ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠵᠠᠰᠠᠭ᠎ᠤᠨ ᠣᠷᠳᠣᠨ ᠮᠥᠩᠭᠥᠨ ᠭᠦᠶ᠋ᠯᠭᠡᠭᠡ ᠠᠵᠤ ᠠᠬᠤᠢᠯᠠᠯ᠎ᠢ ᠵᠣᠯᠭᠠᠭᠤᠯᠬᠤ ᠬᠤᠷᠠᠯ ᠬᠤᠷᠠᠯᠳᠤᠭᠤᠯᠪᠠ
2026-05-09 09:12:54
ᠵᠣᠬᠢᠶᠠᠭ᠍ᠴᠢ᠄
ᠰᠦᠩ ᠱᠤᠸᠠᠩ
ᠣᠩᠱᠢᠭ᠍ᠰᠠᠨ ᠣᠳᠠᠭ᠎ᠠ᠄
★★★☆☆

ᠮᠥᠩᠭᠥᠨ ᠭᠦᠶ᠋ᠯᠭᠡᠭᠡᠨ᠎ᠦ 《ᠠᠮᠢᠳᠤ ᠪᠤᠯᠠᠭ》 ᠵᠢᠠᠷ ᠠᠵᠤ ᠦᠶ᠋ᠯᠡᠰ᠎ᠦᠨ ᠬᠥᠭ᠌ᠵᠢᠯᠲᠡ᠎ᠶ᠋ᠢ ᠨᠠᠷᠢᠯᠢᠭ ᠤᠨᠤᠴᠠᠳᠠᠢ ᠤᠮᠳᠠᠯᠠᠨ᠎ᠠ

ᠪᠤᠤ ᠭᠠᠩ ᠤᠷᠤᠯᠴᠠᠵᠡᠢ


5 ᠰᠠᠷ᠎ᠠ᠎ᠶ᠋ᠢᠨ 8 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ 2026 ᠣᠨ᠎ᠤ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ 《1571》 ᠠᠵᠢᠯ᠎ᠤᠨ ᠪᠠᠢᠷᠢᠯᠠᠭᠤᠯᠤᠯᠲᠠ᠎ᠶ᠋ᠢ ᠨᠠᠢᠳᠠᠪᠤᠷᠢᠵᠢᠭᠤᠯᠬᠤ ᠵᠠᠰᠠᠭ᠎ᠤᠨ ᠣᠷᠳᠣᠨ ᠮᠥᠩᠭᠥᠨ ᠭᠦᠢᠯᠭᠡᠭᠡ ᠠᠵᠤ ᠠᠬᠤᠢᠯᠠᠯ᠎ᠢ ᠵᠣᠯᠭᠠᠭᠤᠯᠬᠤ ᠬᠤᠷᠠᠯ ᠬᠤᠷᠠᠯᠳᠤᠭᠤᠯᠵᠤ᠂ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠂ ᠮᠥᠩᠭᠥᠨ ᠭᠦᠢᠯᠭᠡᠭᠡᠨ᠎ᠦ ᠪᠠᠢᠭᠤᠯᠤᠮᠵᠢ ᠪᠣᠯᠤᠨ ᠠᠵᠤ ᠠᠬᠤᠢᠯᠠᠯ᠎ᠢ ᠵᠣᠯᠭᠠᠭᠤᠯᠬᠤ ᠲᠣᠭ᠍ᠲᠠᠴᠠ᠎ᠶ᠋ᠢ ᠱᠢᠯᠤᠭᠤᠳᠭᠠᠵᠤ᠂ ᠮᠥᠩᠭᠥᠨ ᠭᠦᠢᠯᠭᠡᠭᠡᠨ᠎ᠢᠶᠡᠷ ᠪᠣᠳᠠᠲᠤ ᠴᠣᠭ᠍ᠴᠠ᠎ᠶ᠋ᠢᠨ ᠠᠵᠤ ᠠᠬᠤᠢ᠎ᠳᠤ ᠦᠢᠯᠡᠴᠢᠯᠡᠬᠦ᠌ ᠶᠠᠰᠤ ᠴᠢᠨᠠᠷ ᠦᠷ᠎ᠡ ᠪᠦᠲᠦᠮᠵᠢ᠎ᠶ᠋ᠢ ᠬᠦᠴᠦᠯᠡᠨ ᠳᠡᠭᠡᠭ᠌ᠰᠢᠯᠡᠭᠦᠯᠪᠡ᠃

ᠥᠪᠡᠷᠲᠡᠭᠡᠨ ᠵᠠᠰᠠᠬᠤ ᠣᠷᠣᠨ᠎ᠤ ᠣᠷᠣᠨ ᠨᠤᠲᠤᠭ᠎ᠤᠨ ᠮᠥᠩᠭᠥᠨ ᠭᠦᠶ᠋ᠯᠭᠡᠭᠡᠨ᠎ᠦ ᠬᠠᠮᠢᠶᠠᠷᠤᠯᠲᠠ᠎ᠶ᠋ᠢᠨ ᠲᠣᠪᠴᠢᠶ᠎ᠠ᠂ ᠠᠷᠠᠳ᠎ᠤᠨ ᠪᠠᠩᠬᠢ᠎ᠶ᠋ᠢᠨ ᠥᠪᠥᠷ ᠮᠣᠩᠭᠣᠯ᠎ᠤᠨ ᠬᠤᠪᠢᠶᠠᠷᠢ ᠪᠠᠩᠬᠢ ᠲᠣᠰ ᠲᠣᠰ ᠮᠥᠩᠭᠥᠨ ᠭᠦᠶ᠋ᠯᠭᠡᠭᠡᠨ᠎ᠢᠶᠡᠷ ᠪᠣᠳᠠᠲᠤ ᠴᠣᠭ᠍ᠴᠠ᠎ᠶ᠋ᠢᠨ ᠠᠵᠤ ᠠᠬᠤᠶ᠎ᠶ᠋ᠢ ᠳᠡᠮᠵᠢᠬᠦ᠌ ᠠᠷᠪᠠᠨ ᠵᠦᠶ᠋ᠯ᠎ᠦᠨ ᠠᠷᠭ᠎ᠠ ᠬᠡᠮᠵᠢᠶ᠎ᠡ᠂ ᠮᠥᠩᠭᠥᠨ ᠭᠦᠶ᠋ᠯᠭᠡᠭᠡᠨ᠎ᠦ ᠲᠥᠷᠥ᠎ᠶ᠋ᠢᠨ ᠪᠣᠳᠣᠯᠭ᠎ᠠ᠎ᠶ᠋ᠢᠨ ᠪᠠᠭᠠᠵᠢ᠂ ᠢᠲᠡᠭᠡᠮᠵᠢᠲᠦ ᠵᠢᠭᠡᠯᠡᠯᠭᠡ᠎ᠶ᠋ᠢᠨ ᠲᠥᠷᠥ᠎ᠶ᠋ᠢᠨ ᠪᠣᠳᠣᠯᠭ᠎ᠠ ᠵᠢᠴᠢ ᠮᠥᠩᠭᠥᠨ ᠭᠦᠶ᠋ᠯᠭᠡᠭᠡᠨ᠎ᠢᠶᠡᠷ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠣᠷᠣᠨ᠎ᠤ ᠪᠥᠲᠥᠭᠡᠨ ᠪᠠᠢᠭᠤᠯᠤᠯᠲᠠ᠎ᠶ᠋ᠢ ᠳᠡᠮᠵᠢᠬᠦ᠌ ᠬᠣᠯᠪᠣᠭ᠍ᠳᠠᠯ ᠪᠥᠬᠥᠶ ᠪᠠᠢᠳᠠᠯ᠎ᠳᠤ ᠲᠠᠢᠯᠤᠮᠵᠢ ᠬᠢᠪᠠ᠃ ᠥᠪᠡᠷᠲᠡᠭᠡᠨ ᠵᠠᠰᠠᠬᠤ ᠣᠷᠣᠨ᠎ᠳᠤ ᠰᠠᠭᠤᠭ᠎ᠠ ᠮᠥᠩᠭᠥᠨ ᠭᠦᠶ᠋ᠯᠭᠡᠭᠡᠨ᠎ᠦ ᠪᠠᠢᠭᠤᠯᠤᠮᠵᠢ᠎ᠡᠴᠡ ᠪᠥᠬᠥ᠌ ᠣᠷᠣᠨ᠎ᠤ ᠴᠢᠬᠤᠯᠠ ᠶᠡᠬᠡ ᠪᠠᠢᠯᠳᠤᠬᠤ ᠪᠣᠳᠣᠯᠭ᠎ᠠ ᠪᠠ ᠭᠤᠤᠯᠳᠠᠯᠭ᠎ᠠ᠎ᠲᠠᠶ ᠠᠵᠤ ᠦᠶ᠋ᠯᠡᠰ᠎ᠲᠦ ᠬᠠᠨᠳᠤᠭᠤᠯᠤᠭ᠍ᠰᠠᠨ ᠣᠨᠴᠠᠯᠢᠭ᠍ᠲᠤ ᠮᠥᠩᠭᠥᠨ ᠭᠦᠶ᠋ᠯᠭᠡᠭᠡᠨ᠎ᠦ ᠦᠶ᠋ᠯᠡᠴᠢᠯᠡᠭᠡ᠎ᠶ᠋ᠢ ᠲᠠᠨᠢᠯᠴᠠᠭᠤᠯᠤᠭ᠍ᠰᠠᠨ ᠪᠥᠭᠡᠳ 8 ᠠᠵᠤ ᠠᠬᠤᠢᠯᠠᠯ᠎ᠲᠠᠶ ᠲᠥᠪᠯᠡᠷᠡᠭᠦᠯᠦᠨ ᠭᠡᠷ᠎ᠡ ᠲᠣᠭ᠍ᠲᠠᠵᠤ᠂ ᠡᠨᠧᠷᠭᠢ᠂ ᠮᠠᠯ᠎ᠤᠨ ᠠᠱᠢᠭ ᠱᠢᠮ᠎ᠡ᠎ᠲᠠᠷᠢᠶᠠᠯᠠᠩ᠎ᠤᠨ ᠪᠦᠲᠦᠭᠡᠭ᠌ᠳᠡᠬᠦᠨ᠎ᠢ ᠦᠶ᠋ᠯᠡᠳᠪᠦᠷᠢᠯᠡᠵᠦ᠍ ᠡᠳ᠋ᠱᠢᠭᠦᠯᠬᠦ᠌᠂ ᠱᠢᠨ᠎ᠡ ᠮᠠᠲ᠋ᠧᠷᠢᠶᠠᠯ ᠵᠡᠷᠭᠡ ᠭᠤᠤᠯᠳᠠᠯᠭ᠎ᠠ᠎ᠲᠠᠶ ᠠᠵᠤ ᠦᠶ᠋ᠯᠡᠰ᠎ᠢ ᠬᠠᠮᠤᠷᠴᠤ᠌᠂ ᠲᠥᠷᠥ᠎ᠶ᠋ᠢᠨ ᠪᠣᠳᠣᠯᠭ᠎ᠠ᠂ ᠪᠠᠯᠠ ᠮᠥᠩᠭᠥ᠌᠂ ᠠᠵᠤ ᠦᠶ᠋ᠯᠡᠰ᠎ᠢ ᠨᠠᠷᠢᠯᠢᠭ ᠣᠨᠣᠴᠠᠲᠠᠶ᠎ᠪᠠᠷ ᠵᠤᠯᠭᠠᠭᠤᠯᠬᠤ᠎ᠶ᠋ᠢ ᠪᠡᠶᠡᠯᠡᠭᠦᠯᠪᠡ᠃

ᠬᠤᠷᠠᠯ᠎ᠳᠤ ᠣᠷᠣᠯᠴᠠᠭ᠍ᠰᠠᠨ ᠡᠯ᠎ᠡ ᠲᠠᠯ᠎ᠠ᠎ᠶ᠋ᠢᠨ ᠬᠢᠨ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶ᠋ᠢᠨ 《1571》 ᠠᠵᠢᠯ᠎ᠤᠨ ᠪᠠᠢᠷᠢᠯᠠᠭᠤᠯᠤᠯᠲᠠ᠎ᠶ᠋ᠢ ᠨᠠᠢᠳᠠᠪᠤᠷᠢᠵᠢᠭᠤᠯᠬᠤ᠎ᠶ᠋ᠢᠨ ᠲᠣᠭᠣᠷᠢᠨ᠎ᠳᠤ᠂ ᠵᠠᠰᠠᠭ᠎ᠤᠨ ᠣᠷᠳᠣᠨ ᠮᠥᠩᠭᠥᠨ ᠭᠦᠶ᠋ᠯᠭᠡᠭᠡ ᠠᠵᠤ ᠠᠬᠤᠢᠯᠠᠯ᠎ᠢ ᠪᠠᠢᠩᠭᠤᠵᠢᠭᠤᠯᠤᠨ ᠵᠣᠯᠭᠠᠭᠤᠯᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠠᠳᠠᠯᠢ ᠰᠡᠳᠦᠪ᠎ᠲᠦ ᠬᠠᠮᠲᠤ᠎ᠪᠠᠷ ᠬᠠᠷᠢᠭᠤᠯᠲᠠ ᠥᠭ᠌ᠴᠦ᠂ ᠠᠳᠠᠯᠢ ᠴᠢᠭ᠌ᠯᠡᠯ᠎ᠢᠶᠡᠷ ᠬᠦᠴᠦᠯᠡᠵᠦ᠍᠂ ᠨᠠᠩ ᠣᠯᠠᠨ ᠮᠥᠩᠭᠥᠨ ᠭᠦᠶ᠋ᠯᠭᠡᠭᠡᠨ᠎ᠦ ᠡᠬᠢ ᠪᠠᠶᠠᠯᠢᠭ᠎ᠢ ᠬᠥᠲᠥᠯᠥᠨ ᠵᠢᠯᠣᠭᠣᠳᠴᠤ᠌ ᠥᠪᠡᠷᠲᠡᠭᠡᠨ ᠵᠠᠰᠠᠬᠤ ᠣᠷᠣᠨ᠎ᠤ ᠭᠤᠤᠯᠳᠠᠯᠭ᠎ᠠ᠎ᠲᠠᠶ ᠠᠵᠤ ᠦᠶ᠋ᠯᠡᠰ᠂ ᠴᠢᠬᠤᠯᠠ ᠶᠡᠬᠡ ᠲᠥᠷᠥᠯ ᠵᠦᠶ᠋ᠯ ᠲᠡᠢᠰᠢ ᠲᠥᠪᠯᠡᠷᠡᠭᠦᠯᠵᠦ᠍᠂ ᠳᠤᠮᠳᠠ ᠪᠠᠭ᠎ᠠ ᠵᠢᠵᠢᠭ ᠠᠵᠤ ᠠᠬᠤᠢᠯᠠᠯ ᠪᠣᠯᠤᠨ ᠦᠨᠳᠦᠰᠦᠨ ᠱᠠᠲᠤᠨ᠎ᠤ ᠮᠠᠯᠴᠢᠨ ᠲᠠᠷᠢᠶᠠᠴᠢᠨ᠎ᠳ᠋ᠤ ᠬᠠᠨᠳᠤᠭᠤᠯᠤᠬᠰᠠᠨ ᠮᠥᠩᠭᠥᠨ ᠭᠦᠶ᠋ᠯᠭᠡᠭᠡᠨ᠎ᠦ ᠦᠶ᠋ᠯᠡᠴᠢᠯᠡᠭᠡ ᠵᠢᠨ ᠡᠷᠴᠢᠮ᠎ᠢᠶᠡᠨ ᠴᠢᠩᠭᠠᠷᠠᠭᠤᠯᠵᠤ᠂ 《ᠵᠢᠭᠡᠯᠡᠯᠭᠡ ᠤᠯᠬᠤ᠎ᠳᠤ ᠬᠦᠴᠢᠷ》᠂ 《ᠵᠢᠭᠡᠯᠡᠯᠭᠡ ᠦᠨᠡᠲᠡᠶ》 ᠪᠠᠢᠬᠤ ᠠᠰᠠᠭᠤᠳᠠᠯ᠎ᠢ ᠦᠷᠭᠦᠯᠵᠢᠯᠡᠨ ᠰᠠᠢᠲᠤᠷ ᠱᠢᠶ᠋ᠳᠪᠦᠷᠢᠯᠡᠵᠦ᠍᠂ ᠮᠥᠩᠭᠥᠨ ᠭᠦᠶ᠋ᠯᠭᠡᠭᠡᠨ᠎ᠦ 《ᠲᠠᠪᠤᠨ ᠲᠠᠯ᠎ᠠ ᠵᠢᠨ ᠲᠤᠮᠤ ᠠᠵᠢᠯ》 ᠢ᠋ ᠯᠠᠪᠳᠠᠭᠤᠨ ᠪᠠᠲᠤᠲᠠᠶ ᠰᠠᠢᠲᠤᠷ ᠬᠢᠵᠦ᠍᠂ ᠮᠠᠨ᠎ᠤ ᠣᠷᠣᠨ᠎ᠤ 《ᠠᠷᠪᠠᠨ ᠲᠠᠪᠤᠳᠤᠭᠠᠷ ᠲᠠᠪᠤᠨ ᠵᠢᠯ》 ᠤ᠋ᠨ ᠰᠠᠢᠨ ᠰᠠᠢᠬᠠᠨ ᠡᠬᠢᠯᠡᠯᠲᠡ ᠵᠢ ᠪᠡᠶᠡᠯᠡᠭᠦᠯᠬᠦ᠎ᠳᠤ ᠮᠦᠩᠭᠦᠨ ᠭᠦᠢᠯᠭᠡᠭᠡᠨ᠎ᠤ ᠬᠦᠴᠦᠨ ᠴᠢᠳᠠᠯ᠎ᠢ ᠡᠷᠭᠦᠨ᠎ᠡ ᠭᠡᠵᠦ ᠢᠯᠡᠳᠭᠡᠵᠡᠭᠡᠪᠡ᠃

ᠪᠦᠦ ᠭᠠᠩ ᠣᠷᠣᠯᠴᠠᠵᠤ᠂ ᠬᠤᠸᠠᠩ ᡁᠢ ᠴᠢᠶᠠᠩ ᠶᠠᠷᠢᠶ᠎ᠠ ᠲᠠᠯᠪᠢᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号