ᠰᠠᠨᠠᠭᠠᠴᠢᠯᠠᠭ᠎ᠠ ᠡᠴᠡ ᠪᠡᠨ ᠠᠵᠢᠯᠯᠠᠵᠤ ᠦᠨᠳᠦᠰᠦᠲᠡᠨ ᠤ᠋ ᠡᠮ᠎ᠡᠮᠨᠡᠯᠬᠡ ᠪᠡᠷ ᠠᠷᠠᠳ ᠤ᠋ᠨ ᠠᠮᠢᠳᠤᠷᠠᠯ ᠳ᠋ᠤ᠌ ᠠᠱᠢᠭ ᠬᠦᠷᠲᠡᠭᠡᠬᠦ᠌᠎ᠶ᠋ᠢ ᠪᠥᠬᠥ᠌ ᠬᠦᠴᠦᠨ ᠢ᠋ᠢᠡᠷ ᠢ᠋ᠢᠡᠨ ᠠᠬᠢᠭᠤᠯᠤᠨ᠎ᠡ
2026-06-11 10:01:43
ᠵᠣᠬᠢᠶᠠᠭ᠍ᠴᠢ᠄
ᠮᠧᠶ ᠭᠠᠩ
ᠣᠩᠱᠢᠭ᠍ᠰᠠᠨ ᠣᠳᠠᠭ᠎ᠠ᠄
★★★☆☆

— ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠬᠡᠨ ᠤ᠋ ᠪᠠᠲᠤᠯᠠᠭ᠎ᠠ ᠢ᠋ᠢᠨ ᠲᠤᠪᠴᠢᠶ᠎ᠡ ᠢ᠋ᠢᠨ ᠨᠠᠮ ᠤ᠋ᠨ ᠤᠳᠤᠷᠢᠳᠭᠤ ᠳᠤᠭᠤᠢᠯᠠᠩ ᠤ᠋ᠨ ᠱᠦᠵᠢ᠂ ᠲᠣᠪᠴᠢᠶᠠᠨ ᠳᠠᠷᠤᠭ᠎ᠠ ᠴᠠᠩ ᠴᠢᠩ  ᠢ᠋ ᠰᠤᠷᠪᠤᠯᠵᠢᠯᠠᠭ᠍ᠰᠠᠨ ᠎ᠨᠢ


ᠨᠥᠬᠥᠴᠡᠯ᠎ᠳᠦ ᠨᠡᠢᠴᠡᠬᠦ᠌ ᠦᠨᠳᠦᠰᠦᠲᠡᠨ ᠤ᠋ ᠡᠮ ᠢ᠋ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠡᠮ ᠤ᠋ᠨ ᠵᠦᠢᠯᠡᠰ ᠤ᠋ᠨ ᠭᠠᠷᠴᠠᠭ᠎ᠲᠤ ᠣᠷᠣᠭᠤᠯᠬᠤ᠎ᠶ᠋ᠢ ᠳᠡᠮᠵᠢᠨ᠎ᠡ᠃

— 《ᠳᠤᠮᠳᠠᠳᠤ ᠤᠯᠤᠰ (ᠥᠪᠥᠷ ᠮᠣᠩᠭᠣᠯ) ᠤ᠋ᠨ ᠴᠢᠯᠥᠭᠡᠲᠦ ᠠᠷᠠᠯᠵᠢᠶᠠᠨ᠎ᠤ ᠲᠤᠷᠱᠢᠯᠲᠠ ᠢ᠋ᠢᠨ ᠣᠷᠣᠨ᠎ᠤ ᠶᠡᠷᠦᠩᠬᠡᠢ ᠲᠥᠰᠦᠯ》 ᠡᠴᠡ ᠡᠰᠢᠯᠡᠪᠡ


《ᠳᠤᠮᠳᠠᠳᠤ ᠤᠯᠤᠰ (ᠥᠪᠥᠷ ᠮᠣᠩᠭᠣᠯ)᠎ᠤ᠋ᠨ ᠴᠢᠯᠥᠭᠡᠲᠦ ᠠᠷᠠᠯᠵᠢᠶᠠᠨ᠎ᠤ ᠲᠤᠷᠱᠢᠯᠲᠠ ᠢ᠋ᠢᠨ ᠣᠷᠣᠨ᠎ᠤ ᠶᠡᠷᠦᠩᠬᠡᠶ ᠲᠥᠰᠦᠯ》᠎ᠳ᠋ᠤ᠂ ᠨᠥᠬᠥᠴᠡᠯ᠎ᠳᠦ ᠨᠡᠢᠴᠡᠬᠦ᠌ ᠦᠨᠳᠦᠰᠦᠲᠡᠨ ᠤ᠋ ᠡᠮ ᠢ᠋ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠡᠮ ᠤ᠋ᠨ ᠵᠦᠢᠯᠡᠰ ᠤ᠋ᠨ ᠭᠠᠷᠴᠠᠭ᠎ᠲᠤ ᠣᠷᠣᠭᠤᠯᠬᠤ᠎ᠶ᠋ᠢ ᠳᠡᠮᠵᠢᠨ᠎ᠡ ᠭᠡᠵᠦ᠍ ᠲᠣᠳᠣᠷᠬᠠᠶ ᠳᠤᠷᠠᠳᠤᠨ ᠭᠠᠷᠭᠠᠪᠠ᠃ 6 ᠰᠠᠷ᠎ᠠ ᠢ᠋ᠢᠨ 5᠎ᠤ᠋ ᠡᠳᠦᠷ᠂ ᠰᠤᠷᠪᠤᠯᠵᠢᠯᠠᠭ᠍ᠴᠢ ᠥᠭᠡᠷᠡᠴᠢᠯᠡᠯᠲᠡ ᠢ᠋ᠢᠨ ᠡᠭᠦᠷᠭᠡ᠎ᠶ᠋ᠢ ᠬᠡᠷᠬᠢᠨ ᠲᠦᠷᠭᠡᠨ ᠨᠠᠢᠳᠠᠪᠤᠷᠢᠵᠢᠭᠤᠯᠵᠤ᠂ ᠦᠨᠳᠦᠰᠦᠲᠡᠨ ᠤ᠋ ᠡᠮ ᠡᠮᠨᠡᠯᠭᠡ᠎ᠶ᠋ᠢ ᠤᠯᠠᠮᠵᠢᠯᠠᠨ ᠵᠠᠯᠭᠠᠮᠵᠢᠯᠠᠵᠤ ᠱᠢᠨ᠎ᠡ᠎ᠶ᠋ᠢ ᠡᠭᠦᠳᠬᠦ᠌ ᠪᠤᠯᠤᠨ ᠠᠵᠤ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠳ᠋ᠤ᠌ ᠬᠦᠴᠦᠨ ᠨᠡᠮᠡᠷᠢᠯᠡᠬᠦ ᠲᠤᠬᠠᠶ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠎ᠤ ᠡᠮᠴᠢᠯᠡᠬᠡᠨ ᠤ᠋ ᠪᠠᠲᠤᠯᠠᠭ᠎ᠠ ᠢ᠋ᠢᠨ ᠲᠣᠪᠴᠢᠶ᠎ᠠ ᠢ᠋ᠢᠨ ᠨᠠᠮ ᠤ᠋ᠨ ᠤᠳᠤᠷᠢᠳᠭᠤ ᠳᠤᠭᠤᠢᠯᠠᠩ ᠤ᠋ᠨ ᠱᠦᠵᠢ᠂ ᠲᠣᠪᠴᠢᠶᠠᠨ ᠳᠠᠷᠤᠭ᠎ᠠ ᠴᠠᠩ ᠴᠢᠩ  ᠢ᠋ ᠰᠤᠷᠪᠤᠯᠵᠢᠯᠠᠪᠠ᠃

ᠴᠠᠩ ᠴᠢᠩ᠂ ᠦᠨᠳᠦᠰᠦᠲᠡᠨ ᠤ᠋ ᠡᠮ ᠪᠣᠯ ᠳᠤᠮᠳᠠᠳᠤ ᠢ᠋ᠢᠨ ᠡᠮ ᠡᠮᠨᠡᠯᠭᠡ ᠢ᠋ᠢᠨ ᠡᠷᠳᠡᠨᠢ ᠢ᠋ᠢᠨ ᠬᠥᠮᠥᠷᠭᠡ ᠢ᠋ᠢᠨ ᠴᠢᠬᠤᠯᠠ ᠪᠦᠷᠢᠯᠳᠦᠬᠦᠨ ᠬᠡᠰᠡᠭ ᠮᠥᠨ᠂ ᠦᠨᠳᠦᠰᠦᠲᠡᠨ ᠤ᠋ ᠰᠣᠶᠣᠯ ᠢ᠋ ᠠᠴᠢᠶᠠᠯᠠᠵᠤ ᠤᠯᠠᠮᠵᠢᠯᠠᠨ ᠵᠠᠯᠭᠠᠮᠵᠢᠯᠠᠬᠤ᠂ ᠣᠯᠠᠨ ᠲᠦᠮᠡᠨ ᠤ᠋ ᠡᠷᠡᠭᠦᠯ ᠮᠡᠨᠳᠦ᠍᠎ᠶ᠋ᠢ ᠪᠠᠲᠤᠯᠠᠬᠤ᠂ ᠣᠷᠣᠨ ᠨᠤᠲᠤᠭ ᠤ᠋ᠨ ᠠᠵᠤ ᠦᠶ᠋ᠯᠡᠰ ᠲᠦ᠍ ᠬᠦᠴᠦᠨ ᠨᠡᠮᠡᠷᠢᠯᠡᠬᠦ᠌ ᠣᠯᠠᠨ ᠲᠠᠯ᠎ᠠ᠎ᠵᠢᠨ ᠦᠢᠯᠡᠳᠦᠯ ᠦᠵᠡᠬᠦᠯᠵᠤ ᠪᠠᠢᠳᠠᠭ᠃ ᠥᠪᠥᠷ ᠮᠣᠩᠭᠣᠯ ᠤ᠋ᠨ ᠴᠢᠯᠥᠭᠡᠲᠦ ᠠᠷᠠᠯᠵᠢᠶᠠᠨ᠎ᠤ ᠲᠤᠷᠱᠢᠯᠲᠠ ᠢ᠋ᠢᠨ ᠣᠷᠣᠨ ᠵᠥᠪᠱᠢᠶᠡᠷᠡᠭ᠌ᠳᠡᠭ᠌ᠰᠡᠨ ᠡᠴᠡ ᠨᠠᠭᠠᠰᠢ᠂ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶ᠎ᠠ᠎ᠵᠢᠨ ᠬᠢᠨ ᠲᠤᠰᠢᠶᠠᠯ ᠬᠠᠷᠢᠭᠤᠴᠠᠯᠭ᠎ᠠ᠎ᠳᠠᠭᠠᠨ ᠰᠠᠭᠤᠷᠢᠯᠠᠨ ᠦᠨᠳᠦᠰᠦᠲᠡᠨ ᠤ᠋ ᠡᠮ ᠢ᠋ ᠡᠮ ᠡᠮᠨᠡᠯᠬᠡ ᠢ᠋ᠢᠨ ᠳᠠᠭᠠᠳᠭᠠᠯ ᠳ᠋ᠤ᠌ ᠣᠷᠣᠭᠤᠯᠬᠤ᠎ᠶ᠋ᠢ ᠠᠬᠢᠭᠤᠯᠵᠤ᠂ ᠦᠨᠳᠦᠰᠦᠲᠡᠨ ᠤ᠋ ᠡᠮ ᠤ᠋ᠨ ᠪᠠᠲᠤᠯᠠᠭ᠎ᠠ ᠢ᠋ᠢᠨ ᠬᠡᠪᠴᠢᠶ᠎ᠡ᠎ᠶ᠋ᠢ ᠥᠷᠭᠡᠳᠭᠡᠨ᠂ ᠦᠨᠳᠦᠰᠦᠲᠡᠨ᠎ᠨᠦᠭᠦᠳ ᠤ᠋ᠨ ᠣᠯᠠᠨ ᠲᠦᠮᠡᠨ ᠤ᠋ ᠡᠷᠡᠭᠦᠯ ᠮᠡᠨᠳᠦ ᠠᠵᠠ ᠵᠢᠷᠭᠠᠯ ᠢ᠋ ᠬᠦᠴᠦᠯᠡᠨ ᠬᠠᠮᠠᠭᠠᠯᠠᠪᠠ ᠬᠡᠯ᠎ᠠ᠃

ᠤᠷᠤᠨ ᠨᠤᠳᠤᠭ ᠤ᠋ᠨ ᠪᠤᠳᠠᠳᠤ ᠪᠠᠢᠳᠠᠯ ᠳ᠋ᠠᠭᠠᠨ ᠰᠠᠭᠤᠷᠢᠯᠠᠨ ᠦᠨᠳᠦᠰᠦᠲᠡᠨ ᠤ᠋ ᠡᠮ ᠎ᠤᠨ ᠤᠷᠤᠭᠤᠯᠬᠤ ᠵᠤᠬᠢᠰᠳᠡᠢ ᠢ᠋ᠢ ᠨᠢ ᠪᠦᠬᠦᠨ ᠢ᠋ ᠤᠷᠤᠭᠤᠯᠪᠠ᠃ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠭᠠᠷᠴᠠᠭ ᠲᠦ᠍ 28 ᠵᠦᠶ᠋ᠯ ᠤ᠋ᠨ ᠮᠣᠩᠭᠣᠯ ᠡᠮ ᠢ᠋ ᠵᠥᠪᠱᠢᠶᠡᠷᠡᠨ ᠣᠷᠣᠭᠤᠯᠬᠤ᠎ᠶ᠋ᠢ ᠨᠠᠢᠳᠠᠪᠤᠷᠢᠵᠢᠭᠤᠯᠤᠭ᠍ᠰᠠᠨ ᠰᠠᠭᠤᠷᠢᠨ ᠳᠡᠭᠡᠷ᠎ᠡ᠂ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶ᠎ᠠ᠎ᠵᠢᠨ ᠬᠢᠨ ᠠᠷᠠᠳ ᠤ᠋ᠨ ᠠᠮᠢᠳᠤᠷᠠᠯ ᠤ᠋ᠨ ᠬᠡᠷᠡᠭ᠌ᠴᠡᠭᠡ ᠱᠠᠭᠠᠷᠳᠠᠯᠭ᠎ᠠ ᠪᠡᠷ ᠤᠳᠤᠷᠢᠳᠤᠮᠵᠢ ᠪᠣᠯᠭᠠᠬᠤ᠎ᠶ᠋ᠢ ᠪᠠᠷᠢᠮᠲᠠᠯᠠᠵᠤ᠂ ᠮᠤᠵᠢ ᠢ᠋ᠢᠨ ᠱᠠᠲᠤᠨ᠎ᠤ ᠡᠮ ᠡᠮᠨᠡᠯᠬᠡ ᠢ᠋ᠢᠨ ᠳᠠᠭᠠᠳᠭᠠᠯ ᠤ᠋ᠨ ᠭᠠᠷᠴᠠᠭ ᠤ᠋ᠨ ᠬᠠᠮᠢᠶᠠᠷᠤᠯᠲᠠ ᠢ᠋ᠢᠨ ᠡᠷᠬᠡ ᠢ᠋ᠢ ᠭᠦᠶ᠋ᠴᠡᠳ ᠰᠠᠢᠲᠤᠷ ᠬᠡᠷᠡᠭ᠌ᠯᠡᠨ᠂ ᠲᠤᠰᠭᠠᠶ ᠮᠡᠷᠭᠡᠵᠢᠯᠲᠡᠨ ᠬᠢᠨᠠᠨ ᠲᠤᠭᠳᠠᠭᠠᠬᠤ᠂ ᠴᠠᠭ ᠲᠤᠬᠠᠶ ᠳ᠋ᠤᠨᠢ ᠪᠦᠷᠢᠳᠭᠡᠨ ᠳᠠᠩᠰᠠᠯᠠᠬᠤ ᠵᠡᠷᠭᠡ ᠵᠢᠷᠤᠮᠵᠢᠭᠤᠯᠬᠤ ᠲᠠᠷᠠᠭᠠᠯᠠᠯ ᠢ᠋ᠢᠡᠷ ᠳᠠᠮᠵᠢᠭᠤᠯᠤᠨ᠂ ᠥᠪᠥᠷ ᠮᠣᠩᠭᠣᠯ ᠤ᠋ᠨ ᠦᠨᠳᠦᠰᠦᠲᠡᠨ ᠤ᠋ ᠡᠮ᠎ᠡᠮᠨᠡᠯᠬᠡ ᠢ᠋ᠢᠨ ᠳᠠᠭᠠᠳᠭᠠᠯ ᠤ᠋ᠨ ᠬᠠᠮᠤᠷᠬᠤ ᠬᠡᠪᠴᠢᠶ᠎ᠡ᠎ᠶ᠋ᠢ ᠦᠷᠭᠦᠯᠵᠢᠯᠡᠨ ᠥᠷᠭᠡᠳᠭᠡᠪᠡ᠃ ᠣᠳᠣᠬᠠᠨ ᠳ᠋ᠤ᠌᠂ ᠪᠥᠬᠥ᠌ ᠣᠷᠣᠨ ᠳ᠋ᠤ᠌ ᠨᠢᠭᠡᠨᠲᠡ 117 ᠵᠦᠶ᠋ᠯ ᠤ᠋ᠨ ᠮᠣᠩᠭᠣᠯ ᠡᠮ᠂ 486 ᠵᠦᠶ᠋ᠯ ᠤ᠋ᠨ ᠬᠢᠲᠠᠳ ᠮᠣᠩᠭᠣᠯ ᠴᠢᠨᠠᠯᠭ᠎ᠠ ᠢ᠋ᠢᠨ ᠡᠮ᠂ 1289 ᠵᠦᠶ᠋ᠯ ᠤ᠋ᠨ ᠮᠣᠩᠭᠣᠯ ᠡᠮ ᠤ᠋ᠨ ᠡᠮᠴᠢᠯᠡᠭᠡᠨ ᠤ᠋ ᠪᠠᠢᠭᠤᠯᠤᠮᠵᠢ ᠢ᠋ᠢᠨ ᠨᠠᠢᠷᠠᠯᠭ᠎ᠠ ᠢ᠋ᠢ ᠪᠦᠬᠦᠨ ᠢ᠋ ᠥᠪᠡᠷᠲᠡᠭᠡᠨ ᠵᠠᠰᠠᠬᠤ ᠣᠷᠣᠨ᠎ᠤ ᠡᠮ ᠡᠮᠨᠡᠯᠬᠡ ᠢ᠋ᠢᠨ ᠳᠠᠭᠠᠳᠭᠠᠯ ᠤ᠋ᠨ ᠲᠣᠭᠠᠴᠠᠭ᠎ᠠ ᠬᠢᠬᠦ᠌ ᠬᠡᠪᠴᠢᠶᠡᠨ᠎ᠳᠦ ᠣᠷᠣᠭᠤᠯᠵᠤ᠂ ᠲᠤᠱᠢᠶᠠᠪᠠᠰᠤ ᠵᠣᠬᠢᠬᠤ᠎ᠶ᠋ᠢ᠎ᠨᠢ ᠪᠦᠬᠦᠨ ᠢ᠋ ᠪᠠᠭ᠍ᠲᠠᠭᠠᠬᠤ᠂ ᠡᠮ ᠡᠮᠨᠡᠯᠬᠡ ᠢ᠋ᠢᠨ ᠳᠠᠭᠠᠳᠭᠠᠯ ᠤ᠋ᠨ ᠲᠣᠭᠠᠴᠠᠭ᠎ᠠ ᠬᠢᠬᠦ᠌᠎ᠶ᠋ᠢ ᠪᠦᠷᠢᠨ ᠪᠥᠷᠬᠥᠭᠦᠯᠬᠦ᠌᠎ᠶ᠋ᠢ ᠪᠡᠶᠡᠯᠡᠭᠦᠯᠵᠦ᠍᠂ ᠮᠠᠨ᠎ᠤ ᠣᠷᠣᠨ᠎ᠤ ᠳᠠᠭᠠᠳᠭᠠᠯ ᠳ᠋ᠤ᠌ ᠣᠷᠣᠯᠴᠠᠭ᠍ᠰᠠᠨ ᠣᠯᠠᠨ ᠲᠦᠮᠡᠨ ᠤ᠋ ᠡᠪᠡᠳᠴᠢᠨ ᠦᠵᠡᠭᠦᠯᠵᠦ᠍ ᠡᠮ ᠬᠡᠷᠡᠭ᠌ᠯᠡᠬᠦ᠌ ᠬᠡᠷᠡᠭ᠌ᠴᠡᠭᠡ ᠱᠠᠭᠠᠷᠳᠠᠯᠭ᠎ᠠ᠎ᠶ᠋ᠢ ᠦᠨᠡᠨ ᠬᠦ᠌ ᠪᠠᠲᠤᠯᠠᠪᠠ᠃

ᠮᠤᠵᠢ ᠠᠯᠤᠰᠯᠠᠨ ᠬᠣᠯᠪᠣᠭᠠᠯᠠᠨ ᠬᠥᠳᠡᠯᠦᠯᠴᠡᠵᠦ ᠦᠨᠳᠦᠰᠦᠲᠡᠨ ᠤ᠋ ᠡᠮ᠎ᠤ᠋ᠨ ᠨᠦᠯᠦᠬᠡᠯᠡᠬᠦ ᠬᠡᠪᠴᠢᠶ᠎ᠡ ᠢ᠋ᠢ ᠦᠷᠬᠡᠳᠬᠡᠪᠡ᠃ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶ᠎ᠠ᠎ᠵᠢᠨ ᠬᠢᠨ ᠠᠵᠢᠯ ᠤ᠋ᠨ ᠰᠡᠳᠭᠢᠴᠠ᠎ᠪᠡᠨ ᠰᠠᠨᠠᠭᠠᠴᠢᠯᠠᠭ᠎ᠠ ᠡᠴᠡ ᠪᠡᠨ ᠬᠤᠪᠢᠷᠠᠭᠤᠯᠵᠤ᠂ ᠡᠯ᠎ᠡ ᠮᠤᠵᠢ ᠢ᠋ᠢᠨ ᠡᠮ ᠡᠮᠨᠡᠯᠬᠡ ᠢ᠋ᠢᠨ ᠳᠠᠭᠠᠳᠭᠠᠯ ᠤ᠋ᠨ ᠭᠠᠷᠴᠠᠭ᠎ᠲᠤ ᠲᠦᠱᠢᠭ᠌ᠯᠡᠨ ᠪᠡᠶ᠎ᠡ᠎ᠪᠡᠨ ᠳᠠᠭᠠᠭᠠᠨ ᠡᠷᠬᠡ ᠮᠡᠳᠡᠯ ᠢ᠋ ᠲᠣᠬᠢᠷᠠᠭᠤᠯᠵᠤ᠂ ᠮᠤᠵᠢ ᠢ᠋ᠢᠨ ᠬᠤᠭᠤᠷᠤᠨᠳᠤᠬᠢ ᠬᠠᠮᠵᠢᠯᠴᠠᠨ ᠵᠣᠯᠭᠠᠭᠤᠯᠬᠤ᠎ᠶ᠋ᠢ ᠢᠳᠡᠪᠬᠢᠲᠡᠶ ᠥᠷᠨᠢᠭᠦᠯᠦᠨ᠂ ᠥᠪᠥᠷ ᠮᠣᠩᠭᠣᠯ ᠤ᠋ᠨ ᠴᠢᠨᠠᠷ ᠰᠠᠢᠲᠠᠶ ᠦᠨᠳᠦᠰᠦᠲᠡᠨ ᠤ᠋ ᠡᠮ ᠢ᠋ ᠣᠷᠣᠨ ᠪᠦᠰᠡ ᠡᠴᠡ ᠪᠡᠨ ᠭᠠᠷᠭᠠᠵᠤ ᠪᠥᠬᠥ᠌ ᠤᠯᠤᠰ᠎ᠲᠤ ᠬᠠᠨᠳᠤᠭᠤᠯᠬᠤ᠎ᠶ᠋ᠢ ᠪᠥᠬᠥ᠌ ᠬᠦᠴᠦᠨ ᠢ᠋ᠢᠡᠷ ᠢ᠋ᠢᠡᠨ ᠠᠬᠢᠭᠤᠯᠪᠡ᠃ ᠣᠢᠷ᠎ᠠ ᠢ᠋ᠢᠨ ᠵᠢᠯ ᠡᠴᠡ ᠨᠠᠭᠠᠰᠢ᠂ ᠬᠥᠬᠡᠨᠠᠭᠤᠷ᠂ ᠱᠢᠨᠵᠢᠶᠠᠩ ᠵᠡᠷᠭᠡ ᠮᠤᠵᠢ ᠣᠷᠣᠨ ᠳ᠋ᠤ᠌ ᠴᠢᠨᠠᠷ ᠰᠠᠢᠲᠠᠶ ᠦᠨᠳᠦᠰᠦᠲᠡᠨ ᠤ᠋ ᠡᠮ ᠤ᠋ᠨ ᠵᠦᠶ᠋ᠯᠡᠰ ᠢ᠋ ᠣᠨᠣᠪᠴᠢᠲᠠᠶ ᠲᠠᠨᠢᠯᠴᠠᠭᠤᠯᠵᠤ᠂ 26 ᠵᠦᠶ᠋ᠯ ᠤ᠋ᠨ ᠴᠢᠨᠠᠷ ᠰᠠᠢᠲᠠᠶ ᠦᠨᠳᠦᠰᠦᠲᠡᠨ ᠤ᠋ ᠡᠮ ᠢ᠋ ᠬᠥᠬᠡᠨᠠᠭᠤᠷ᠂ ᠱᠢᠨᠵᠢᠶᠠᠩ᠂ ᠯᠢᠶᠣᠤᠨᠢᠩ ᠵᠡᠷᠭᠡ 6 ᠮᠤᠵᠢ ᠣᠷᠣᠨ᠎ᠤ ᠡᠮ ᠡᠮᠨᠡᠯᠭᠡ ᠢ᠋ᠢᠨ ᠳᠠᠭᠠᠳᠭᠠᠯ ᠤ᠋ᠨ ᠭᠠᠷᠴᠠᠭ᠎ᠲᠤ ᠣᠷᠣᠭᠤᠯᠵᠤ᠂ ᠡᠮᠴᠢᠯᠡᠭᠡᠨ ᠤ᠋ ᠬᠡᠷᠡᠭ᠌ᠯᠡᠭᠡᠨ ᠤ᠋ ᠲᠠᠯᠠᠪᠤᠷ ᠪᠤᠯᠤᠨ ᠠᠵᠤ ᠦᠶ᠋ᠯᠡᠰ ᠤ᠋ᠨ ᠨᠥᠯᠥᠭᠡᠯᠡᠬᠦ᠌ ᠬᠡᠪᠴᠢᠶ᠎ᠡ᠎ᠶ᠋ᠢ ᠪᠦᠲᠦᠮᠵᠢᠲᠡᠶ ᠥᠷᠭᠡᠳᠭᠡᠵᠡᠢ᠃

ᠦᠨᠳᠦᠰᠦᠲᠡᠨ ᠤ᠋ ᠡᠮ ᠢ᠋ ᠤᠯᠤᠰ᠎ᠤ᠋ᠨ ᠡᠮ ᠡᠮᠨᠡᠯᠬᠡ ᠢ᠋ᠢᠨ ᠲᠠᠭᠠᠳᠬᠠᠯ ᠳ᠋ᠤ᠌ ᠣᠷᠣᠭᠤᠯᠬᠤ ᠢ᠋ᠢ ᠣᠨᠣᠪᠴᠢᠲᠠᠶ ᠰᠤᠳᠤᠯᠤᠨ ᠮᠠᠭᠠᠳᠯᠠᠪᠠ᠃ ᠤᠯᠤᠰ ᠤ᠋ᠨ ᠡᠮ ᠡᠮᠨᠡᠯᠬᠡ ᠢ᠋ᠢᠨ ᠳᠠᠭᠠᠳᠭᠠᠯ ᠤ᠋ᠨ ᠡᠮ ᠤ᠋ᠨ ᠵᠦᠶ᠋ᠯᠡᠰ ᠤ᠋ᠨ ᠭᠠᠷᠴᠠᠭ ᠲᠦ᠍ ᠵᠥᠪᠱᠢᠶᠡᠷᠡᠨ ᠣᠷᠣᠭᠤᠯᠬᠤ ᠳ᠋ᠤ᠌ ᠠᠵᠤ ᠠᠬᠤᠢᠯᠠᠯ ᠤ᠋ᠨ ᠭᠤᠶᠤᠴᠢᠯᠠᠨ ᠮᠡᠳᠡᠭᠦᠯᠬᠦ᠌ ᠲᠦᠷᠢᠮ ᠢ᠋ ᠬᠡᠷᠡᠭ᠌ᠵᠢᠭᠦᠯᠪᠡ᠃ ᠡᠨᠡ ᠵᠢᠯ᠂ ᠴᠢᠯᠥᠭᠡᠲᠦ ᠠᠷᠠᠯᠵᠢᠶᠠᠨ᠎ᠤ ᠲᠤᠷᠱᠢᠯᠲᠠ ᠢ᠋ᠢᠨ ᠣᠷᠣᠨ᠎ᠤ ᠡᠭᠦᠷᠭᠡ᠎ᠲᠡᠶ ᠤᠶᠠᠯᠳᠤᠭᠤᠯᠤᠨ᠂ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶ᠎ᠠ᠎ᠵᠢᠨ ᠬᠢᠨ ᠦᠨᠳᠦᠰᠦᠲᠡᠨ ᠤ᠋ ᠡᠮ ᠤ᠋ᠨ ᠠᠵᠤ ᠠᠬᠤᠢᠯᠠᠯ ᠳ᠋ᠤ᠌ ᠰᠠᠨᠠᠭᠠᠴᠢᠯᠠᠭ᠎ᠠ ᠡᠴᠡ ᠪᠡᠨ ᠦᠶ᠋ᠯᠡᠴᠢᠯᠡᠵᠦ᠍᠂ ᠶᠠᠷᠢᠯᠴᠠᠬᠤ ᠬᠤᠷᠠᠯ ᠬᠤᠷᠠᠯᠳᠤᠭᠤᠯᠬᠤ᠂ ᠪᠠᠢᠴᠠᠭᠠᠨ ᠰᠤᠳᠤᠯᠵᠤ ᠰᠤᠷᠪᠤᠯᠵᠢᠯᠠᠬᠤ᠂ ᠮᠡᠳᠡᠭᠡ ᠵᠠᠩᠭᠢ ᠢ᠋ᠢᠨ ᠲᠠᠪᠴᠠᠩ ᠢ᠋ᠢᠡᠷ ᠦᠨᠡᠨ ᠪᠣᠳᠠᠲᠠᠶ ᠲᠣᠭ᠎ᠠ ᠪᠠᠷᠢᠮᠲᠠ᠎ᠶ᠋ᠢ ᠲᠣᠬᠢᠷᠠᠭᠤᠯᠬᠤ ᠪᠡᠷ ᠲᠠᠮᠵᠢᠭᠤᠯᠤᠨ᠂ ᠦᠨᠳᠦᠰᠦᠲᠡᠨ ᠤ᠋ ᠡᠮ ᠤ᠋ᠨ ᠦᠶ᠋ᠯᠡᠳᠪᠦᠷᠢᠯᠡᠯ ᠤ᠋ᠨ ᠰᠤᠳᠤᠯᠤᠨ ᠨᠡᠭᠡᠭᠡᠭ᠌ᠰᠡᠨ ᠪᠠᠢᠳᠠᠯ ᠢ᠋ ᠪᠥᠬᠥ᠌ ᠲᠠᠯ᠎ᠠ ᠪᠡᠷ ᠤᠢᠯᠠᠭᠠᠨ ᠵᠢᠭᠰᠠᠭᠠᠨ ᠪᠠᠢᠴᠠᠭᠠᠵᠤ᠂ ᠣᠳᠣᠬᠠᠨ ᠳ᠋ᠤ᠌ ᠨᠥᠬᠥᠴᠡᠯ᠎ᠳᠦ ᠨᠡᠢᠴᠡᠬᠦ᠌ ᠦᠨᠳᠦᠰᠦᠲᠡᠨ ᠤ᠋ ᠡᠮ ᠬᠠᠷᠠᠬᠠᠨ ᠪᠠᠢᠬᠤ ᠥᠬᠡᠶ ᠪᠠᠢᠭ᠍ᠰᠠᠭᠠᠷ᠃ ᠡᠨᠡ ᠵᠢᠯ᠂ ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ ᠤ᠋ ᠪᠠᠲᠤᠯᠠᠭ᠎ᠠ ᠢ᠋ᠢᠨ ᠲᠣᠪᠴᠢᠶ᠎ᠠ᠎ᠵᠢᠨ ᠬᠢᠨ ᠣᠷᠣᠨ ᠬᠣᠲᠠ ᠬᠣᠶᠠᠷ ᠱᠠᠲᠤᠨ᠎ᠤ ᠡᠮᠴᠢᠯᠡᠭᠡᠨ ᠤ᠋ ᠪᠠᠳᠤᠯᠠᠭ᠎ᠠ᠎ᠵᠢᠨ ᠰᠠᠯᠠᠭ᠎ᠠ ᠮᠥᠴᠢᠷ ᠢ᠋ ᠵᠣᠬᠢᠶᠠᠨ ᠪᠠᠢᠭᠤᠯᠵᠤ ᠪᠠᠢᠭᠠᠳ ᠡᠮᠴᠢᠯᠡᠭᠡᠨ ᠤ᠋ ᠲᠤᠰᠠ᠎ᠨᠢ ᠣᠨᠣᠪᠴᠢᠲᠠᠶ᠂ ᠡᠮᠴᠢᠯᠡᠭᠡᠨ᠎ᠳᠦ ᠵᠠᠪᠠᠯ ᠱᠠᠭᠠᠷᠳᠠᠭ᠍ᠳᠠᠬᠤ᠂ ᠭᠥᠯᠢᠶᠡᠨ ᠠᠪᠤᠭ᠍ᠴᠢᠳ᠎ᠨᠢ ᠥᠷᠭᠡᠨ ᠳᠡᠯᠭᠡᠷ᠂ ᠨᠡᠢᠳᠡᠮ ᠬᠡᠷᠡᠭ᠌ᠯᠡᠭᠡᠨ ᠤ᠋ ᠴᠢᠨᠠᠷ ᠢ᠋ᠢᠡᠷ ᠴᠢᠩᠭ᠎ᠠ 5 ᠵᠦᠶ᠋ᠯ ᠤ᠋ᠨ ᠴᠢᠨᠠᠷ ᠰᠠᠢᠲᠠᠶ ᠦᠨᠳᠦᠰᠦᠲᠡᠨ ᠤ᠋ ᠡᠮ ᠢ᠋ ᠣᠨᠣᠪᠴᠢᠲᠠᠶ ᠰᠢᠯᠢᠨ ᠰᠣᠩᠭᠣᠵᠤ᠂ ᠤᠯᠤᠰ ᠤ᠋ᠨ ᠡᠮᠴᠢᠯᠡᠭᠡᠨ ᠤ᠋ ᠪᠠᠳᠤᠯᠠᠭ᠎ᠠ ᠎ᠵᠢᠨ ᠲᠣᠪᠴᠢᠶ᠎ᠠ ᠳ᠋ᠤ᠌ ᠳᠠᠬᠢᠨᠲᠠ ᠬᠦᠷᠴᠦ᠍ ᠲᠤᠰᠭᠠᠶ ᠲᠠᠨᠢᠯᠴᠠᠭᠤᠯᠭ᠎ᠠ ᠬᠢᠵᠦ᠍᠂ ᠦᠨᠳᠦᠰᠦᠲᠡᠨ ᠤ᠋ ᠡᠮ ᠤ᠋ᠨ ᠣᠨᠣᠱᠢᠯᠠᠨ ᠡᠮᠨᠡᠬᠦ᠌ ᠣᠨᠴᠠᠯᠢᠭ ᠪᠠ ᠡᠮᠴᠢᠯᠡᠭᠡᠨ ᠤ᠋ ᠦᠨ᠎ᠡ ᠥᠷᠲᠡᠭ ᠢ᠋ ᠦᠷᠭᠦᠯᠵᠢᠯᠡᠨ ᠳᠠᠮᠵᠢᠭᠤᠯᠵᠤ᠂ ᠡᠮ ᠡᠮᠨᠡᠯᠬᠡ ᠢ᠋ᠢᠨ ᠲᠠᠭᠠᠳᠬᠠᠯ ᠳ᠋ᠤ᠌ ᠣᠷᠣᠭᠤᠯᠬᠤ ᠵᠦᠶ᠋ᠯᠡᠰ ᠢ᠋ ᠠᠬᠢᠭᠤᠯᠪᠠ᠃

ᠬᠠᠷᠠᠯᠲᠠ ᠪᠡᠨ ᠲᠣᠭ᠍ᠲᠠᠭᠠᠵᠤ ᠤᠷᠳᠤ ᠬᠤᠭᠤᠴᠠᠭ᠎ᠠ ᠪᠡᠷ ᠪᠣᠭᠣᠮᠲᠠ ᠰᠢᠪᠳᠤᠯᠬᠤ ᠪᠡᠷ ᠬᠦᠴᠦᠯᠡᠨ ᠴᠢᠷᠮᠠᠢᠨ᠎ᠡ᠃ 《ᠥᠪᠡᠷᠲᠡᠭᠡᠨ ᠵᠠᠰᠠᠬᠤ ᠣᠷᠣᠨ᠎ᠤ ᠡᠮᠴᠢᠯᠡᠬᠡᠨ ᠤ᠋ ᠪᠠᠲᠤᠯᠠᠭ᠎ᠠ ᠢ᠋ᠢᠨ ᠲᠣᠪᠴᠢᠶ᠎ᠠ᠎ᠵᠢᠨ ᠬᠢᠨ ᠦᠷᠭᠦᠯᠵᠢᠯᠡᠨ ᠥᠪᠥᠷ ᠮᠣᠩᠭᠣᠯ ᠤ᠋ᠨ ᠴᠢᠯᠥᠭᠡᠲᠦ ᠠᠷᠠᠯᠵᠢᠶᠠᠨ᠎ᠤ ᠲᠤᠷᠱᠢᠯᠲᠠ ᠢ᠋ᠢᠨ ᠣᠷᠣᠨ᠎ᠤ ᠪᠥᠲᠥᠭᠡᠨ ᠪᠠᠢᠭᠤᠯᠤᠯᠲᠠ ᠪᠡᠷ ᠬᠥᠲᠥᠯᠦᠮᠵᠢ ᠪᠣᠯᠭᠠᠵᠤ᠂ 《ᠳᠤᠮᠳᠠᠳᠤ ᠤᠯᠤᠰ (ᠥᠪᠥᠷ ᠮᠣᠩᠭᠣᠯ)᠎ᠤ᠋ᠨ ᠴᠢᠯᠥᠭᠡᠲᠦ ᠠᠷᠠᠯᠵᠢᠶᠠᠨ᠎ᠤ ᠲᠤᠷᠱᠢᠯᠲᠠ ᠢ᠋ᠢᠨ ᠣᠷᠣᠨ᠎ᠤ ᠶᠡᠷᠦᠩᠬᠡᠶ ᠲᠥᠰᠦᠯ》᠎ᠤ᠋ᠨ ᠥᠭᠡᠷᠡᠴᠢᠯᠡᠯᠲᠡ ᠢ᠋ᠢᠨ ᠪᠠᠢᠷᠢᠯᠠᠭᠤᠯᠤᠯᠲᠠ᠂ ᠦᠨᠳᠦᠰᠦᠲᠡᠨ ᠤ᠋ ᠡᠮ ᠡᠮᠨᠡᠯᠭᠡ᠎ᠶ᠋ᠢ ᠤᠯᠠᠮᠵᠢᠯᠠᠨ ᠵᠠᠯᠭᠠᠮᠵᠢᠯᠠᠵᠤ ᠱᠢᠨ᠎ᠡ᠎ᠶ᠋ᠢ ᠡᠭᠦᠳᠬᠦ᠌᠂ ᠡᠮ ᠡᠮᠨᠡᠯᠭᠡ ᠢ᠋ᠢᠨ ᠳᠠᠭᠠᠳᠭᠠᠯ ᠢ᠋ᠢᠠᠷ ᠠᠷᠠᠳ᠎ᠲᠤ ᠠᠱᠢᠭ ᠬᠦᠷᠲᠡᠭᠡᠬᠦ᠌ ᠶᠠᠰᠤ ᠴᠢᠨᠠᠷ ᠢ᠋ ᠳᠡᠭᠡᠭ᠌ᠰᠢᠯᠡᠭᠦᠯᠦᠨ ᠦᠷ᠎ᠡ ᠠᠱᠢᠭ ᠢ᠋ ᠨᠡᠮᠡᠭ᠌ᠳᠡᠭᠦᠯᠬᠦ᠌ ᠬᠠᠷᠠᠯᠲᠠ᠎ᠲᠠᠶ ᠨᠢᠭ᠍ᠲᠠ ᠤᠶᠠᠯᠳᠤᠭᠤᠯᠤᠨ᠂ ᠦᠨᠳᠦᠰᠦᠲᠡᠨ ᠤ᠋ ᠡᠮ ᠢ᠋ ᠡᠮ ᠡᠮᠨᠡᠯᠭᠡ ᠢ᠋ᠢᠨ ᠳᠠᠭᠠᠳᠭᠠᠯ ᠳ᠋ᠤ᠌ ᠤᠷᠤᠭᠤᠯᠬᠤ ᠢ᠋ᠢ ᠵᠥᠪᠱᠢᠶᠡᠷᠡᠬᠦ᠌ ᠲᠦᠭ᠌ᠵᠢᠷᠡᠯ ᠴᠡᠭ᠂ ᠬᠦᠴᠢᠷᠳᠡᠯ ᠴᠡᠭ᠂ ᠡᠪᠡᠷᠱᠢᠶᠡᠯ ᠴᠡᠭ ᠲᠦ᠍ ᠠᠩᠬᠠᠷᠤᠯ ᠢ᠋ᠢᠡᠨ ᠲᠥᠪᠯᠡᠷᠡᠭᠦᠯᠵᠦ᠍᠂ ᠮᠤᠵᠢ ᠠᠯᠤᠰᠯᠠᠨ ᠣᠷᠣᠭᠤᠯᠬᠤ᠎ᠶ᠋ᠢ ᠵᠥᠪᠱᠢᠶᠡᠷᠡᠬᠦ᠌ ᠠᠷᠭ᠎ᠠ ᠵᠠᠮ ᠤ᠋ᠨ ᠲᠠᠯ᠎ᠠ ᠪᠡᠷ ᠰᠠᠨᠠᠭᠠᠴᠢᠯᠠᠭ᠎ᠠ ᠡᠴᠡ ᠪᠡᠨ ᠱᠢᠨ᠎ᠡ᠎ᠶ᠋ᠢ ᠡᠭᠦᠳᠦᠭ᠌ᠰᠡᠨ ᠰᠠᠭᠤᠷᠢᠨ ᠳᠡᠭᠡᠷ᠎ᠡ᠂ ᠵᠠᠰᠠᠭ ᠤ᠋ᠨ ᠤᠷᠳᠤᠨ ᠠᠵᠤ ᠠᠬᠤᠢᠯᠠᠯ ᠤ᠋ᠨ ᠨᠡᠪᠲᠡᠷᠡᠯᠴᠡᠬᠦ᠌ ᠪᠠᠢᠩᠭᠤᠵᠢᠭ᠍ᠰᠠᠨ ᠲᠠᠪᠴᠠᠩ ᠢ᠋ ᠪᠠᠢᠭᠤᠯᠵᠤ᠂ ᠦᠨᠳᠦᠰᠦᠲᠡᠨ ᠤ᠋ ᠡᠮ ᠤ᠋ᠨ ᠬᠥᠭ᠌ᠵᠢᠯᠲᠡ ᠢ᠋ᠢᠨ ᠣᠳᠣᠬᠢ ᠪᠠᠢᠳᠠᠯ ᠢ᠋ ᠱᠢᠨᠵᠢᠯᠡᠬᠦ᠌ ᠤᠬᠠᠭᠠᠨᠴᠢ ᠪᠡᠷ ᠵᠠᠳᠠᠯᠵᠤ᠂ ᠵᠦᠶ ᠵᠣᠬᠢᠰᠲᠠᠶ ᠰᠠᠨᠠᠭᠤᠯᠭ᠎ᠠ ᠳᠤᠷᠠᠳᠴᠤ᠌᠂ ᠦᠨᠳᠦᠰᠦᠲᠡᠨ ᠤ᠋ ᠡᠮ ᠤ᠋ᠨ ᠠᠵᠤ ᠤᠢᠯᠡᠰ ᠤ᠋ᠨ ᠬᠦᠭᠵᠢᠯᠳᠡ ᠪᠤᠯᠤᠨ ᠤᠯᠤᠰ ᠤ᠋ᠨ ᠡᠮ ᠡᠮᠨᠡᠯᠭᠡ ᠢ᠋ᠢᠨ ᠲᠠᠭᠠᠳᠬᠠᠯ ᠤ᠋ᠨ ᠲᠦᠷᠦ ᠢ᠋ᠢᠨ ᠪᠤᠳᠤᠯᠭ᠎ᠠ ᠢ᠋ᠢᠨ ᠤᠨᠤᠪᠴᠢᠳᠡᠢ ᠲᠤᠬᠢᠷᠠᠭᠤᠯᠤᠯᠳᠡ ᠢ᠋ᠢ ᠠᠬᠢᠭᠤᠯᠤᠨ᠎ᠡ》 ᠭᠡᠵᠦ᠍ ᠴᠠᠩ ᠴᠢᠩ ᠶᠠᠷᠢᠵᠤ ᠪᠠᠢᠯ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号