠦᠷᠨᠢᠭᠦᠨ ᠬᠦᠭᠵᠢᠵᠤ᠂ ᠲᠡᠯᠭᠡᠬᠦᠷ ᠤ᠋ᠨ ᠡᠵᠡᠯᠡᠬᠦ ᠲᠡᠯᠡᠪᠡᠢ ᠨᠢ ᠬᠠᠮᠤᠭ ᠤ᠋ᠨ ᠶᠡᠭᠡ ᠳ᠋ᠡᠭᠡᠨ 500 ᠲᠡᠭᠰᠢ ᠲᠦᠷᠪᠡᠯᠵᠢᠨ ᠮᠸᠲᠷ ᠲᠸ᠋ ᠬᠦᠷᠴᠤ᠂ ᠬᠤᠷᠢᠭᠠᠳ ᠲᠤᠬᠳᠠᠬᠰᠠᠨ ᠤᠶᠤᠳᠠᠯᠴᠢᠨ ᠲᠠᠢ ᠂ ᠵᠢᠯ ᠤ᠋ᠨ ᠤᠷᠤᠯᠭ᠎ᠠ 70 — 80 ᠲᠦᠮᠡᠨ ᠲᠦᠬᠦᠷᠢᠭ ᠲᠦ᠍ ᠬᠦᠷᠴᠤ ᠪᠠᠢᠬᠰᠠᠨ ᠶᠤᠮ᠃ ᠲᠡᠷᠡ ᠪᠠᠰᠠ ᠦᠪᠡᠷ ᠤ᠋ᠨ ᠮᠤᠳᠧᠯ ᠤ᠋ᠨ ᠠᠡᠭᠭᠢ ᠪᠡᠨ ᠲᠠᠭᠠᠭᠤᠯᠤᠨ ᠤᠷᠢᠳ ᠬᠤᠵᠢᠳ ᠠᠮᠸᠷᠢᠺᠠ᠂ ᠫᠠᠨᠠᠮᠠ᠂ ᠮᠸᠺᠰᠢᠺᠦ᠂ ᠶᠠᠫᠤᠨ᠂ ᠤᠷᠤᠰ᠂ ᠮᠤᠡᠭᠭᠤᠯ ᠵᠡᠷᠭᠡ ᠤᠯᠤᠰ ᠪᠠ ᠪᠦᠬᠦ ᠤᠯᠤᠰ ᠤ᠋ᠨ ᠡᠯ᠎ᠠ ᠮᠤᠵᠢ ᠬᠤᠳᠠ ᠪᠡᠷ ᠬᠦᠷᠴᠤ᠂ ᠦᠨᠳᠤᠰᠤᠳᠡᠨ ᠤ᠋ ᠬᠤᠪᠴᠠᠰᠤ ᠵᠠᠰᠠᠯ ᠵᠢᠡᠷ ᠵᠢᠡᠨ ᠤᠯᠤᠰ ᠤ᠋ᠨ ᠲᠤᠳᠤᠭᠠᠳᠤ ᠭᠠᠳᠠᠭᠠᠳᠤ ᠵᠢᠨ ᠦᠢ ᠤᠯᠠᠨ ᠦᠵᠡᠭᠴᠢ ᠪᠠ ᠬᠡᠷᠡᠭᠯᠡᠭᠴᠢᠳ ᠤ᠋ᠨ ᠬᠠᠷᠠᠴᠠ ᠵᠢ ᠪᠤᠯᠢᠶᠠᠵᠤ᠂ ᠦᠨᠳᠤᠰᠤᠳᠡᠨ ᠤ᠋ ᠬᠤᠪᠴᠠᠰᠤ ᠵᠠᠰᠠᠯ ᠤ᠋ᠨ ᠭᠤᠸ᠎ᠠ ᠰᠠᠢᠬᠠᠨ ᠪᠠ ᠰᠤᠶᠤᠯ ᠵᠢᠡᠨ ᠭᠠᠢᠬᠠᠭᠤᠯᠤᠨ ᠶᠠᠪᠤᠯ᠎ᠠ᠃
ᠰᠢᠨ᠎ᠠ ᠲᠢᠳᠢᠮᠯᠢᠭ ᠠᠭᠤᠰᠬᠢᠨ ᠦᠷᠪᠢᠰᠦᠯ ᠤ᠋ᠨ ᠬᠢᠵᠢᠭ ᠳᠡᠯᠭᠡᠷᠡᠭᠰᠡᠨ ᠵᠢᠯ ᠳ᠋ᠤ᠂ ᠶᠠᠪᠤᠵᠤ ᠰᠠᠭᠤᠬᠤ ᠶ᠋ᠢᠨ ᠬᠤᠷᠢᠭ᠎ᠠ ᠴᠡᠭᠡᠷ ᠡᠴᠡ ᠪᠤᠯᠵᠤ ᠲᠡᠬᠦᠨ ᠤ᠋ ᠤᠶᠤᠳᠠᠯ ᠤ᠋ᠨ ᠦᠢᠯᠡᠰ ᠵᠤᠬᠢᠬᠤ ᠬᠡᠮᠵᠢᠶ᠎ᠠ ᠪᠡᠷ ᠨᠦᠯᠤᠭᠡᠯᠡᠭᠳᠡᠵᠤ᠂ ᠲᠡᠷᠡ ᠺᠤᠮᠫᠠᠨᠢ ᠵᠢᠨ ᠵᠢᠡᠨ ᠬᠦᠷᠢᠶ᠎ᠠ ᠬᠡᠪᠴᠢᠶ᠎ᠠ ᠵᠢ ᠪᠠᠭᠠᠰᠬᠠᠬᠤ ᠵᠢᠨ ᠵᠡᠷᠭᠡ ᠪᠡᠷ 2024 ᠤᠨ ᠤ᠋ ᠬᠠᠪᠤᠷ 《ᠬᠠᠰ ᠤᠭᠠᠯᠵᠠ》 ᠲᠠᠸᠠᠷ ᠤ᠋ᠨ ᠲᠡᠮᠳᠡᠭ ᠤ᠋ᠨ ᠵᠢᠡᠨ ᠨᠡᠷ᠎ᠠ ᠨᠦᠯᠤᠭᠡ ᠵᠢ ᠤᠯᠠᠮ ᠦᠷᠭᠡᠳᠭᠡᠬᠦ ᠪᠡᠷ ᠰᠢᠯᠢᠡᠭᠬᠤᠳᠠ ᠡᠴᠡ ᠬᠦᠬᠡᠬᠤᠳᠠ ᠵᠢ ᠵᠤᠷᠢᠵᠤ᠂ ᠮᠤᠡᠭᠭᠤᠯ ᠬᠤᠳᠠ ᠬᠤᠳᠠᠯᠳᠤᠭᠠᠨ ᠤ᠋ ᠲᠦᠪ ᠲᠤ᠌ ᠨᠢᠭᠡ ᠵᠢᠵᠢᠭ ᠲᠡᠯᠭᠡᠬᠦᠷ ᠲᠦᠷᠢᠶᠡᠰᠤᠯᠡᠬᠦ ᠵᠢᠨ ᠬᠠᠮᠳᠤ ᠰᠢᠨ᠎ᠠ ᠬᠤᠳᠠ ᠲᠤᠭᠤᠷᠢᠭ ᠤ᠋ᠨ ᠴᠢᠡᠭᠭᠢᠰ ᠬᠠᠭᠠᠨ ᠵᠡᠭᠡᠯᠢ ᠳ᠋ᠤ 208 ᠲᠡᠭᠰᠢ ᠲᠦᠷᠪᠡᠯᠵᠢᠨ ᠮᠸᠲᠷ ᠤ᠋ᠨ ᠦᠢᠯᠡᠳᠪᠤᠷᠢ ᠵᠢᠨ ᠲᠠᠰᠤᠭ ᠵᠢᠡᠨ ᠠᠵᠢᠯᠯᠠᠭᠤᠯᠵᠤ ᠡᠬᠢᠯᠡᠭᠰᠡᠨ ᠪᠠᠢᠨ᠎ᠠ᠃
《ᠬᠦᠬᠡᠬᠤᠳᠠ ᠪᠤᠯᠤᠬᠰᠠᠭᠠᠷ ᠤᠷᠤᠨ ᠤ᠋ ᠲᠦᠪ ᠬᠤᠳᠠ ᠪᠤᠯᠬᠤ ᠪᠡᠷ ᠡᠯ᠎ᠠ ᠭᠠᠵᠠᠷ ᠤᠷᠤᠨ ᠤ᠋ ᠤᠷᠠᠨ ᠤᠶᠤᠳᠠᠯᠴᠢᠨ ᠲᠦᠪᠯᠡᠷᠡᠭᠰᠡᠨ ᠭᠠᠵᠠᠷ ᠶᠤᠮ᠃ ᠵᠠᠬ᠎ᠠ ᠲᠡᠯᠭᠡᠬᠦᠷ ᠤ᠋ᠨ ᠬᠦᠭᠵᠢᠯᠳᠠ ᠵᠢᠨ ᠤᠷᠤᠨ ᠵᠠᠢ ᠨᠡᠡᠭ ᠦᠷᠭᠡᠨ᠃ ᠢᠯᠠᠡᠭᠭᠤᠶᠠ ᠦᠢᠷ᠎ᠠ ᠵᠢᠨ ᠬᠡᠳᠤᠨ ᠵᠢᠯ ᠳ᠋ᠤ ᠦᠨᠳᠤᠰᠤᠳᠡᠨ ᠤ᠋ ᠬᠤᠪᠴᠠᠰᠤ ᠵᠠᠰᠠᠯ ᠵᠢᠡᠷ ᠪᠠᠬᠠᠷᠬᠠᠳᠠᠭ ᠬᠡᠷᠡᠭᠯᠡᠭᠴᠢᠳ ᠤᠯᠠᠰᠢᠷᠠᠵᠤ᠂ ᠪᠢᠳᠡᠨ ᠳ᠋ᠤ ᠶᠡᠭᠡ ᠵᠤᠷᠢᠬᠵᠢᠭᠤᠯᠤᠯ ᠪᠤᠯᠤᠬᠰᠠᠨ ᠤ᠋ ᠲᠡᠭᠡᠷ᠎ᠠ ᠡᠯ᠎ᠠ ᠵᠤᠢᠯ ᠤ᠋ᠨ ᠦᠵᠡᠬᠦᠯᠭᠡ ᠦᠵᠡᠰᠬᠦᠯᠡᠡᠭ ᠳ᠋ᠤ ᠤᠷᠤᠯᠴᠠᠬᠤ ᠳ᠋ᠤ ᠴᠦ᠍ ᠲᠦᠬᠦᠮ ᠪᠤᠯᠤᠬᠰᠠᠨ》 ᠬᠡᠵᠤ ᠴᠤᠯᠮᠤᠨᠬᠡᠷᠡᠯ ᠬᠦᠬᠡᠬᠤᠳᠠ ᠵᠢ ᠵᠤᠷᠢᠬᠰᠠᠨ ᠲᠤᠬᠠᠢ ᠪᠡᠨ ᠶᠠᠷᠢᠨ᠎ᠠ᠃
ᠴᠤᠯᠮᠤᠨᠬᠡᠷᠡᠯ ᠤ᠋ᠨ ᠺᠤᠮᠫᠠᠨᠢ ᠳ᠋ᠤ ᠤᠳᠤ 4 ᠲᠤᠬᠳᠠᠮᠠᠯ ᠠᠵᠢᠯᠳᠠᠨ ᠲᠠᠢ ᠪᠠᠢᠵᠤ᠂ ᠪᠠᠰᠠ ᠵᠠᠬᠢᠶᠠᠯᠠᠭ᠎ᠠ ᠵᠢᠨ ᠪᠠᠢᠳᠠᠯ ᠵᠢᠡᠨ ᠦᠨᠳᠤᠰᠤᠯᠡᠨ ᠨᠤᠳᠤᠭ ᠲᠠᠭᠠᠨ ᠪᠠᠢᠭ᠎ᠠ ᠬᠠᠳᠬᠤᠮᠠᠯᠴᠢᠨ ᠪᠦᠰᠡᠬᠦᠢ ᠵᠢ ᠤᠷᠢᠨ ᠬᠡᠷᠡᠭᠯᠡᠵᠤ ᠪᠤᠢ᠃ ᠡᠨᠡ ᠨᠢ ᠬᠦᠳᠡᠬᠡ ᠵᠢᠨ ᠲᠡᠳᠡᠭᠡᠷ ᠪᠦᠰᠡᠬᠦᠢᠴᠤᠳ ᠤ᠋ᠨ ᠰᠤᠯᠡ ᠰᠡᠯᠡᠬᠦᠤ ᠵᠠᠪ ᠵᠢᠡᠷ ᠵᠢᠡᠨ ᠤᠷᠤᠯᠭ᠎ᠠ ᠪᠡᠨ ᠨᠡᠮᠡᠭᠳᠡᠬᠦᠯᠬᠦ ᠳ᠋ᠤ ᠲᠤᠬᠢᠶᠠᠯ ᠬᠠᠩᠭᠠᠭᠰᠠᠨ ᠪᠦᠭᠡᠳ ᠴᠤᠯᠮᠤᠨᠬᠡᠷᠡᠯ ᠤ᠋ᠨ ᠺᠤᠮᠫᠠᠨᠢ ᠵᠢᠨ ᠦᠪᠡᠷ ᠤ᠋ᠨ ᠦᠷᠳᠡᠭ ᠵᠢᠡᠨ ᠠᠷᠪᠢᠯᠠᠬᠤ ᠨᠢᠭᠡ ᠵᠦᠢᠯ ᠤ᠋ᠨ ᠠᠷᠭ᠎ᠠ ᠵᠠᠮ ᠪᠤᠯᠵᠠᠢ᠃

ᠴᠤᠯᠮᠤᠨᠬᠡᠷᠡᠯ ᠤ᠋ᠨ ᠳᠡᠯᠭᠡᠭᠦᠷ
《ᠮᠤᠡᠭᠭᠤᠯ ᠬᠤᠪᠴᠠᠰᠤ ᠵᠠᠰᠠᠯ ᠳ᠋ᠤ ᠦᠪᠡᠷ ᠤ᠋ᠨ ᠬᠡᠰᠡᠨ ᠰᠤᠶᠤᠯ ᠲᠠᠢ᠂ ᠦᠪᠡᠷ ᠤ᠋ᠨ ᠬᠡᠰᠡᠨ ᠶᠤᠰᠤ ᠤᠴᠢᠷ ᠲᠠᠢ ᠪᠠᠢᠳᠠᠭ᠃ ᠦᠷ᠎ᠠ ᠬᠤᠢᠴᠢᠰ ᠲᠠᠭᠠᠨ ᠦᠪᠤᠷ ᠮᠤᠩᠭᠤᠯ ᠤ᠋ᠨ ᠡᠯ᠎ᠠ ᠭᠠᠵᠠᠷ ᠤ᠋ᠨ ᠤᠯᠠᠮᠵᠢᠯᠠᠯᠳᠤ ᠬᠤᠪᠴᠠᠰᠤ ᠵᠠᠰᠠᠯ ᠤ᠋ᠨ ᠰᠤᠶᠤᠯ ᠢ᠋ ᠦᠢᠯᠠᠭᠠᠭᠤᠯᠵᠤ᠂ ᠦᠢᠯᠡ ᠤᠶᠤᠳᠠᠯ ᠤ᠋ᠨ ᠮᠡᠷᠭᠡᠵᠢᠯ ᠢ᠋ ᠤᠯᠠᠮᠵᠢᠯᠠᠵᠤ ᠬᠦᠭᠵᠢᠬᠦᠯᠤᠨ᠎ᠠ ᠬᠡᠳᠡᠭ ᠪᠤᠯ ᠮᠢᠨᠤ ᠪᠠᠷᠢᠮᠳᠠᠯᠠᠯ》 ᠬᠡᠵᠤ ᠴᠤᠯᠮᠤᠨᠬᠡᠷᠡᠯ ᠶᠠᠷᠢᠨ᠎ᠠ᠃
ᠴᠤᠯᠮᠤᠨᠬᠡᠷᠡᠯ ᠤᠶᠤᠳᠠᠯ ᠤ᠋ᠨ ᠦᠢᠯᠡᠰ ᠡᠷᠬᠢᠯᠡᠭᠰᠡᠨ 27 ᠵᠢᠯ ᠤ᠋ᠨ ᠲᠤᠷᠰᠢ᠂ ᠦᠵᠤᠮᠤᠴᠢᠨ ᠲᠡᠷᠯᠢᠭ ᠡᠴᠡ ᠭᠠᠳᠠᠨ᠎ᠠ ᠪᠠᠷᠭᠤ ᠪᠤᠷᠢᠶᠠᠳ᠂ ᠬᠤᠷᠴᠢᠨ᠂ ᠪᠠᠭᠠᠷᠢᠨ ᠵᠡᠷᠭᠡ ᠦᠪᠤᠷ ᠮᠤᠩᠭᠤᠯ ᠤ᠋ᠨ ᠡᠯ᠎ᠠ ᠭᠠᠵᠠᠷ ᠤ᠋ᠨ ᠦᠢᠯᠡ ᠤᠶᠤᠳᠠᠯ ᠢ᠋ ᠪᠦᠷ ᠰᠠᠢᠨ ᠮᠡᠳᠡᠬᠦ ᠪᠤᠯᠬᠤᠷ ᠡᠯ᠎ᠠ ᠠᠢᠮᠠᠭ ᠬᠤᠳᠠ ᠳ᠋ᠤ ᠦᠢᠯᠡ ᠤᠶᠤᠳᠠᠯ ᠤ᠋ᠨ ᠬᠢᠴᠢᠶᠠᠯ ᠵᠢᠭᠠᠬᠤ ᠪᠡᠷ ᠤᠯᠠᠨ ᠤᠷᠢᠬᠳᠠᠵᠤ᠂ 1000 ᠰᠢᠬᠠᠮ ᠱᠠᠪᠢ ᠬᠦᠮᠤᠵᠢᠬᠦᠯᠦᠭᠰᠡᠨ ᠠᠵᠢ᠃ ᠲᠡᠬᠦᠨ ᠤ᠋ ᠲᠦᠰᠤᠪᠯᠡᠭᠰᠡᠨ ᠦᠨᠳᠤᠰᠤᠳᠡᠨ ᠤ᠋ ᠬᠤᠪᠴᠠᠰᠤ ᠵᠠᠰᠠᠯ ᠨᠢ ᠲᠤᠮᠳᠠᠳᠤ ᠮᠤᠡᠭᠭᠤᠯ ᠤᠷᠤᠰ ᠤ᠋ᠨ ᠦᠨᠳᠤᠰᠤᠳᠡᠨ ᠤ᠋ ᠬᠤᠪᠴᠠᠰᠤ ᠵᠠᠰᠠᠯ ᠤ᠋ᠨ ᠤᠷᠤᠯᠳᠤᠭᠠᠨ ᠤ᠋ ᠤᠳᠤ ᠦᠶ᠎ᠠ ᠵᠢᠨ ᠬᠤᠪᠴᠠᠰᠤ ᠵᠠᠰᠠᠯ ᠤ᠋ᠨ ᠲᠤᠭᠤᠢᠯᠠᠡᠭ ᠤ᠋ᠨ ᠠᠯᠳᠠᠨ ᠮᠸᠳᠠᠯ᠂ ᠠᠡᠭᠬᠠᠳᠤᠭᠠᠷ ᠬᠤᠭᠤᠴᠠᠭᠠᠨ ᠤ᠋ ᠨᠢ᠋ᠮᠠᠨ ᠮᠤᠵᠢ ᠤᠷᠤᠨ ᠤ᠋ ᠦᠨᠳᠤᠰᠤᠳᠡᠨ ᠤ᠋ ᠬᠤᠪᠴᠠᠰᠤ ᠵᠠᠰᠠᠯ ᠤ᠋ᠨ ᠦᠵᠡᠬᠦᠯᠭᠡ ᠵᠢᠨ ᠤᠷᠤᠯᠳᠤᠭᠠᠨ ᠤ᠋ ᠠᠯᠳᠠᠨ ᠮᠸᠳ᠋ᠠᠯ ᠵᠡᠷᠭᠡ ᠤᠯᠠᠨ ᠤᠷᠤᠯᠳᠤᠭᠠᠨ ᠦᠵᠡᠬᠦᠯᠭᠡ ᠵᠢᠨ ᠱᠠᠡᠭᠨᠠᠯ ᠬᠦᠬᠢᠬᠦᠯᠤᠯ ᠢ᠋ ᠤᠯᠵᠤ᠂ ᠦᠷᠭᠡᠨ ᠤᠯᠠᠨ ᠦᠵᠡᠭᠴᠢ ᠬᠡᠷᠡᠭᠯᠡᠭᠴᠢ ᠵᠢᠨ ᠮᠠᠬᠳᠠᠭᠠᠯ ᠰᠠᠢᠰᠢᠶᠠᠯ ᠢ᠋ ᠬᠦᠷᠳᠡᠵᠠᠢ᠃