ᠬᠠᠢᠷ᠎ᠠ ᠪᠡᠷ ᠮᠢᠯᠢᠶᠠᠭᠰᠠᠨ ᠠᠶᠠᠨ ᠤ᠋ ᠳᠤᠷᠭᠠᠨ ᠵᠢᠯᠤᠭᠤ ︱ 2026 ᠤᠨ ᠤ᠋ ᠤᠯᠤᠰ ᠤ᠋ᠨ ᠨᠢᠬᠡᠳᠦᠯᠳᠡᠢ ᠰᠢᠯᠭᠠᠯᠳᠠ ᠳ᠋ᠤ ᠤᠷᠤᠯᠴᠠᠬᠤ ᠰᠢᠯᠭᠠᠭᠤᠯᠤᠭᠰᠠᠳ ᠲᠠᠭᠠᠨ ᠵᠤᠷᠢᠭᠤᠯᠪᠠ
2026-06-01 09:51:41
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠠᠢᠷᠠᠭᠤᠯᠤᠭᠴᠢ ᠵᠢᠨ ᠦᠬᠡ᠄ ᠳᠡᠬᠦᠰ ᠦᠵᠡᠮᠵᠢ ᠪᠦᠷᠢᠳᠦᠭᠰᠡᠨ ᠵᠤᠨ᠎ᠤ ᠵᠢᠷᠭᠤᠭᠠᠨ ᠰᠠᠷ᠎ᠠ ᠳ᠋ᠤ ᠬᠡᠦᠬᠡᠳ ᠪᠠᠭᠠᠴᠤᠳ ᠨᠢ ᠪᠠᠶᠠᠷ᠎ᠤᠨ ᠡᠳᠦᠷ ᠵᠢᠡᠨ ᠳᠡᠮᠳᠡᠭᠯᠡᠨ ᠪᠠᠶᠠᠰᠤᠯᠳᠤᠬᠤ ᠳ᠋ᠤ ᠬᠦᠰᠡᠯ ᠮᠦᠷᠦᠬᠡᠳᠦᠯ ᠳ᠋ᠡᠬᠡᠨ ᠬᠦᠳᠦᠯᠦᠭᠳᠡᠨ ᠨᠢᠬᠡ ᠪᠦᠯᠦᠭ ᠠᠬ᠎ᠠ ᠡᠭᠡᠴᠢ ᠨᠠᠷ ᠨᠢ ᠶᠡᠬᠡ ᠲᠡᠭᠡᠳᠦ ᠰᠤᠷᠭᠠᠭᠤᠯᠢ ᠳ᠋ᠤ ᠲᠠᠪᠰᠢᠬᠤ ᠤᠯᠤᠰ ᠎ᠤᠨ ᠨᠢᠬᠡᠳᠦᠯᠳᠡᠢ ᠰᠢᠯᠭᠠᠯᠳᠠ ᠳ᠋ᠤ ᠤᠢ ᠪᠢᠯᠢᠭ᠂ ᠰᠢᠨᠳᠠᠰᠤ ᠳᠡᠩᠬᠡᠬᠡ ᠪᠠᠨ ᠰᠤᠷᠢᠬᠤ ᠪᠡᠷ ᠪᠡᠯᠡᠬᠡᠨ᠃ ᠪᠠᠶᠠᠷ ᠪᠠᠶᠠᠰᠤᠯ᠂ ᠬᠦᠰᠡᠯ ᠮᠦᠷᠦᠬᠡᠳᠦᠯ ᠪᠢᠯᠬᠠᠭᠰᠠᠨ ᠵᠢᠷᠭᠤᠭᠠᠨ ᠰᠠᠷ᠎ᠠ ᠬᠡᠭᠴᠢ ᠶᠠᠭᠤᠳᠠᠢ ᠰᠠᠢᠬᠠᠨ ᠮᠦᠴᠡ ᠪᠢᠯᠡ ⁈


ᠦᠨᠳᠦᠷ ᠭᠤᠷᠪᠠ ᠬᠡᠵᠦ ᠦᠷᠢᠰᠦᠯᠳᠦᠬᠡᠨ ᠪᠠ ᠵᠠᠪᠰᠢᠶᠠᠨ ᠵᠢᠡᠷ ᠲᠦᠬᠦᠷᠦᠭᠰᠡᠨ ᠴᠢᠬᠤᠯᠠ ᠨᠢᠬᠡᠨ ᠦᠶ᠎ᠡ ᠶᠤᠮ᠃ ᠡᠨᠡ ᠨᠢᠬᠡ ᠵᠢᠯ ᠳ᠋ᠤ ᠦᠢ ᠤᠯᠠᠨ ᠪᠠᠭᠰᠢ ᠰᠤᠷᠤᠭᠴᠢᠳ ᠮᠠᠨᠢ ᠬᠠᠮᠳᠤ ᠵᠢᠨ ᠨᠢᠬᠡᠨ ᠵᠤᠷᠢᠯᠳᠠ ᠵᠢᠨ ᠲᠦᠯᠦᠬᠡ᠂ ᠰᠡᠳᠦᠪ᠎ᠤᠨ ᠳᠠᠯᠠᠢ ᠪᠡᠷ ᠱᠤᠩᠪᠠᠵᠤ᠂ ᠰᠢᠯᠭᠠᠯᠳᠠ ᠰᠤᠷᠢᠯᠳᠠ ᠪᠡᠷ ᠳᠠᠪᠳᠠᠨ ᠪᠤᠯᠪᠠᠰᠤᠷᠠᠵᠤ᠂ ᠪᠦᠷᠢᠨ ᠪᠡᠯᠡᠳᠬᠡᠯ ᠬᠢᠭᠰᠡᠭᠡᠷ ᠢᠷᠡᠯ᠎ᠡ᠃ ᠳᠤᠰ ᠳ᠋ᠤᠭᠠᠷ ᠲᠤ᠌ ᠪᠢᠳᠡ ᠦᠨᠳᠦᠷ ᠭᠤᠷᠪᠠ ᠵᠢᠨ ᠪᠠᠭᠰᠢ ᠰᠤᠷᠤᠭᠴᠢ ᠵᠢᠴᠢ ᠲᠡᠳᠡᠨ᠎ᠤ ᠭᠡᠷ᠎ᠤᠨ ᠠᠬᠠᠮᠠᠳ᠎ᠤᠨ ᠳᠤᠷᠠᠰᠤᠮᠵᠢ ᠲᠦᠬᠦᠷᠡᠩ ᠰᠤᠷᠤᠯᠭ᠎ᠠ ᠠᠮᠢᠳᠤᠷᠠᠯ᠂ ᠪᠤᠳᠤᠯ ᠰᠡᠳᠭᠢᠭᠳᠡᠯ ᠡᠴᠡ ᠬᠤᠪᠢᠶᠠᠯᠴᠠᠵᠤ᠂ ᠳᠡᠳᠡᠨ᠎ᠤ ᠦᠨᠳᠦᠷ ᠡᠴᠡ ᠦᠨᠳᠦᠷ ᠠᠮᠵᠢᠯᠳᠠ ᠲᠤᠰᠤᠨ᠂ ᠠᠯᠤᠰ᠎ᠤᠨ ᠠᠯᠤᠰ ᠲᠸ᠋ ᠠᠬᠢᠨ ᠮᠤᠷᠳᠠᠬᠤ᠎ᠶᠢᠨ ᠵᠦᠩᠨᠡᠯ ᠲᠠᠯᠪᠢᠶ᠎ᠠ᠃ ᠠᠮᠵᠢᠯᠳᠠ ᠴᠢᠨᠦᠬᠢ ᠪᠠᠢᠭᠠᠰᠠᠢ !


 ᠳᠡᠬᠦᠰᠦᠨ᠎ᠡ ᠬᠡᠳᠡᠭ ᠳᠡᠬᠦᠰ ᠰᠠᠢᠬᠠᠨ ᠪᠤᠯᠬᠤ  ᠵᠢᠨ ᠤᠴᠢᠷ

   ●  ᠦᠨᠡᠨᠰᠤᠪᠤᠳ  (ᠰᠢᠯᠢ ᠶ᠋ᠢᠨ ᠭᠤᠤᠯ ᠠᠢᠮᠠᠭ ᠤ᠋ᠨ ᠨᠢᠬᠡᠳᠦᠬᠡᠷ ᠳᠤᠮᠳᠠᠳᠤ ᠰᠤᠷᠭᠠᠭᠤᠯᠢ ᠶ᠋ᠢᠨ  ᠠᠩᠬᠢ ᠶ᠋ᠢᠨ ᠡᠷᠬᠢᠯᠡᠭᠴᠢ)


QQ20260601-094713.png




ᠳᠡᠬᠦᠰᠦᠨ᠎ᠡ ᠬᠡᠳᠡᠭ ᠳᠡᠬᠦᠰ ᠰᠠᠢᠬᠠᠨ ᠪᠤᠯᠬᠤ ᠶ᠋ᠢᠨ ᠨᠦᠬᠦᠬᠡ ᠨᠡᠷ᠎ᠡ ᠪᠠᠢᠬᠤ ᠡ ! ᠤᠯᠤᠰ ᠤ᠋ᠨ ᠨᠢᠭᠡᠳᠦᠯᠳᠡᠢ ᠰᠢᠯᠭᠠᠯᠳᠠ ᠬᠠᠶᠠᠭᠠᠨ ᠳ᠋ᠥ ᠪᠠᠭᠤᠬᠤ ᠳᠤᠭᠳᠤᠯᠤᠭᠤᠯᠤᠮ᠎ᠠ ᠪᠦᠬᠡᠳ ᠳᠤᠷᠭᠠᠨ ᠡᠨᠡ ᠮᠦᠴᠡ ᠳ᠋ᠥ ᠭᠤᠷᠪᠠᠨ ᠬᠠᠪᠤᠷ ᠨᠠᠮᠤᠷ ᠢ᠋ ᠬᠡᠷ ᠤ᠋ᠨ ᠬᠦᠮᠦᠰ ᠠ᠋ᠴᠠ ᠪᠠᠨ ᠢᠯᠡᠬᠦᠦ ᠦᠷ ᠰᠦᠨᠢ ᠦᠭᠡᠢ ᠬᠠᠮᠳᠤ ᠪᠠᠢᠯᠴᠠᠭ᠍ᠰᠠᠨ ᠬᠠᠢᠷᠠᠳᠤ ᠰᠤᠷᠤᠭ᠍ᠴᠢᠳ ᠮᠢᠨᠢ ᠡᠳᠦᠬᠡ ᠨᠡᠩ ᠴᠦ᠍ ᠠᠯᠢᠪᠠ ᠠᠵᠢᠯ ᠤ᠋ᠨ ᠲᠡᠷᠢᠬᠦᠨ᠂ ᠡᠳᠦᠷ ᠤ᠋ᠨ ᠪᠤᠳᠤᠯ ᠰᠦᠨᠢ ᠶ᠋ᠢᠨ ᠵᠡᠬᠦᠳᠦ ᠪᠤᠯᠵᠤ ᠪᠠᠢᠨᠠᠮ᠃

ᠳᠠᠩᠬᠢᠯᠬᠠᠨ ᠠᠳᠠᠯ᠎ᠠ ᠵᠤᠷᠢᠮᠠᠭ ᠵᠢᠷᠦᠬᠡ ᠶ᠋ᠢ ᠤᠶᠠᠷᠠᠭᠠᠵᠤ ᠪᠠᠰᠠ ᠤᠬᠢᠯᠠᠭᠤᠯᠵᠤ᠂ ᠳᠤᠯᠭ᠎ᠠ ᠶ᠋ᠢᠨ ᠭᠤᠷᠪᠠᠨ ᠴᠢᠯᠠᠭᠤ ᠰᠢᠭ᠋ ᠭᠤᠷᠪᠠ ᠶ᠋ᠢᠨ ᠭᠤᠷᠪᠠᠨ ᠵᠢᠯ ᠳ᠋ᠥ 566 ᠠᠩᠬᠢ ᠬᠡᠮᠡᠬᠦ ᠠᠯᠳᠠᠷ ᠢ᠋ ᠬᠤᠪᠳᠤᠯ ᠵᠢᠷᠦᠬᠡᠨ ᠳ᠋ᠥ ᠪᠠᠨ ᠳᠡᠬᠡᠳᠦᠯᠡᠵᠦ᠂ ᠲᠦᠷᠢᠮᠳᠦ ᠬᠤᠪᠴᠠᠰᠤ ᠰᠢᠭ᠋ ᠢ᠋ᠶ᠋ᠠᠨ ᠢᠵᠢᠯᠬᠡᠨ ᠡᠳᠦᠷ ᠤ᠋ᠳ ᠢ᠋ ᠮᠦᠷᠦᠬᠡᠳᠦᠯ ᠴᠢᠷᠮᠠᠢᠯᠭ᠎ᠠ᠂ ᠢᠨᠢᠶᠡᠳᠦ ᠪᠠᠶᠠᠰᠤᠯ᠂ ᠡᠷᠴᠢ ᠬᠦᠴᠦ᠂ ᠡᠶᠡᠷᠬᠦ ᠡᠨ᠋ᠸᠷᠬᠢ ᠪᠠᠷ ᠪᠢᠴᠢᠭᠯᠡᠭᠰᠡᠨ ᠭᠤᠴᠢᠨ ᠨᠠᠢ᠍ᠮᠠᠨ ᠰᠢᠪᠠᠭᠤᠬᠠᠢ ᠮᠢᠨᠢ᠂ ᠤᠷᠭᠤᠬᠤ ᠨᠠᠷᠠᠨ᠂ ᠦᠰᠬᠦ ᠢᠷᠡᠬᠡᠳᠦᠢ᠂ ᠮᠢᠨᠦ ᠬᠠᠢᠷᠠᠳᠤ ᠳᠡᠬᠦᠦ ᠨᠠᠷ ᠮᠢᠨᠢ ! ᠲᠠ ᠪᠢᠳᠡᠨ᠎ᠤ ᠭᠤᠷᠪᠠᠨ ᠵᠢᠯ᠂ ᠠᠷᠠᠳ ᠤ᠋ᠨ ᠳᠠᠭᠤᠤ ᠶ᠋ᠢᠨ ᠳᠠᠰᠤᠷᠬᠠᠢ ᠪᠠᠳᠠᠭ ᠮᠡᠳᠦ ᠰᠡᠳᠬᠢᠯ ᠳ᠋ᠥ ᠬᠤᠨᠤᠭᠰᠢᠵᠤ᠂ ᠠᠮᠢᠳᠤᠷᠠᠯ ᠤ᠋ᠨ ᠮᠢᠨᠢ ᠨᠢᠬᠡ ᠬᠡᠰᠡᠭ᠂ ᠠᠯᠳᠠᠨ ᠦᠶ᠎ᠡ ᠮᠢᠨᠢ ᠪᠤᠯᠵᠤ ᠨᠠᠳᠠ ᠳ᠋ᠥ ᠮᠦᠩᠭᠡ ᠦᠯᠡᠳᠡᠨ᠎ᠡ ᠳ᠋ᠡ᠃ ᠭᠤᠴᠢᠨ ᠨᠠᠢ᠍ᠮᠠᠨ ᠬᠤᠤᠰ ᠠᠪᠤ ᠡᠵᠢ ᠶ᠋ᠢᠨ ᠡᠷᠬᠡ ᠦᠬᠢᠨ᠂ ᠬᠠᠩᠭᠠᠯ ᠬᠦᠦ ᠶ᠋ᠢ ᠳᠤᠰᠴᠤ ᠠᠪᠤᠭᠠᠳ ᠡᠮᠵᠡᠭᠬᠡᠨ ᠨᠠᠰᠤ ᠶ᠋ᠢ ᠨᠢ ᠬᠠᠢᠷᠠᠯᠠᠵᠤ᠂ ᠦᠷᠡᠰ ᠢ᠋ᠶ᠋ᠠᠨ ᠦᠰᠬᠡᠬᠦ ᠡᠬᠡ ᠶ᠋ᠢᠨ ᠰᠡᠳᠬᠢᠯ ᠢ᠋ᠶ᠋ᠠᠷ ᠤᠬᠠᠭᠠᠨ ᠳ᠋ᠥ ᠨᠢ ᠡᠷᠳᠡᠮ ᠤᠷᠭᠤᠭᠤᠯᠵᠤ᠂ ᠤᠶᠤᠨ ᠪᠤᠳᠤᠯ ᠳ᠋ᠥ ᠨᠢ ᠵᠦᠪ ᠰᠡᠳᠬᠢᠯ ᠢ᠋ ᠳᠡᠬᠡᠳᠦᠯᠡᠬᠦᠯᠦᠨ᠂ ᠪᠦᠬᠦ ᠳᠠᠯ᠎ᠠ ᠪᠠᠷ ᠬᠦᠭᠵᠢᠬᠦᠯᠬᠦ ᠶ᠋ᠢᠨ ᠳᠠᠭᠠᠤ ᠡᠷᠡᠬᠦᠯ ᠪᠡᠶ᠎ᠡ ᠲᠠᠢ ᠰᠠᠷᠠᠭᠤᠯ ᠰᠠᠨᠠᠭ᠎ᠠ ᠲᠠᠢ ᠪᠠᠢᠯᠭᠠᠬᠤ ᠶ᠋ᠢ ᠴᠠᠭ ᠢᠮᠠᠭᠳᠠ ᠠᠩᠬᠠᠷᠴᠤ ᠪᠠᠢᠭᠰᠠᠨ ᠪᠤᠯ᠂ ᠭᠤᠴᠢᠨ ᠨᠠᠢ᠍ᠮᠠᠨ ᠪᠤᠳᠢ ᠨᠤᠮ ᠤᠩᠰᠢᠭ᠍ᠰᠠᠨ ᠶᠤᠮ ᠰᠢᠭ᠋ ᠰᠤᠷᠤᠭ᠍ᠴᠢᠳ ᠮᠢᠨᠢ ᠠᠮᠢᠳᠤᠷᠠᠯ ᠤ᠋ᠨ ᠦᠬᠡᠷ᠎ᠡ ᠦᠬᠡᠷ᠎ᠡ ᠦᠨᠴᠦᠭ ᠢ᠋ ᠬᠠᠷᠠᠭᠤᠯᠵᠤ᠂ ᠰᠢᠬᠢᠷ ᠪᠠᠰᠠ ᠰᠦᠰᠦ ᠠᠮᠳᠠᠯᠠᠭᠤᠯᠵᠤ ᠪᠢᠯᠡ᠃ ᠤᠯᠤᠰ ᠤ᠋ᠨ ᠨᠢᠭᠡᠳᠦᠯᠳᠡᠢ ᠰᠢᠯᠭᠠᠯᠳᠠ᠂ ᠶᠡᠬᠡ ᠰᠤᠷᠭᠠᠭᠤᠯᠢ ᠬᠡᠮᠡᠬᠦ ᠠᠯᠤᠰ ᠤ᠋ᠨ ᠬᠦᠯᠦᠭ ᠲᠸ᠋ ᠬᠠᠮᠳᠤ ᠲᠦᠷᠦᠬᠡᠯᠡᠵᠦ᠂ ᠵᠢᠷᠭᠠᠬᠤ ᠵᠤᠪᠠᠬᠤ ᠳ᠋ᠥ ᠪᠠᠨ ᠬᠦᠷᠳᠡᠯ᠎ᠠ ᠬᠠᠮᠳᠤ ᠪᠠᠢᠯᠴᠠᠵᠤ ᠠᠮᠢᠳᠤᠷᠠᠯ ᠤ᠋ᠨ ᠵᠢᠯᠤᠭᠤ ᠨᠢᠬᠡᠳᠬᠦ ᠬᠤᠪᠤᠷᠬᠠᠨ ᠠᠵᠠ ᠳᠤᠬᠢᠶᠠᠭᠰᠠᠨ ᠢ᠋ᠶ᠋ᠠᠨ ᠤᠳᠤ ᠯᠡ ᠤᠢᠯᠠᠭᠠᠵᠤ ᠤᠯᠵᠠᠭᠤᠷᠬᠠᠵᠤ ᠪᠠᠬᠠᠳᠤᠨᠠᠮ᠂ ᠦᠨᠡᠨ ᠳ᠋ᠥ ᠪᠠᠨ ᠪᠢ ᠭᠠᠭᠴᠠ ᠪᠢᠰᠢ ᠭᠤᠴᠢᠨ ᠨᠠᠢ᠍ᠮᠠᠨ 《ᠪᠠᠭ᠍ᠰᠢ 》 ᠠ᠋ᠴᠠ ᠤᠯᠠᠨ ᠢ᠋ ᠰᠤᠷᠴᠠᠢ᠂ 《ᠳᠠᠭᠠᠷᠠᠭᠰᠠᠨ ᠦᠶ᠎ᠡ ᠳ᠋ᠥ ᠳᠠᠬᠤ 》 ᠪᠤᠯᠵᠤ ᠰᠡᠳᠬᠢᠯ ᠢ᠋ ᠳᠤᠯᠠᠭᠠᠴᠠᠭᠤᠯᠤᠭᠰᠠᠨ ᠶᠤᠮ ᠲᠠ ᠨᠠᠷ ᠮᠢᠨᠢ᠃ ᠡᠢᠨ ᠬᠦ᠌ ᠨᠢᠬᠡ ᠯᠡ ᠮᠡᠳᠡᠬᠦ ᠳ᠋ᠥ ᠦᠪᠡᠷ ᠢ᠋ᠶ᠋ᠠᠨ ᠴᠦ᠍ ᠠᠮᠢᠳᠤᠷᠠᠯ ᠤ᠋ᠨ ᠬᠠᠳᠠ ᠰᠠᠭᠤᠵᠤ ᠦᠰᠴᠦ ᠳᠤᠮᠤᠭᠠᠵᠢᠭ᠍ᠰᠠᠨ ᠢ᠋ᠶ᠋ᠠᠨ ᠮᠡᠳᠡᠷᠡᠯ᠎ᠡ᠃

ᠤᠯᠤᠰ ᠤ᠋ᠨ ᠨᠢᠭᠡᠳᠦᠯᠳᠡᠢ ᠰᠢᠯᠭᠠᠯᠳᠠ ᠤᠢᠷᠠᠳᠬᠤ ᠳᠤᠰᠤᠮ ᠢ᠋ᠶ᠋ᠠᠨ ᠪᠢᠳᠡ ᠪᠡᠶ᠎ᠡ ᠰᠡᠳᠬᠢᠯ ᠤ᠋ᠨ ᠡᠷᠡᠬᠦᠯ ᠮᠡᠨᠳᠦ ᠶ᠋ᠢ ᠠᠩᠬᠠᠷᠴᠤ᠂ ᠵᠦᠪ ᠳᠠᠳᠬᠠᠯ ᠵᠢᠷᠭᠠᠯ ᠤ᠋ᠨ ᠡᠬᠢ᠂ ᠠᠮᠵᠢᠯᠳᠠ ᠪᠤᠯ ᠠᠮᠵᠢᠭᠤᠯᠬᠤ ᠶ᠋ᠢᠨ ᠨᠡᠷ᠎ᠡ ᠬᠡᠮᠡᠨ᠂ ᠦᠨᠳᠦᠰᠦᠨ ᠮᠡᠳᠡᠯᠬᠡ ᠪᠠᠨ ᠴᠢᠩᠭ᠎ᠠ ᠪᠠᠷᠢᠵᠤ ᠂ ᠦᠩᠭᠡᠷᠡᠭᠰᠡᠨ ᠵᠢᠯ ᠤ᠋ᠳ ᠤ᠋ᠨ ᠤᠯᠤᠰ ᠤ᠋ᠨ ᠨᠢᠭᠡᠳᠦᠯᠳᠡᠢ ᠰᠢᠯᠭᠠᠯᠳᠠ ᠶ᠋ᠢᠨ ᠵᠢᠩᠬᠢᠨᠢ ᠰᠡᠳᠦᠪ ᠢ᠋ ᠳᠠᠬᠢᠨ ᠳᠠᠪᠳᠠᠨ ᠦᠵᠡᠵᠦ᠂ ᠪᠤᠷᠤᠭᠤ ᠶ᠋ᠢ ᠵᠠᠰᠠᠬᠤ ᠰᠡᠳᠦᠪ ᠢ᠋ᠶ᠋ᠠᠨ ᠠᠬᠢᠨ ᠳᠠᠬᠢᠨ ᠬᠠᠷᠠᠵᠤ᠂ ᠠᠯᠳᠠᠭ᠎ᠠ ᠪᠠᠨ ᠳᠠᠪᠳᠠᠬᠤ ᠦᠭᠡᠢ᠂ ᠴᠠᠭ ᠢ᠋ ᠮᠢᠨᠦ᠋ᠲ ᠰᠸᠺᠦ᠋ᠨ᠋ᠳ᠋ ᠢ᠋ᠶ᠋ᠠᠷ ᠬᠡᠮᠵᠢᠨ᠂ ᠤᠨᠤᠪᠴᠢ ᠶ᠋ᠢᠨ ᠬᠡᠮᠵᠢᠶ᠎ᠡ ᠪᠠᠨ ᠳᠡᠬᠡᠭᠰᠢᠯᠡᠬᠦᠯᠵᠦ᠂ ᠮᠦᠷᠦᠬᠡᠳᠦᠯ ᠤ᠋ᠨ ᠮᠦᠩᠬᠦᠨ ᠵᠢᠬᠦᠷ ᠲᠠᠢ᠂ ᠰᠡᠳᠬᠢᠯ ᠢᠳᠡᠬᠡᠯ ᠤ᠋ᠨ ᠭᠠᠩ ᠲᠦᠯᠦ ᠲᠠᠢ᠂ ᠲᠦᠷᠦᠬᠡ ᠬᠠᠷᠰᠢᠭᠤᠯᠤᠨ 《ᠠᠮᠵᠢᠯᠳᠠ ᠮᠠᠨ᠎ᠤ ᠬᠢ 》 ᠬᠡᠵᠦ ᠯᠡ ᠡᠴᠦᠰ ᠤ᠋ᠨ ᠢᠯᠠᠯᠳᠠ ᠦᠬᠡᠳᠡ ᠴᠠᠭ ᠨᠠᠷᠠ ᠦᠭᠡᠢ ᠳᠡᠮᠡᠦᠯᠤᠨ᠎ᠠ᠃

ᠳᠠᠪᠬᠤᠷ ᠴᠡᠭ ᠢ᠋ ᠬᠤᠶᠠᠷ ᠳᠠᠬᠢᠴᠢᠬᠠᠪᠠᠯ ᠳᠠᠭᠤᠰᠤᠰᠢ ᠦᠭᠡᠢ ᠦᠷᠬᠦᠯᠵᠢᠯᠡᠯ ᠪᠤᠯᠵᠤ ᠮᠦᠩᠭᠡᠷᠡᠳᠡᠭ ᠤ᠋ᠨ ᠠᠳᠠᠯᠢ᠂ ᠪᠢᠳᠡ ᠪᠦᠬᠦᠨ᠎ᠤ ᠴᠢᠷᠮᠠᠢᠯᠭ᠎ᠠ ᠳᠡᠮᠡᠦᠯᠦᠯ ᠡᠬᠦᠷᠢᠳᠡ ᠶ᠋ᠢᠨ ᠳᠤᠷᠠᠰᠤᠮᠵᠢ ᠪᠤᠯᠵᠤ ᠠᠯᠬᠤᠬᠤ ᠮᠦᠷ ᠂ ᠢᠷᠡᠬᠡᠳᠦᠢ ᠶ᠋ᠢᠨ ᠲᠦᠯᠦ ᠪᠤᠯᠵᠤ ᠨᠢᠬᠡ ᠨᠠᠰᠤ ᠶ᠋ᠢ ᠴᠢᠮᠡᠬᠦ ᠨᠢ ᠯᠠᠪᠳᠠᠢ !

《 ᠪᠦᠳᠦᠨ᠎ᠡ ᠬᠡᠵᠦ ᠬᠡᠯᠡ ᠠᠮᠢᠳᠤᠷᠠᠯ ᠪᠠᠶᠠᠰᠤᠨ᠎ᠠ᠂ ᠪᠤᠯᠤᠨ᠎ᠠ ᠬᠡᠵᠦ ᠬᠡᠯᠡ ᠰᠡᠳᠬᠢᠯ ᠰᠤᠨᠤᠰᠤᠨ᠎ᠠ᠂ ᠪᠤᠯᠤᠮᠵᠢᠳᠠᠢ ᠬᠡᠵᠦ ᠬᠡᠯᠡ ᠵᠠᠶᠠᠭ᠎ᠠ ᠪᠠᠶᠠᠰᠤᠨ᠎ᠠ᠂ ᠪᠡᠶᠡᠯᠡᠭᠳᠡᠨ᠎ᠡ ᠬᠡᠵᠦ ᠬᠡᠯᠡ ᠵᠤᠷᠢᠯᠭ᠎ᠠ ᠬᠤᠷᠴᠠᠯᠠᠭᠳᠠᠨ᠎ᠠ 》 ᠬᠡᠳᠡᠭ ᠢ᠋ᠶ᠋ᠠᠷ ᠦᠪᠡᠷ ᠤ᠋ᠨ ᠬᠠᠢᠷᠠᠳᠤ ᠰᠤᠷᠤᠭ᠍ᠴᠢᠳ ᠪᠤᠯᠤᠨ ᠮᠦᠷᠦᠬᠡᠳᠦᠯ ᠬᠦᠰᠡᠯ ᠤ᠋ᠨ ᠢ᠋ᠶ᠋ᠠᠨ ᠲᠦᠯᠦᠬᠡ ᠮᠠᠬᠠᠷᠠᠨ ᠳᠡᠮᠡᠴᠡᠵᠦ ᠪᠠᠢᠭ᠎ᠠ ᠪᠦᠬᠦ ᠦᠨᠳᠦᠷ ᠭᠤᠷᠪᠠ ᠶ᠋ᠢᠨ ᠳᠡᠬᠦᠦ ᠨᠠᠷ ᠲᠡᠭᠡᠨ ᠤᠯᠤᠰ ᠤ᠋ᠨ ᠨᠢᠭᠡᠳᠦᠯᠳᠡᠢ ᠰᠢᠯᠭᠠᠯᠳᠠ ᠶ᠋ᠢᠨ ᠦᠨᠳᠦᠷ ᠠᠮᠵᠢᠯᠳᠠ ᠶ᠋ᠢ ᠬᠦᠰᠡᠶ᠎ᠡ ! ᠵᠤᠷᠢᠭ᠋ ᠤ᠋ᠨ ᠵᠢᠯᠤᠭᠤ ᠶ᠋ᠢ ᠠᠳᠬᠤᠵᠤ᠂ ᠴᠤᠴᠠᠯᠳᠠ ᠦᠭᠡᠢ ᠦᠬᠡᠳᠡ ᠪᠠᠨ ᠲᠡᠮᠡᠦᠯᠵᠦ᠂ ᠦᠢᠯᠡᠰ ᠤ᠋ᠨ ᠦᠨᠳᠦᠷ ᠲᠣ᠌ ᠬᠦᠷᠴᠦ᠂ ᠠᠯᠳᠠᠷ ᠤ᠋ᠨ ᠤᠳᠤᠨ ᠪᠤᠯᠤᠭᠠᠷᠠᠢ ! ᠤᠳᠤ ᠬᠡᠢᠮᠦᠷᠢ ᠲᠠᠢ᠂ ᠢᠷᠮᠡᠬᠦᠨ ᠵᠢᠪᠬᠤᠭᠠᠯᠢᠭ᠋ ᠪᠠᠢᠵᠤ ᠶᠠᠭᠤ ᠰᠠᠨᠠᠭᠰᠠᠨ ᠶᠢᠰᠦᠨ ᠬᠦᠰᠡᠯ ᠲᠠᠨᠢ ᠪᠡᠶᠡᠯᠡᠭᠳᠡᠬᠦ ᠪᠤᠯᠳᠤᠭᠠᠢ !



 ᠠᠮᠵᠢᠯᠳᠠ ᠵᠢᠨ ᠲᠦᠯᠦᠬᠡ ᠤᠷᠤᠭᠰᠢ ᠪᠠᠨ

    ● ᠤᠶᠠᠩᠭ᠎ᠠ  (ᠰᠢᠯᠢ᠎ᠶᠢᠨ ᠭᠤᠤᠯ ᠠᠢᠮᠠᠭ᠎ᠤᠨ ᠨᠢᠭᠡᠳᠦᠭᠡᠷ  ᠲᠤᠮᠳᠠᠳᠤ ᠰᠤᠷᠭᠠᠭᠤᠯᠢ᠎ᠶᠢᠨ ᠰᠤᠷᠤᠭᠴᠢ)


QQ20260601-094729.png




ᠭᠤᠷᠪᠠᠨ ᠵᠢᠯ᠎ᠤᠨ ᠡᠮᠦᠨᠡᠬᠢ ᠠᠯᠳᠠᠨ ᠰᠢᠷᠭᠠᠯ ᠨᠠᠮᠤᠷ ᠵᠢᠡᠷ ᠦᠨᠳᠦᠷ ᠵᠡᠷᠬᠡ ᠵᠢᠨ ᠳᠤᠮᠳᠠᠳᠤ ᠰᠤᠷᠭᠠᠭᠤᠯᠢ ᠳ᠋ᠤ ᠳᠠᠪᠰᠢᠵᠤ᠂ ᠵᠤᠯᠠᠢ ᠲᠦᠬᠡᠨᠡᠬᠦ ᠬᠠᠯᠠᠭᠤᠨ ᠨᠠᠷᠠᠨ᠎ᠤ ᠳᠤᠤᠷ᠎ᠠ ᠴᠡᠷᠢᠭ᠎ᠤᠨ ᠪᠤᠯᠪᠠᠰᠤᠷᠠᠯ ᠬᠢᠵᠦ ᠪᠠᠢᠬᠤ ᠳ᠋ᠠᠭᠠᠨ ᠭᠤᠷᠪᠠᠨ ᠵᠢᠯ ᠬᠡᠭᠴᠢ ᠳᠠᠩᠴᠤ ᠬᠤᠯᠠ ᠰᠠᠨᠠᠭᠳᠠᠵᠤ ᠪᠠᠢᠭᠰᠠᠨ᠎ᠢ ᠶᠠᠭᠤ ᠭᠡᠬᠦᠪ ⁈ ᠭᠡᠳᠡᠯ᠎ᠡ ᠴᠠᠭ ᠮᠦᠴᠡ ᠤᠷᠤᠰᠬᠠᠯ ᠤᠰᠤᠨ ᠮᠡᠳᠤ ᠴᠢᠮᠡᠬᠡ ᠠᠨᠢᠷ ᠦᠬᠡᠢ ᠦᠩᠬᠡᠷᠡᠭᠰᠡᠬᠡᠷ ᠨᠢᠬᠡ ᠮᠡᠳᠡᠬᠦ ᠳ᠋ᠤ ᠤᠳᠤ ᠤᠯᠤᠰ᠎ᠤᠨ ᠨᠢᠬᠡᠳᠦᠯᠳᠡᠢ ᠰᠢᠯᠭᠠᠯᠳᠠ ᠵᠢᠨ ᠡᠴᠦᠰ᠎ᠤᠨ ᠰᠢᠪᠳᠤᠯᠤᠯᠳᠠ ᠵᠢᠨ ᠴᠡᠭ ᠲᠤ᠌ ᠬᠦᠷᠦᠬᠡᠳ ᠢᠷᠡᠴᠢᠬᠡᠯ᠎ᠡ᠃

ᠰᠢᠯᠭᠠᠯᠳᠠ ᠪᠤᠯᠳᠠᠯ᠎ᠠ ᠨᠢᠬᠡᠬᠡᠨ ᠭᠠᠷᠠᠭ᠎ᠤᠨ ᠵᠠᠢ ᠦᠯᠡᠳᠡᠴᠢᠬᠡᠯ᠎ᠡ᠃ ᠡᠨᠡ ᠦᠶ᠎ᠠ ᠳ᠋ᠤ ᠨᠠᠢᠵᠠ ᠨᠦᠬᠦᠳ ᠮᠠᠨᠢ ᠴᠠᠭ ᠮᠦᠴᠡ ᠵᠢ ᠦᠴᠦᠬᠡᠨ ᠴᠤ᠌ ᠳᠠᠯᠠᠭᠠᠷᠳᠠᠭᠤᠯᠬᠤ ᠦᠬᠡᠢ ᠰᠤᠷᠤᠭᠰᠠᠨ ᠮᠡᠳᠡᠯᠬᠡ ᠪᠠᠨ ᠪᠠᠰᠠ ᠨᠢᠬᠡ ᠤᠳᠠᠭ᠎ᠠ ᠰᠢᠰᠲᠧᠮ ᠳᠠᠢ ᠡᠮᠬᠢᠯᠡᠵᠦ ᠪᠠᠢᠭ᠎ᠠ ᠪᠢᠵᠠ᠃ ᠰᠤᠷᠤᠯᠴᠠᠯᠭ᠎ᠠ ᠳᠤᠮᠳᠠ ᠪᠠᠨ ᠡᠨᠡ ᠬᠢᠴᠢᠶᠡᠯ ᠵᠢᠡᠨ ᠪᠠᠳᠤᠳᠬᠠᠵᠤ ᠠᠮᠵᠢᠭ᠎ᠠ ᠦᠬᠡᠢ᠂ ᠲᠡᠷᠡ ᠠᠭᠤᠯᠭ᠎ᠠ ᠵᠢ ᠬᠦᠢᠴᠡᠳ ᠡᠵᠡᠮᠰᠢᠬᠡ ᠦᠬᠡᠢ ᠬᠡᠵᠦ ᠪᠠᠴᠢᠮᠳᠠᠵᠤ ᠰᠠᠨᠳᠤᠷᠴᠤ ᠪᠠᠢᠭ᠎ᠠ ᠴᠤ᠌ ᠮᠠᠭᠠᠳ᠃ ᠡᠨᠡ ᠨᠢᠬᠡ ᠵᠢᠯ᠎ᠤᠨ ᠳᠤᠷᠰᠢ᠂ ᠪᠢᠳᠡ ᠤᠯᠠᠨ ᠤᠳᠠᠭ᠎ᠠ ᠵᠢᠨ ᠰᠢᠯᠭᠠᠯᠳᠠ ᠪᠡᠷ ᠦᠪᠡᠷ᠎ᠢ ᠪᠠᠨ ᠳᠠᠪᠳᠠᠨ ᠪᠤᠯᠪᠠᠰᠤᠷᠠᠭᠤᠯᠤᠭᠰᠠᠨ ᠪᠤᠯᠬᠤᠷ ᠰᠢᠯᠭᠠᠯᠳᠠ ᠳ᠋ᠤ ᠦᠪᠡᠷ᠎ᠤᠨ ᠬᠢᠷᠢ ᠪᠦᠳᠦᠮᠵᠢ ᠪᠠᠨ ᠯᠠᠪᠳᠠᠢ ᠬᠦᠢᠴᠡᠳ ᠪᠠᠳᠠᠷᠠᠭᠤᠯᠵᠤ ᠴᠢᠳᠠᠨ᠎ᠠ ᠬᠡᠵᠦ ᠪᠡᠶ᠎ᠠ ᠳ᠋ᠡᠬᠡᠨ ᠪᠠᠳᠤ ᠢᠳᠡᠬᠡᠯ ᠳᠠᠢ ᠪᠠᠢᠵᠠᠭᠠᠶ᠎ᠠ᠃

ᠬᠠᠨᠢᠰᠠᠨ ᠳᠠᠰᠤᠯᠴᠠᠭᠰᠠᠨ ᠨᠠᠢᠵᠠ ᠨᠦᠬᠦᠳ᠂ ᠬᠠᠢᠷᠠᠯᠠᠨ ᠬᠠᠯᠠᠮᠵᠢᠯᠠᠭᠰᠠᠨ ᠡᠨᠡᠷᠢᠯᠳᠤ ᠪᠠᠭᠰᠢ ᠨᠠᠷ ᠳᠠᠢ ᠪᠠᠨ ᠬᠠᠮᠳᠤ ᠰᠤᠷᠤᠯᠴᠠᠵᠤ ᠢᠷᠡᠭᠰᠡᠨ ᠭᠤᠷᠪᠠᠨ ᠵᠢᠯ ᠵᠢᠡᠨ ᠡᠷᠬᠢᠴᠡᠬᠦᠯᠬᠦᠶ᠎ᠠ ᠶᠠᠭᠤᠳᠠᠢ ᠰᠠᠢᠬᠠᠨ ᠨᠠᠨᠳᠢᠨ ᠳᠤᠷᠠᠳᠬᠠᠯ ᠪᠢᠯᠠ ? ᠡᠬᠡᠨᠡᠭᠰᠢᠨ ᠳᠠᠰᠤᠯᠴᠠᠭᠰᠠᠨ ᠨᠠᠢᠵᠠ ᠨᠦᠬᠦᠳ᠎ᠤᠨ ᠵᠢᠡᠨ ᠠᠶᠠᠨ᠎ᠤ ᠲᠦᠷᠦᠬᠡ ᠵᠢ ᠢᠳᠡᠬᠡᠯ ᠵᠢᠡᠷ ᠴᠢᠩᠭᠠᠯᠠᠵᠤ᠂ ᠠᠮᠵᠢᠯᠳᠠ ᠵᠢᠨ ᠭᠠᠨᠵᠤᠭ᠎ᠠ ᠵᠢ ᠰᠦ ᠪᠡᠷ ᠮᠢᠯᠢᠶᠠᠶ᠎ᠠ !


     ᠵᠢᠳᠬᠦᠯ ᠪᠠᠢᠪᠠᠯ ᠠᠮᠵᠢᠯᠲᠠ ᠣᠯᠣᠨ᠎ᠠ

●  ᠯᠦᠧᠧ ᡁᠢ ᠬᠤᠸᠠ   (ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠵᠢᠨ ᠰᠤᠷᠤᠭᠴᠢ  )


QQ20260601-094750.png




ᠤᠯᠤᠰ᠎ᠤᠨ ᠨᠢᠬᠡᠳᠦᠯᠳᠡᠢ ᠰᠢᠯᠭᠠᠯᠳᠠ ᠬᠠᠶᠠᠭᠠᠨ ᠳ᠋ᠤ ᠮᠢᠨᠢ ᠰᠠᠭᠠᠳᠠᠯ᠎ᠠ᠃ 《 ᠵᠣᠷᠢᠭ᠋ ᠪᠠᠢᠪᠠᠯ ᠬᠡᠷᠡᠭ ᠪᠦᠲᠦᠨ᠎ᠡ᠂ ᠵᠢᠳᠬᠦᠯ ᠪᠠᠢᠪᠠᠯ ᠠᠮᠵᠢᠯᠲᠠ ᠣᠯᠣᠨ᠎ᠠ》 ᠭᠡᠳᠡᠭᠴᠢᠯᠡᠨ ᠤᠭᠤᠷᠠᠭ ᠳᠠᠷᠢᠬᠢ ᠪᠠᠨ ᠰᠢᠪᠬᠠᠵᠤ᠂ ᠬᠦᠴᠦ ᠬᠥᠯᠥᠰᠦ ᠪᠡᠨ ᠤᠷᠤᠰᠬᠠᠵᠤ ᠵᠢᠳᠬᠦᠭᠰᠡᠨ ᠳᠡᠳᠡᠬᠡᠷ ᠡᠳᠦᠷ᠎ᠬᠤᠨᠤᠭ᠎ᠤᠳ ᠲᠠ ᠪᠢᠳᠡᠨ᠎ᠢ ᠬᠦᠰᠡᠯᠡᠩ ᠎ᠦᠨ ᠰᠠᠯᠬᠢ ᠪᠡᠷ ᠢᠯᠪᠢᠵᠤ᠂ ᠦᠦᠷ᠎ᠦᠨ ᠲᠤᠶᠠᠭ᠎ᠠ ᠪᠣᠯᠵᠤ ᠠᠮᠢᠳᠤᠷᠠᠯ᠎ᠢ ᠬᠡᠷᠡᠯᠳᠦᠬᠦᠯᠬᠦ ᠨᠢ ᠯᠠᠪᠳᠠᠢ᠃

ᠤᠯᠤᠰ᠎ᠤᠨ ᠨᠢᠬᠡᠳᠦᠯᠳᠡᠢ ᠰᠢᠯᠭᠠᠯᠲᠠ ᠨᠢ ᠨᠢᠬᠡ ᠬᠦᠮᠦᠨ᠎ᠤ ᠢᠷᠡᠭᠡᠳᠦᠢ᠎ᠶᠢ ᠲᠣᠭᠲᠠᠭᠠᠬᠤ ᠪᠢᠰᠢ᠂ ᠬᠡᠪᠡᠴᠦ ᠲᠡᠷᠡ ᠨᠢ ᠦᠪᠡᠷ᠎ᠤᠨ ᠬᠦᠰᠡᠯ ᠮᠦᠷᠦᠬᠡᠳᠦᠯ ᠵᠢᠡᠨ ᠪᠡᠶᠡᠯᠡᠬᠦᠯᠬᠦ ᠪᠠᠰᠠ ᠨᠢᠭᠡᠨ ᠲᠦᠳᠡ ᠵᠠᠮ᠂ ᠡᠷᠬᠡ ᠲᠡᠭᠰᠢ ᠲᠦᠪ ᠭᠤᠤᠯᠴᠢ ᠪᠠᠰᠠ ᠨᠢᠭᠡᠨ ᠵᠠᠪᠰᠢᠶᠠᠨ ᠬᠡᠵᠦ ᠪᠢ ᠪᠤᠳᠤᠳᠠᠭ᠃ ᠦᠷ᠎ᠡ ᠳ᠋ᠦᠩ ᠨᠢ ᠶᠠᠮᠠᠷ ᠪᠤᠯᠤᠭᠰᠠᠨ ᠴᠸ᠋ ᠵᠤᠷᠢᠭᠰᠠᠨ ᠵᠦᠭ ᠵᠢᠡᠨ ᠵᠤᠷᠢᠭ ᠳᠠᠢ ᠳᠡᠮᠡᠴᠡᠶ᠎ᠠ !

ᠪᠢᠳᠡ ᠤᠷᠴᠢᠮ ᠪᠠᠷᠤᠭ ᠡᠳᠦᠷ ᠪᠦᠷᠢ ᠰᠢᠯᠭᠠᠭᠤᠯᠵᠤ ᠢᠷᠡᠵᠡᠢ᠃ ᠰᠢᠯᠭᠠᠯᠳᠠ᠎ᠶᠢᠨ ᠬᠤᠪᠢ᠎ᠪᠠᠨ ᠦᠵᠡᠬᠦ ᠪᠦᠷᠢ ᠡᠯᠳᠡᠪ ᠪᠤᠳᠤᠯ ᠤᠯᠤᠰᠤᠨ ᠰᠢᠷᠭᠡᠭ ᠮᠡᠳᠦ ᠵᠢᠭᠤᠷᠠᠯᠳᠤᠨ᠎ᠠ᠃ ᠠᠯᠠᠰᠭᠢᠨ ᠪᠠᠶᠠᠷᠯᠠᠬᠤ ᠳ᠋ᠠᠭᠠᠨ ᠪᠠᠶᠠᠷᠯᠠᠵᠤ᠂ ᠬᠦᠰᠡᠯ ᠠᠯᠳᠠᠷᠠᠨ ᠵᠤᠪᠠᠨᠢᠬᠤ ᠳ᠋ᠠᠭᠠᠨ ᠵᠤᠪᠠᠨᠢᠨ᠎ᠠ᠃ ᠲᠤᠭᠳᠠᠪᠤᠷᠢ ᠦᠭᠡᠢ ᠪᠤᠳᠤᠯ ᠰᠠᠨᠠᠭ᠎ᠠ᠂ ᠶᠠᠳᠠᠷᠠᠵᠤ ᠵᠦᠳᠡᠭᠰᠡᠨ ᠪᠡᠶ᠎ᠡ᠂ ᠬᠢᠬᠡᠳ ᠪᠠᠷᠠᠰᠢ ᠦᠭᠡᠢ ᠳᠠᠰᠬᠠᠯ᠂ ᠴᠡᠭᠡᠵᠢᠯᠡᠬᠡᠳ ᠪᠠᠷᠠᠰᠢ ᠦᠭᠡᠢ ᠮᠡᠳᠡᠯᠭᠡ ᠁ ᠪᠤᠳᠤᠬᠤᠯᠠᠷ ᠪᠢᠳᠡ ᠡᠳᠡᠭᠡᠷ ᠪᠦᠬᠦᠨ ᠳ᠋ᠤ ᠬᠦᠯᠢᠶᠡᠰᠦᠯᠡᠭᠳᠡᠵᠦ ᠪᠠᠢᠭ᠎ᠠ ᠪᠢᠵᠠ ? ᠨᠥᠬᠥᠳ ᠮᠢᠨᠢ ᠬᠡᠳᠦ ᠰᠠᠨᠠᠭᠠᠰᠢᠷᠠᠬᠤ ᠴᠢᠬᠤᠯᠠ ᠦᠭᠡᠢ ᠭᠡᠵᠦ ᠪᠢ ᠡᠨᠳᠡ ᠡᠴᠡ ᠬᠦᠰᠡᠵᠦ ᠪᠠᠢᠨ᠎ᠠ᠃ ᠪᠤᠳᠤᠯ ᠰᠠᠨᠠᠭ᠎ᠠ ᠠᠮᠤᠷ ᠲᠣᠭᠲᠠᠭᠤᠨ ᠪᠠᠢᠵᠤ᠂ ᠥᠪᠡᠷ᠎ᠦᠨ ᠰᠤᠷᠤᠯᠭ᠎ᠠ ᠠᠮᠢᠳᠤᠷᠠᠯ᠎ᠤᠨ ᠠᠢᠵᠠᠮ ᠴᠣᠬᠢᠯᠭ᠎ᠠ᠎ᠪᠠᠨ ᠪᠠᠲᠤᠯᠠᠵᠤ᠂ ᠬᠢᠨᠠᠭᠤᠷ ᠯᠠᠪᠳᠠᠭᠤᠨ ᠬᠠᠨᠳᠤᠪᠠᠯ ᠰᠠᠶᠢ ᠵᠠᠩᠭᠢᠯᠠᠭ᠎ᠠ᠎ᠶᠢᠨ ᠦᠶ᠎ᠡ ᠳ᠋ᠤ ᠥᠪᠡᠷ᠎ᠦᠨ ᠲᠡᠯᠳᠠ ᠴᠢᠳᠠᠪᠤᠷᠢ᠎ᠪᠡᠨ ᠨᠡᠩ ᠰᠠᠢᠳᠤᠷ ᠪᠠᠳᠠᠷᠠᠭᠤᠯᠵᠤ ᠳᠡᠢᠯᠦᠨ᠎ᠡ᠃

ᠦᠷᠯᠦᠭᠡ ᠦᠳᠡᠰᠢ ᠵᠢ ᠲᠡᠮᠡᠴᠡᠨ ᠰᠢᠮᠳᠠᠨ ᠰᠤᠷᠤᠯᠴᠠᠭᠰᠠᠨ ᠪᠢᠳᠡ ᠨᠤᠲᠤᠭ᠎ᠤᠨ ᠨᠤᠭᠤᠭᠠᠨ ᠵᠦᠯᠭᠡᠨ ᠡᠴᠡ ᠪᠤᠰᠤᠭᠰᠠᠨ ᠡᠷᠡᠯᠬᠡᠭ ᠪᠦᠷᠭᠦᠳ ᠰᠢᠭ ᠠᠭᠤᠳᠠᠮ ᠣᠭᠲᠠᠷᠭᠤᠢ ᠪᠡᠷ ᠡᠷᠬᠡ ᠴᠢᠯᠦᠭᠡ ᠲᠡᠢ ᠨᠢᠰᠦᠨ ᠲᠡᠬᠦᠯᠢᠵᠦ ᠴᠢᠳᠠᠬᠤ ᠶᠤᠮ ᠡ ᠃ ᠨᠦᠬᠦᠳ ᠮᠢᠨᠢ ᠤᠷᠤᠭᠰᠢ ᠪᠠᠨ !


  ᠬᠠᠨᠢ ᠬᠦᠳᠦᠴᠢ ᠪᠤᠯᠤᠭᠰᠠᠨ ᠡᠳᠦᠷ᠎ᠤᠳ

●  ᠴᠧᠨ ᠱᠠᠨ ᠯᠢᠨ ( ᠤᠯᠠᠭᠠᠨᠬᠤᠳᠠ ᠬᠤᠶᠠᠳᠤᠭᠠᠷ ᠳᠤᠮᠳᠠᠳᠤ ᠰᠤᠷᠭᠠᠭᠤᠯᠢ ᠵᠢᠨ ᠪᠠᠭᠰᠢ)


QQ20260601-095020.png




ᠤᠯᠤᠰ᠎ᠤᠨ ᠨᠢᠬᠡᠳᠦᠯᠳᠡᠢ ᠰᠢᠯᠭᠠᠯᠲᠠ᠎ᠳ᠋ᠤ ᠪᠡᠯᠡᠳᠬᠡᠵᠦ ᠪᠠᠢᠭ᠎ᠠ ᠦᠨᠳᠦᠷ ᠭᠤᠷᠪᠠ ᠵᠢᠨ ᠠᠩᠭᠢ᠎ᠶᠢᠨ ᠡᠷᠬᠢᠯᠡᠭᠴᠢᠳ ᠲᠸ᠋ ᠠᠪᠴᠤ ᠬᠡᠯᠡᠪᠡᠯ᠂ ᠡᠨᠡ ᠨᠢᠭᠡ ᠵᠢᠯ ᠪᠤᠯ ᠠᠩᠭᠢ᠎ᠶᠢᠨ ᠬᠠᠮᠢᠶᠠᠷᠤᠯᠲᠠ᠂ ᠰᠤᠷᠤᠯᠭ᠎ᠠ᠂ ᠮᠣᠷᠠᠯ ᠬᠥᠮᠦᠵᠢᠯ ᠪᠠ ᠰᠤᠷᠤᠭ᠍ᠴᠢᠳ᠎ᠤᠨ ᠡᠷᠡᠭᠦᠯ ᠰᠠᠷᠠᠭᠤᠯ ᠲᠣᠷᠨᠢᠨ ᠪᠣᠢᠵᠢᠯᠲᠠ ᠬᠡᠮᠡᠨ《ᠤᠴᠠᠷᠠᠭᠰᠠᠨ ᠬᠦᠮᠦᠨ ᠲᠠᠢ ᠲᠤᠤᠭᠠᠷᠬᠤ ᠵᠠᠪ ᠦᠭᠡᠢ᠂ ᠤᠨᠠᠭᠰᠠᠨ ᠮᠠᠯᠠᠭᠠᠢ᠎ᠪᠠᠨ ᠠᠪᠬᠤ ᠵᠠᠪ ᠦᠭᠡᠢ》 ᠶᠠᠭᠠᠷᠠᠯᠲᠠᠢ ᠡᠳᠦᠷ ᠬᠤᠨᠤᠭ᠎ᠤᠳ ᠪᠢᠯᠡ᠃ ᠡᠨᠡ ᠨᠢᠬᠡ ᠵᠢᠯ ᠳ᠋ᠤ ᠶᠠᠳᠠᠷᠠᠵᠤ ᠵᠦᠳᠡᠷᠡᠬᠦ ᠪᠠ ᠪᠠᠴᠢᠮᠳᠠᠨ ᠰᠠᠨᠳᠤᠷᠬᠤ᠂ ᠪᠠᠶᠠᠷᠯᠠᠨ ᠲᠤᠬᠳᠤᠯᠬᠤ ᠶᠠᠪᠤᠳᠠᠯ ᠵᠥᠩᠳᠡᠭᠡᠨ ᠳᠤᠬᠢᠶᠠᠯᠳᠤᠯ᠎ᠠ᠃ ᠡᠨᠡ ᠪᠦᠬᠦᠨ ᠨᠢ ᠠᠩᠬᠢ᠎ᠶᠢᠨ ᠡᠷᠬᠢᠯᠡᠭᠴᠢ ᠪᠤᠯᠤᠭᠰᠠᠨ ᠨᠠᠳᠠ ᠳ᠋ᠤ ᠡᠷᠬᠢᠮ ᠰᠠᠢᠬᠠᠨ ᠡᠷᠬᠢᠴᠡᠭᠦᠯᠦᠯ ᠪᠤᠯᠵᠤ ᠦᠯᠡᠳᠡᠬᠦ ᠨᠢ ᠯᠠᠪᠳᠠᠢ᠃

ᠡᠨᠡ ᠨᠢᠬᠡ ᠵᠢᠯ ᠰᠤᠷᠤᠭᠴᠢᠳ᠎ᠤᠨ ᠰᠤᠷᠤᠯᠭ᠎ᠠ᠎ᠶᠢᠨ ᠳᠠᠷᠤᠭᠠᠰᠤ᠂ ᠰᠡᠳᠭᠢᠯ᠎ᠤᠨ ᠲᠠᠷᠤᠭᠠᠰᠤ ᠮᠠᠰᠢ ᠬᠦᠨᠳᠦ ᠪᠠᠢᠳᠠᠭ᠃ ᠲᠡᠭᠡᠬᠦᠯᠡᠷ ᠠᠩᠬᠢ᠎ᠶᠢᠨ ᠡᠷᠬᠢᠯᠡᠭᠴᠢ ᠪᠤᠯᠤᠭᠰᠠᠨ ᠪᠢ ᠵᠦᠢ ᠵᠣᠬᠢᠰ ᠲᠠᠢ ᠠᠷᠭ᠎ᠠ ᠠᠪᠴᠠᠯ ᠠᠪᠬᠤ ᠵᠢ ᠬᠢᠴᠢᠶᠡᠭᠰᠡᠭᠡᠷ ᠢᠷᠡᠯ᠎ᠡ᠃ ᠰᠣᠷᠣᠭ᠍ᠴᠢ᠎ᠶᠢᠨ᠎ᠢᠶᠡᠨ ᠪᠣᠳᠠᠲᠤ ᠪᠠᠢᠳᠠᠯ᠎ᠢ ᠦᠨᠳᠦᠰᠦᠯᠡᠵᠦ᠂ ᠬᠢᠴᠢᠶᠡᠯ ᠲᠦᠷᠤᠯ᠎ᠤᠨ ᠰᠣᠷᠣᠯᠴᠠᠯᠭ᠎ᠠ᠎ᠶᠢᠨ ᠪᠠᠢᠳᠠᠯ ᠵᠢᠴᠢ ᠤᠯᠤᠰ᠎ᠤᠨ ᠨᠢᠭᠡᠳᠦᠯᠳᠡᠢ ᠰᠢᠯᠭᠠᠯᠲᠠ ᠳ᠋ᠦ᠍ ᠵᠠᠳᠠᠯᠤᠯᠲᠠ ᠬᠢᠵᠦ᠂ ᠳᠠᠪᠠᠭᠤᠯᠢᠭ᠋ ᠲᠠᠯ᠎ᠠ ᠪᠠ ᠬᠦᠷᠦᠯᠴᠡᠬᠦ ᠦᠬᠡᠢ ᠳᠠᠯ᠎ᠠ ᠵᠢ ᠨᠢ ᠵᠠᠳᠠᠯᠤᠨ ᠰᠢᠨᠵᠢᠵᠦ᠂ ᠬᠦᠷᠦᠯᠴᠡᠬᠦ ᠦᠭᠡᠢ ᠲᠠᠯ᠎ᠠ᠎ᠶᠢ ᠨᠢ ᠨᠥᠬᠥᠪᠦᠷᠢᠯᠡᠬᠦ ᠲᠤᠰᠬᠠᠢ ᠵᠢᠯᠣᠭᠣᠳᠤᠯᠭ᠎ᠠ ᠬᠢᠪᠡ᠃ ᠡᠩ ᠲᠡᠷᠢᠭᠦᠨ ᠳ᠋ᠦ᠍ ᠴᠠᠭ᠎ᠢ ᠠᠮᠢᠳᠤᠯᠢᠭ᠋ ᠳᠤᠬᠢᠷᠠᠭᠤᠯᠵᠤ᠂ ᠠᠵᠢᠯᠯᠠᠵᠤ ᠠᠮᠠᠷᠠᠬᠤ᠂ ᠴᠡᠭᠡᠵᠢᠯᠡᠬᠦ᠂ ᠪᠠᠲᠤᠳᠬᠠᠬᠤ᠂ ᠥᠷᠭᠡᠳᠬᠡᠯ ᠪᠣᠯᠪᠠᠰᠤᠷᠠᠯ᠂ ᠬᠢᠴᠢᠶᠡᠯ ᠳᠠᠪᠲᠠᠯᠭ᠎ᠠ᠎ᠶᠢ ᠣᠷᠭᠠᠨᠢᠭ᠋ ᠠᠪᠴᠠᠯᠳᠤᠭᠤᠯᠪᠠ᠃ ᠳᠠᠷᠠᠭ᠎ᠠ ᠨᠢ ᠰᠠᠭᠤᠷᠢ ᠮᠡᠳᠡᠯᠭᠡ ᠵᠢ ᠪᠠᠲᠤᠳᠬᠠᠬᠤ᠂ ᠰᠢᠯᠭᠠᠯᠲᠠ᠎ᠶᠢᠨ ᠴᠡᠭ᠎ᠢ ᠠᠳᠬᠤᠬᠤ᠂ ᠠᠮᠠᠷᠬᠠᠨ ᠠᠯᠳᠠᠳᠠᠭ ᠮᠡᠳᠡᠯᠭᠡ᠎ᠶᠢᠨ ᠴᠡᠭ᠎ᠢ ᠵᠣᠬᠢᠰᠲᠠᠢ ᠰᠢᠢ᠍ᠳᠪᠦᠷᠢᠯᠡᠬᠦ ᠵᠡᠷᠭᠡ ᠵᠢ ᠠᠩᠬᠠᠷᠴᠤ᠂ ᠴᠠᠭ ᠲᠤᠬᠠᠢ ᠳ᠋ᠤᠨᠢ ᠳ᠋ᠦᠩᠨᠡᠯᠲᠡ  ᠬᠢᠵᠦ ᠲᠡᠰᠪᠦᠷᠢ ᠲᠡᠪᠴᠢᠶᠡᠷᠢ ᠲᠡᠢ ᠪᠡᠷ ᠵᠢᠯᠣᠭᠣᠳᠤᠭᠰᠠᠨ ᠡᠴᠡ ᠰᠤᠷᠤᠭᠴᠢᠳ ᠮᠠᠨᠢ ᠮᠡᠳᠡᠭᠳᠡᠮ᠎ᠡ ᠦᠷ᠎ᠡ ᠪᠦᠳᠦᠮᠵᠢ ᠤᠯᠵᠤ ᠰᠣᠷᠣᠯᠴᠠᠬᠤ ᠢᠲᠡᠭᠡᠯ ᠨᠢ ᠨᠡᠩ ᠪᠠᠳᠤᠳᠪᠠ᠃

ᠦᠨᠳᠦᠷ ᠭᠤᠷᠪᠠ ᠵᠢᠨ ᠨᠢᠬᠡ ᠵᠢᠯ ᠪᠤᠯ ᠠᠩᠭᠢ᠎ᠶᠢᠨ ᠡᠷᠬᠢᠯᠡᠭᠴᠢ᠎ᠶᠢᠨ ᠶᠡᠷᠦᠩᠬᠡᠢᠯᠡᠭᠰᠡᠨ ᠴᠢᠳᠠᠪᠤᠷᠢ᠎ᠶᠢ ᠪᠥᠬᠥ ᠲᠠᠯ᠎ᠠ᠎ᠪᠡᠷ ᠰᠢᠯᠭᠠᠳᠠᠭ ᠨᠢᠬᠡ ᠵᠢᠯ ᠶᠤᠮ᠃ ᠬᠢᠴᠢᠶᠡᠯ ᠰᠤᠷᠤᠯᠭ᠎ᠠ ᠵᠢ ᠴᠢᠬᠤᠯᠠᠴᠢᠯᠠᠬᠤ ᠵᠢᠨ ᠵᠡᠷᠬᠡ ᠳ᠋ᠤᠨᠢ ᠰᠤᠷᠤᠭᠴᠢᠳ᠎ᠤᠨ ᠰᠡᠳᠬᠢᠴᠡ᠎ᠶᠢᠨ ᠵᠢᠯᠣᠭᠣᠳᠤᠯᠭ᠎ᠠ᠂ ᠦᠵᠡᠯ ᠰᠠᠨᠠᠭᠠᠨ᠎ᠤ ᠬᠥᠮᠦᠵᠢᠯ᠎ᠢ ᠨᠡᠩ ᠬᠦᠨᠳᠦᠳᠬᠡᠬᠦ ᠴᠢᠬᠤᠯᠠ ᠳᠠᠢ᠃ ᠡᠨᠡ ᠨᠢᠭᠡ ᠵᠢᠯ᠎ᠳᠦ᠂ ᠪᠢ ᠠᠩᠭᠢ᠎ᠶᠢᠨ ᠬᠠᠮᠢᠶᠠᠷᠤᠭ᠍ᠴᠢ᠎ᠪᠠᠷ ᠪᠠᠷᠠᠬᠤ ᠦᠭᠡᠢ ᠨᠡᠩ ᠴᠤ᠌ ᠰᠤᠷᠤᠭ᠍ᠴᠢᠳ᠎ᠤᠨ ᠬᠠᠨᠢ ᠪᠠᠷ᠎ᠠ ᠪᠣᠯᠣᠭ᠍ᠴᠢ᠂ ᠰᠡᠳᠭᠢᠯ᠎ᠤᠨ ᠦᠭᠡ ᠵᠢ ᠰᠣᠨᠣᠰᠤᠭ᠍ᠴᠢ ᠪᠠ ᠵᠢᠯᠣᠭᠣᠳᠤᠭ᠍ᠴᠢ ᠪᠣᠯᠵᠤ ᠢᠷᠡᠪᠡ᠃ ᠰᠢᠯᠭᠠᠯᠲᠠ᠎ᠳᠤ ᠪᠡᠯᠡᠳᠬᠡᠬᠦ ᠮᠦᠴᠡ ᠳ᠋ᠤ᠂ ᠰᠤᠷᠤᠭ᠍ᠴᠢᠳ ᠮᠠᠰᠢ ᠠᠮᠠᠷᠬᠠᠨ ᠵᠣᠪᠠᠨᠢᠬᠤ᠂ ᠭᠤᠲᠤᠷᠠᠬᠤ᠂ ᠪᠠᠴᠢᠮᠳᠠᠬᠤ ᠵᠡᠷᠭᠡ ᠨᠠᠵᠠᠭᠠᠢ ᠰᠡᠳᠬᠢᠯᠭᠡ ᠡᠭᠦᠰᠳᠡᠭ᠃ ᠪᠢ ᠰᠤᠷᠤᠭᠴᠢᠳ ᠳᠠᠢ ᠪᠠᠨ ᠪᠠᠢᠩᠭᠤ᠎ᠶᠢᠨ ᠴᠢᠨᠠᠷᠲᠠᠢ᠎ᠪᠠᠷ ᠰᠡᠳᠬᠢᠯ᠎ᠦᠨ ᠦᠭᠡ᠎ᠪᠡᠨ ᠬᠡᠯᠡᠯᠴᠡᠨ ᠶᠠᠷᠢᠯᠴᠠᠬᠤ᠎ᠶᠢ ᠪᠠᠷᠢᠮᠲᠠᠯᠠᠵᠤ᠂ ᠰᠤᠷᠤᠭ᠍ᠴᠢ ᠨᠢᠭᠡᠪᠦᠷᠢ᠎ᠶᠢᠨ ᠰᠤᠷᠤᠯᠴᠠᠯᠭ᠎ᠠ᠎ᠶᠢᠨ ᠪᠠᠢᠳᠠᠯ ᠪᠣᠯᠣᠨ ᠰᠡᠳᠬᠢᠴᠡ᠎ᠶᠢᠨ ᠬᠤᠪᠢᠷᠠᠯᠲᠠ᠎ᠶᠢ ᠠᠩᠬᠠᠷᠴᠤ᠂ ᠨᠠᠵᠠᠭᠠᠢ ᠤᠷᠮ᠎ᠠ ᠰᠡᠳᠬᠢᠯᠭᠡ᠎ᠶᠢ ᠴᠠᠭ ᠲᠤᠬᠠᠢ ᠳ᠋ᠤᠨᠢ ᠬᠦᠳᠦᠯᠦᠨ ᠵᠢᠯᠤᠭᠣᠳᠴᠤ᠂ ᠲᠡᠳᠡᠨ᠎ᠢ ᠬᠠᠪᠰᠤᠷᠤᠨ ᠰᠢᠯᠭᠠᠯᠲᠠ᠎ᠳᠤ ᠪᠡᠯᠡᠳᠬᠡᠬᠦ ᠰᠡᠳᠬᠢᠴᠡ᠎ᠶᠢᠨ ᠪᠠᠢᠳᠠᠯ᠎ᠢ ᠨᠢ ᠲᠥᠪ ᠪᠣᠯᠭᠠᠵᠤ᠂ ᠬᠠᠷᠠᠯᠲᠠ᠎ᠶᠢ ᠨᠢ ᠨᠡᠩ ᠲᠤᠳᠤ ᠪᠣᠯᠭᠠᠪᠠ᠃

ᠰᠤᠷᠤᠭ᠍ᠴᠢᠳ᠎ᠢᠶᠡᠨ ᠤᠢᠯᠠᠭᠠᠵᠤ᠂ ᠠᠯᠳᠠᠭ᠎ᠠ ᠲᠤᠳᠠᠭᠳᠠᠯ ᠪᠤᠶᠤ ᠬᠦᠷᠦᠯᠴᠡᠬᠦ ᠦᠭᠡᠢ ᠲᠠᠯ᠎ᠠ᠎ᠶᠢ ᠨᠢ ᠪᠠᠭᠲᠠᠭᠠᠵᠤ ᠶᠠᠪᠤᠬᠤ ᠪᠤᠯ ᠪᠠᠬᠰᠢ ᠪᠤᠯᠤᠭᠰᠠᠳ᠎ᠤᠨ ᠪᠠᠰᠠ ᠨᠢᠭᠡᠨ ᠬᠡᠪ ᠰᠤᠷᠳᠠᠯ ᠪᠤᠯᠤᠨ᠎ᠠ᠃ ᠪᠢᠳᠡ ᠠᠩᠭᠢ ᠨᠡᠢᠳᠡ ᠪᠡᠷ᠎ᠢᠶᠡᠨ ᠬᠠᠷᠢᠯᠴᠠᠨ ᠤᠢᠯᠠᠭᠠᠯᠴᠠᠵᠤ᠂ ᠪᠦᠯᠬᠦᠮᠳᠡᠨ ᠬᠠᠪᠰᠤᠷᠤᠯᠴᠠᠬᠤ᠂ ᠰᠠᠢᠨ ᠰᠠᠢᠬᠠᠨ ᠥᠷᠢᠰᠦᠯᠳᠦᠬᠦ ᠠᠭᠤᠷ ᠠᠮᠢᠰᠬᠤᠯ᠎ᠢ ᠪᠤᠢ ᠪᠣᠯᠭᠠᠪᠠ᠃ ᠬᠡᠦᠬᠡᠳ᠎ᠦᠳ ᠮᠠᠨᠢ ᠬᠦᠴᠢᠷ ᠪᠡᠷᠬᠡ ᠵᠢ ᠲᠠᠪᠠᠨ᠂ ᠨᠤᠭᠤᠷᠠᠯ ᠪᠦᠳᠦᠷᠢᠯ᠎ᠦᠨ ᠳᠤᠮᠳᠠ ᠳᠠᠪᠳᠠᠭᠳᠠᠨ᠂ ᠡᠳᠦᠷ ᠡᠴᠡ ᠡᠳᠦᠷ ᠲᠡᠰᠪᠦᠷᠢ ᠲᠡᠪᠴᠢᠶᠡᠷᠢ᠎ᠲᠠᠢ ᠮᠥᠷᠲᠡᠭᠡᠨ ᠪᠡᠶ᠎ᠡ᠎ᠪᠡᠨ ᠳᠠᠭᠠᠭᠠᠬᠤ ᠪᠣᠯᠤᠭᠰᠠᠨ᠎ᠢ ᠦᠵᠡᠵᠦ ᠨᠢᠳᠦ ᠰᠡᠷᠭᠦᠨ ᠰᠡᠳᠭᠢᠯ ᠪᠠᠶᠠᠰᠪᠠ᠃

ᠠᠩᠭᠢ᠎ᠶᠢᠨ ᠡᠷᠬᠢᠯᠡᠭᠴᠢ ᠪᠣᠯᠤᠭᠰᠠᠨ᠎ᠤ ᠬᠤᠪᠢ᠎ᠳᠤ᠂ ᠪᠦᠬᠦ ᠰᠤᠷᠤᠭ᠍ᠴᠢ ᠨᠦᠬᠦᠳ ᠮᠢᠨᠢ ᠰᠢᠯᠭᠠᠯᠳᠠ ᠳ᠋ᠠᠭᠠᠨ ᠠᠭᠤᠵᠢᠭᠤ ᠲᠠᠯᠪᠢᠭᠤ ᠬᠠᠨᠳᠤᠵᠤ᠂ ᠢᠷᠠᠭᠤ ᠠᠯᠳᠠᠷ᠎ᠤᠨ ᠰᠠᠮᠪᠠᠷ᠎ᠠ᠎ᠳᠤ ᠨᠡᠷ᠎ᠡ ᠪᠠᠨ ᠲᠡᠮᠳᠡᠭᠯᠡᠬᠦ᠎ᠶᠢ ᠴᠢᠩ ᠰᠡᠳᠬᠢᠯ᠎ᠡᠴᠡ᠎ᠪᠡᠨ ᠬᠦᠰᠡᠨ ᠵᠥᠩᠨᠡᠵᠦ ᠪᠠᠢᠨ᠎ᠠ᠃ ᠪᠠᠭ᠎ᠠ ᠵᠠᠯᠠᠭᠤ ᠨᠠᠰᠤᠨ᠎ᠤ ᠦᠨᠡᠨᠴᠢᠬᠡᠨ ᠰᠡᠳᠬᠢᠯ ᠎ᠢᠶᠡᠨ ᠡᠭᠦᠷᠢᠳᠡ ᠬᠠᠳᠠᠭᠠᠯᠠᠵᠤ᠂ ᠰᠠᠯᠬᠢ ᠪᠣᠷᠣᠭᠠᠨ᠎ᠠᠴᠠ ᠰᠦᠷᠳᠡᠬᠦ ᠦᠭᠡᠢ᠎ᠪᠡᠷ ᠦᠷᠬᠦᠯᠵᠢᠯᠡᠨ ᠤᠷᠤᠭᠰᠢᠯᠠᠬᠤ ᠵᠢ ᠬᠦᠰᠡᠨ᠎ᠡ !


   ᠬᠡᠦᠬᠡᠳ᠎ᠤᠨ ᠵᠢᠡᠨ ᠰᠡᠳᠬᠢᠯ᠎ᠤᠨ ᠲᠦᠰᠢᠭ ᠪᠤᠯᠤᠶ᠎ᠠ

   ●  ᠯᠢ ᠬᠤᠩ    ( ᠬᠡᠷ᠎ᠤᠨ ᠠᠬᠠᠮᠠᠳ )


QQ20260601-095029.png




ᠦᠨᠳᠦᠷ ᠳᠤᠮᠳᠠᠳᠤ ᠵᠢᠨ ᠭᠤᠷᠪᠠᠨ ᠵᠢᠯ ᠳ᠋ᠤ ᠬᠡᠦᠬᠡᠳ᠎ᠤᠨ ᠰᠤᠷᠤᠯᠭ᠎ᠠ ᠵᠢᠨ ᠳᠠᠷᠤᠭᠠᠰᠤ ᠤᠯᠠᠮ ᠵᠢᠡᠷ ᠬᠦᠨᠳᠦᠷᠡᠵᠦ ᠢᠷᠡᠳᠡᠭ᠃ ᠡᠭᠦᠨ ᠳ᠋ᠤ ᠬᠡᠷ᠎ᠤᠨ ᠠᠬᠠᠮᠠᠳ ᠪᠤᠯᠤᠭᠰᠠᠨ ᠪᠢᠳᠡ ᠬᠡᠦᠬᠡᠳ᠎ᠤᠨ ᠵᠢᠡᠨ ᠦᠰᠦᠨ ᠪᠤᠢᠵᠢᠯᠳᠠ ᠳ᠋ᠤ ᠬᠠᠨᠢ ᠲᠦᠰᠢᠭ ᠪᠤᠯᠵᠤ ᠰᠡᠳᠬᠢᠯ᠎ᠤᠨ ᠳᠡᠩᠬᠡᠬᠡ ᠦᠭᠬᠦ ᠨᠢ ᠬᠠᠮᠤᠭ ᠴᠢᠬᠤᠯᠠ ᠶᠤᠮ᠃ ᠢᠯᠠᠩᠭᠤᠶ᠎ᠠ ᠦᠨᠳᠦᠷ ᠳᠤᠮᠳᠠᠳᠤ ᠵᠢᠨ ᠭᠤᠷᠪᠠᠳᠤᠭᠠᠷ ᠤᠨ ᠪᠤᠯᠪᠠᠯ ᠬᠡᠦᠬᠡᠳ ᠎ᠤᠨ ᠵᠢᠡᠨ ᠰᠤᠷᠤᠯᠭ᠎ᠠ ᠵᠢᠨ ᠪᠠᠢᠳᠠᠯ᠎ᠢ ᠯᠠ ᠠᠩᠬᠠᠷᠤᠭᠠᠳ ᠪᠤᠯᠬᠤ ᠦᠬᠡᠢ᠂ ᠨᠡᠩ ᠴᠢᠬᠤᠯᠠ ᠨᠢ ᠪᠡᠶ᠎ᠠ ᠰᠡᠳᠬᠢᠴᠡ ᠵᠢᠨ ᠪᠠᠢᠳᠠᠯ᠎ᠢ ᠨᠢ ᠬᠠᠯᠠᠮᠵᠢᠯᠠᠬᠤ ᠵᠢᠨ ᠵᠡᠷᠬᠡ ᠪᠡᠷ ᠭᠡᠷ᠎ᠤᠨ ᠠᠬᠠᠮᠠᠳ ᠪᠤᠯᠤᠭᠰᠠᠳ᠎ᠤᠨ ᠣᠨᠤᠪᠴᠢᠳᠠᠢ᠎ᠪᠠᠢᠷᠢ ᠪᠠᠨ᠎ᠣᠯᠬᠤ ᠨᠢ ᠶᠠᠭᠤᠨ ᠡᠴᠡ ᠴᠸ᠋ ᠴᠢᠬᠤᠯᠠ᠃

ᠭᠤᠷᠪᠠᠳᠤᠭᠠᠷ ᠤᠨ ᠳ᠋ᠤ ᠰᠤᠷᠤᠯᠭ᠎ᠠ ᠵᠢᠨ ᠠᠢᠵᠠᠮ ᠲᠦᠷᠬᠡᠰᠬᠦ ᠵᠢ ᠳᠠᠭᠠᠯᠳᠤᠨ ᠬᠡᠦᠬᠡᠳ᠎ᠤᠨ ᠳᠠᠷᠤᠭᠠᠰᠤ ᠬᠦᠨᠳᠦᠷᠡᠵᠦ᠂ ᠪᠡᠶ᠎ᠠ ᠰᠡᠳᠬᠢᠯ ᠤᠷᠳᠤ ᠬᠤᠭᠤᠴᠠᠭ᠎ᠠ ᠪᠡᠷ ᠪᠠᠴᠢᠮᠳᠠᠵᠤ ᠰᠠᠨᠳᠤᠷᠬᠤ ᠪᠠᠢᠳᠠᠯ ᠳ᠋ᠤ ᠪᠠᠢᠳᠠᠭ ᠵᠢᠡᠷ ᠮᠠᠰᠢ ᠵᠦᠳᠡᠷᠡᠬᠡ ᠳᠠᠢ ᠪᠠᠢᠳᠠᠭ᠃ ᠡᠨᠡ ᠦᠶ᠎ᠡ ᠳ᠋ᠤ ᠬᠡᠷ᠎ᠤᠨ ᠠᠬᠠᠮᠠᠳ ᠪᠣᠯᠤᠭᠰᠠᠨ ᠪᠢ ᠬᠡᠦᠬᠡᠳ ᠵᠢᠡᠨ ᠬᠡᠯᠡᠵᠦ ᠰᠤᠷᠭᠠᠬᠤ ᠪᠠ ᠪᠤᠰᠤᠳ ᠳᠠᠢ ᠠᠳᠠᠯᠢᠳᠬᠠᠬᠤ ᠡᠴᠡ ᠬᠢᠴᠢᠶᠡᠵᠦ᠂ ᠳᠠᠭᠠᠤ ᠳ᠋ᠤᠨᠢ ᠰᠡᠳᠬᠢᠯ ᠰᠠᠨᠠᠭ᠎ᠠ ᠪᠠᠨ ᠲᠣᠭᠲᠠᠭᠤᠨ ᠪᠠᠢᠯᠭᠠᠵᠤ᠂ ᠬᠡᠦᠬᠡᠳ᠎ᠤᠨ ᠵᠢᠡᠨ ᠬᠠᠮᠤᠭ᠎ᠤᠨ ᠪᠠᠲᠤ ᠪᠡᠬᠢ ᠲᠦᠰᠢᠭ ᠨᠢ ᠪᠤᠯᠵᠤ ᠪᠤᠢ᠃ ᠪᠢ ᠰᠢᠯᠭᠠᠯᠲᠠ ᠵᠢᠨ ᠬᠤᠪᠢ ᠵᠢ᠎ᠦᠬᠦᠮᠡᠯ ᠵᠢᠡᠷ᠎ᠬᠥᠭᠡᠭᠡᠴᠡᠯᠳᠦᠬᠦ᠎ᠦᠭᠡᠢ᠂ ᠬᠡᠦᠬᠡᠳ ᠵᠢᠡᠨ ᠪᠤᠰᠤᠳ ᠲᠠᠶ ᠠᠳᠠᠯᠢᠳᠬᠠᠬᠤ ᠦᠭᠡᠢ᠂ ᠬᠡᠦᠬᠡᠳ᠎ᠤᠨ ᠠᠯᠢᠪᠠ ᠪᠠᠢᠳᠠᠯ᠎ᠢ ᠠᠭᠤᠵᠢᠭᠤ ᠲᠠᠯᠪᠢᠭᠤᠨ ᠵᠢᠡᠷ ᠬᠦᠯᠢᠶᠡᠨ ᠠᠪᠴᠤ᠂ 《ᠬᠠᠷᠢᠭᠤ ᠲᠠᠢ ᠪᠤᠯ ᠪᠢᠷᠠᠭᠤ ᠲᠠᠢ》 ᠭᠡᠳᠡᠭᠴᠢᠯᠡᠨ ᠬᠡᠤᠬᠡᠳ᠎ᠤᠨ ᠮᠢᠨᠢ ᠬᠠᠳᠠᠭᠤᠵᠢᠯᠳᠠᠢ ᠴᠢᠷᠮᠠᠢᠯᠭ᠎ᠠ ᠨᠢ ᠬᠠᠮᠤᠭ᠎ᠤᠨ ᠰᠠᠢᠨ ᠰᠠᠢᠬᠠᠨ ᠠᠴᠢ ᠬᠠᠷᠢᠭᠤᠯᠳᠠ ᠤᠯᠬᠤ ᠵᠢ ᠪᠠᠳᠤ ᠢᠳᠡᠭᠡᠨ᠎ᠡ᠃

ᠬᠡᠦᠬᠡᠳ ᠳᠡᠬᠡᠨ ᠡᠳᠦᠷ ᠲᠤᠳᠤᠮ ᠬᠠᠨᠢ ᠪᠣᠯᠬᠤ ᠳ᠋ᠠᠭᠠᠨ ᠪᠢ ᠢᠮᠠᠭᠲᠠ《ᠳᠤᠲᠠᠭᠤ ᠶᠠᠩᠰᠢᠵᠤ᠂ ᠢᠯᠡᠭᠦᠦ ᠪᠠᠭᠲᠠᠭᠠᠵᠤ᠂ ᠢᠯᠡᠭᠦᠦ ᠰᠣᠨᠣᠰᠬᠤ》 ᠵᠢ ᠪᠠᠷᠢᠮᠲᠠᠯᠠᠭᠰᠠᠭᠠᠷ ᠢᠷᠡᠵᠠᠢ᠃ ᠦᠨᠳᠦᠷ ᠳᠤᠮᠳᠠᠳᠤ ᠵᠢᠨ ᠭᠤᠷᠪᠠᠳᠤᠭᠠᠷ ᠣᠨ ᠤ᠋ ᠬᠡᠦᠬᠡᠳ ᠲᠤ᠌ ᠶᠣᠰᠣ ᠤᠴᠢᠷ ᠢ᠋ ᠠᠬᠢᠨ  ᠳᠠᠬᠢᠨ ᠬᠡᠯᠡᠵᠦ ᠰᠤᠷᠭᠠᠬᠤ ᠨᠢ ᠲᠡᠳᠡᠨ ᠤ᠋ ᠰᠡᠳᠬᠢᠯ ᠤ᠋ᠨ ᠳᠠᠷᠤᠭᠠᠰᠤ ᠵᠢ ᠬᠦᠨᠳᠦᠷᠡᠭᠦᠯᠳᠡᠭ᠃ ᠪᠢᠳᠡᠨ ᠤ᠋ ᠬᠢᠵᠦ ᠳᠡᠢᠯᠬᠦ ᠵᠦᠢᠯ ᠭᠡᠪᠡᠯ᠂ ᠢᠳᠡᠵᠦ ᠡᠮᠦᠰᠬᠦ ᠶᠠᠪᠤᠵᠤ ᠰᠠᠭᠤᠬᠤ ᠵᠢ ᠨᠢ ᠰᠠᠢᠲᠤᠷ ᠵᠤᠬᠢᠴᠠᠭᠤᠯᠵᠤ᠂ ᠵᠢᠮ᠎ᠡ ᠶᠣᠰᠣ ᠲᠠᠶ ᠰᠤᠷᠤᠯᠴᠠᠵᠤ ᠠᠮᠠᠷᠠᠬᠤ ᠪᠠ ᠰᠢᠮ᠎ᠡ ᠲᠡᠵᠢᠭᠡᠯ ᠤ᠋ᠨ ᠲᠡᠩᠴᠡᠭᠦᠷᠢ ᠵᠢ ᠨᠢ ᠪᠠᠲᠤᠯᠠᠵᠤ᠂ ᠨᠠᠮ ᠵᠢᠮ᠂ ᠳᠠᠭᠠᠯᠠᠮᠵᠢᠳᠠᠢ᠂ ᠰᠤᠯᠠ ᠰᠡᠯᠡᠭᠦᠦ ᠭᠡᠷ ᠪᠦᠯᠢ ᠵᠢᠨ ᠠᠭᠤᠷ ᠠᠮᠢᠰᠬᠤᠯ ᠢ᠋ ᠪᠤᠢ ᠪᠣᠯᠭᠠᠵᠤ ᠦᠭᠭᠦᠨ᠎ᠡ᠃ ᠭᠡᠷ ᠪᠦᠯᠢ ᠪᠣᠯ ᠬᠡᠦᠬᠡᠳ᠎ᠤᠨ᠎ᠳᠠᠷᠤᠭᠠᠰᠤ ᠵᠢ᠎ᠬᠥᠩᠬᠡᠷᠡᠭᠦᠯᠬᠦ᠎ᠣᠷᠤᠨ ᠵᠠᠢ ᠪᠠᠢᠬᠤ ᠶᠣᠰᠣᠲᠠᠶ᠂ ᠬᠠᠷᠢᠨ ᠰᠢᠯᠭᠠᠯᠲᠠ ᠵᠢᠨ ᠲᠠᠯᠠᠪᠤᠷ ᠪᠢᠰᠢ ᠰᠢᠤ !

ᠪᠢ ᠪᠠᠰᠠ ᠥᠪᠡᠷ ᠎ᠤᠨ ᠤᠷᠮ᠎ᠠ ᠰᠡᠳᠬᠢᠯᠭᠡ ᠪᠡᠨ ᠬᠠᠮᠢᠶᠠᠷᠴᠤ ᠡᠵᠡᠮᠳᠡᠬᠦ ᠵᠢ ᠴᠢᠬᠤᠯᠠᠴᠢᠯᠠᠳᠠᠭ᠃ ᠰᠢᠯᠭᠠᠯᠳᠠ ᠤᠢᠷᠠᠳᠤᠬᠤᠯᠠᠷ ᠰᠡᠳᠭᠢᠯ ᠰᠠᠨᠠᠭ᠎ᠠ ᠳᠤᠭᠳᠠᠪᠤᠷᠢ ᠦᠬᠡᠢ ᠪᠤᠯᠬᠤ ᠨᠢ᠎ᠦᠨᠳᠦᠷ ᠳᠤᠮᠳᠠᠳᠤ ᠵᠢᠨ ᠭᠤᠷᠪᠠᠳᠤᠭᠠᠷ ᠣᠨ ᠤ᠋ ᠰᠤᠷᠤᠭᠴᠢᠳ᠎ᠤᠨ᠎ᠬᠡᠪ᠎ᠤᠨ ᠦᠵᠡᠭᠳᠡᠯ ᠪᠣᠯᠤᠨ᠎ᠠ᠂ ᠲᠡᠭᠡᠬᠦᠯᠡᠷ ᠭᠡᠷ ᠤ᠋ᠨ ᠠᠬᠠᠮᠠᠳ ᠪᠤᠯᠤᠭᠰᠠᠳ ᠠᠭᠤᠵᠢᠭᠤ ᠲᠠᠯᠪᠢᠭᠤ ᠪᠠᠢᠪᠠᠯ ᠬᠡᠦᠬᠡᠳ ᠴᠸ᠋ ᠲᠠᠭᠠᠯᠳᠤᠨ ᠨᠠᠮᠵᠢᠭᠤᠨ᠎ᠲᠠᠢᠪᠤᠭᠤᠨ ᠪᠠᠢᠵᠤ ᠴᠢᠳᠠᠨ᠎ᠠ᠃

ᠤᠯᠤᠰ᠎ᠤᠨ ᠨᠢᠬᠡᠳᠦᠯᠳᠡᠢ ᠰᠢᠯᠭᠠᠯᠳᠠ ᠪᠤᠯ ᠬᠥᠮᠦᠨ ᠤ᠋ ᠠᠮᠢᠳᠤᠷᠠᠯ᠎ᠤᠨ ᠵᠠᠮ ᠳ᠋ᠡᠬᠢ ᠨᠢᠭᠡᠨ ᠥᠷᠲᠡᠭᠡ ᠮᠥᠨ᠂ ᠎ᠬᠠᠷᠢᠨ ᠬᠥᠮᠦᠨ ᠤ᠋ ᠠᠮᠢᠳᠤᠷᠠᠯ᠎ᠤᠨ ᠵᠠᠩᠭᠢᠯᠠᠭ᠎ᠠ᠎ᠶᠢᠨ ᠥᠷᠲᠡᠭᠡ ᠣᠭᠲᠣ ᠪᠢᠰᠢ᠃ ᠬᠢᠷᠢ ᠪᠦᠲᠦᠮᠵᠢ ᠪᠣᠯ ᠵᠥᠪᠬᠡᠨ ᠨᠢᠭᠡ ᠴᠠᠭ᠎ᠤᠨ ᠦᠷ᠎ᠡ ᠳ᠋ᠦᠩ ᠪᠤᠯᠬᠤ ᠶᠤᠮ᠃ ᠬᠡᠦᠬᠡᠳ ᠤ᠋ᠨ ᠪᠡᠶ᠎ᠡ ᠰᠡᠳᠬᠢᠴᠡ ᠡᠷᠡᠬᠦᠯ ᠦᠬᠡᠳᠡᠷᠬᠡᠭ᠂ ᠵᠠᠩ ᠴᠢᠨᠠᠷ ᠨᠠᠮ ᠲᠥᠪ ᠪᠠᠢᠬᠤ ᠪᠣᠯ ᠰᠠᠶᠢ ᠨᠢᠭᠡ ᠨᠠᠰᠤᠨ ᠤ᠋ ᠴᠢᠬᠤᠯᠠ ᠵᠦᠢᠯᠡᠰ ᠭᠡᠵᠦ ᠪᠢ ᠪᠤᠳᠤᠳᠠᠭ᠃

ᠶᠠᠷᠢᠶᠠᠨ ᠦᠭᠡᠢ᠂ ᠤᠯᠤᠰ ᠎ᠤᠨ ᠨᠢᠬᠡᠳᠦᠯᠳᠡᠢ ᠰᠢᠯᠭᠠᠯᠳᠠ ᠬᠡᠭᠴᠢ ᠰᠤᠷᠤᠭᠴᠢ ᠪᠤᠯᠭᠠᠨ᠎ᠳ᠋ᠤ ᠳᠤᠬᠢᠶᠠᠬᠤ ᠬᠦᠨᠳᠦᠬᠡᠨ ᠰᠤᠷᠢᠯᠳᠠ ᠪᠤᠯᠬᠤᠷ ᠦᠪᠡᠷ᠎ᠤᠨ ᠴᠢᠷᠮᠠᠢᠯᠭ᠎ᠠ ᠳ᠋ᠠᠭᠠᠨ ᠤᠰᠤᠯᠳᠤᠬᠤ ᠦᠬᠡᠢ ᠰᠡᠳᠬᠢᠯ ᠳᠠᠢᠪᠤᠭᠤᠬᠠᠨ ᠵᠢᠡᠷ ᠰᠢᠯᠭᠠᠵᠤ᠂ ᠦᠨᠳᠦᠷ ᠠᠮᠵᠢᠯᠳᠠ ᠤᠯᠤᠭᠠᠷᠠᠢ ᠬᠡᠤᠬᠡᠳ᠎ᠤᠳ ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号