ᠤᠯᠠᠭᠠᠨᠴᠠᠪ ᠬᠤᠲᠠ ᠵᠢᠨ 2026 ᠤᠨ ᠤ᠋ 《ᠠᠶᠤᠯᠭᠦᠢ ᠤᠢᠯᠡᠳᠪᠤᠷᠢᠯᠠᠯ ᠤ᠋ᠨ ᠰᠠᠷ᠎ᠠ》 ᠵᠢᠨ ᠠᠵᠢᠯᠯᠠᠭ᠎ᠠ ᠡᠭᠢᠯᠡᠪᠡ
2026-06-11 17:07:44
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

  ᠡᠨᠡ ᠵᠢᠯ ᠤ᠋ᠨ 6 ᠰᠠᠷ᠎ᠠ ᠪᠤᠯ ᠬᠤᠷᠢᠨ ᠲᠠᠪᠤᠳᠡᠬᠢ ᠪᠦᠬᠦ ᠤᠯᠤᠰ ᠤ᠋ᠨ 《ᠠᠶᠤᠯᠭᠦᠢ ᠤᠢᠯᠡᠳᠪᠤᠷᠢᠯᠠᠯ ᠤ᠋ᠨ ᠰᠠᠷ᠎ᠠ》 ᠪᠤᠯᠤᠨ᠎ᠠ᠃ 6 ᠰᠠᠷ᠎ᠠ ᠵᠢᠨ 1 ᠤ᠋ ᠡᠳᠤᠷ᠂ ᠤᠯᠠᠭᠠᠨᠴᠠᠪ ᠬᠤᠲᠠ ᠵᠢᠨ 2026 ᠤᠨ ᠤ᠋︽ᠠᠶᠤᠯᠭᠦᠢ ᠤᠢᠯᠡᠳᠪᠤᠷᠢᠯᠠᠯ ᠤ᠋ᠨ ᠰᠠᠷ᠎ᠠ︾ᠵᠢᠨ ᠠᠵᠢᠯᠯᠠᠭ᠎ᠠ ᠵᠢᠨ ᠡᠬᠢᠯᠡᠯᠲᠠ ᠵᠢᠨ ᠶᠤᠰᠤᠯᠠᠯ ᠹᠸᠡᠭᠵᠸᠨ ᠬᠤᠲᠠ ᠵᠢᠨ ᠠᠷᠠᠳ ᠤ᠋ᠨ  ᠴᠡᠴᠡᠷᠯᠢᠭ ᠲᠤ᠌ ᠶᠠᠪᠤᠭᠳᠠᠪᠠ᠃

ᠠᠵᠢᠯᠯᠠᠭ᠎ᠠ  ᠳᠡᠭᠡᠷ᠎ᠡ ᠤᠯᠠᠭᠠᠨ ᠵᠠᠭᠠᠯᠮᠠᠢᠲᠡᠨ  ᠤ᠋ ᠨᠡᠢᠭᠡᠮᠯᠢᠭ ᠤ᠋ᠨ ᠠᠵᠢᠯᠲᠡᠳ ᠡᠴᠡ ᠡᠳᠤᠷ ᠲᠤᠳᠤᠮ ᠤ᠋ᠨ ᠤᠢᠯᠡᠳᠪᠤᠷᠢᠯᠡᠯ ᠠᠮᠢᠳᠤᠷᠠᠯ ᠳ᠋ᠡᠬᠢ ᠵᠢᠷᠤᠬᠡᠨ ᠴᠤᠬᠢᠯᠲᠡ ᠬᠡᠨᠡᠳᠲᠡ ᠵᠤᠭᠰᠤᠭᠰᠠᠨ ᠪᠠᠴᠢᠮ ᠪᠠᠢᠳᠠᠯ ᠳ᠋ᠤ ᠬᠠᠨᠳᠤᠭᠤᠯᠤᠨ᠂ ᠴᠡᠭᠡᠵᠢᠨ ᠭᠠᠳᠠᠨ᠎ᠠ ᠡᠴᠡ ᠨᠢ ᠲᠠᠷᠤᠬᠤ᠂ ᠬᠦᠮᠦᠨ ᠤ᠋ ᠬᠦᠴᠦ ᠪᠡᠷ ᠠᠮᠢᠰᠬᠤᠭᠤᠯᠬᠤ᠂ AED ᠲᠦᠭᠦᠭᠡᠷᠤᠮᠵᠢ ᠬᠡᠷᠡᠭᠯᠡᠬᠦ ᠵᠡᠷᠭᠡ ᠳ᠋ᠤ  ᠲᠠᠢᠯᠤᠮᠵᠢ ᠬᠢᠪᠡ᠃

ᠭᠠᠯ ᠰᠡᠷᠭᠡᠢᠯᠡᠵᠤ ᠭᠠᠯ ᠤᠨᠳᠠᠷᠠᠭᠠᠬᠤ ᠠᠪᠤᠷᠠᠨ ᠲᠤᠰᠠᠯᠠᠬᠤ ᠦᠵᠡᠭᠦᠯᠭᠡ ᠵᠢᠨ ᠲᠤᠭᠤᠷᠢᠭ ᠲᠤ᠌ ᠭᠠᠯ ᠰᠡᠷᠭᠡᠢᠯᠡᠵᠤ ᠭᠠᠯ ᠤᠨᠳᠠᠷᠠᠭᠠᠬᠤ ᠠᠪᠤᠷᠠᠨ ᠲᠤᠰᠠᠯᠠᠬᠤ ᠶᠡᠬᠡ ᠠᠡᠭᠬᠢ ᠵᠢᠨ ᠠᠵᠢᠯᠲᠡᠳ ᠡᠯ᠎ᠠ ᠲᠦᠷᠦᠯ ᠤ᠋ᠨ ᠲᠤᠨᠤᠭ ᠲᠦᠭᠦᠭᠡᠷᠤᠮᠵᠢ ᠵᠢ ᠶᠠᠮᠠᠷ ᠪᠠᠢᠳᠠᠯ ᠳ᠋ᠤ ᠬᠡᠷᠬᠢᠨ ᠬᠡᠷᠡᠭᠯᠡᠬᠦ ᠵᠢ ᠤᠯᠠᠨ ᠲᠦᠮᠡᠨ ᠳ᠋ᠤ ᠤᠢᠯᠠᠭᠠᠮᠵᠢᠲᠠᠢ  ᠲᠠᠢᠯᠪᠤᠷᠢᠯᠠᠵᠤ  ᠦᠭᠪᠡ᠃

︽ᠪᠢᠳᠡ︿ᠬᠦᠮᠦᠨ  ᠪᠦᠬᠦᠨ ᠠᠮᠤᠷ ᠲᠦᠪᠰᠢᠨ ᠢ᠋ ᠡᠷᠬᠢᠮᠯᠡᠵᠤ᠂ ᠬᠦᠮᠦᠨ ᠪᠦᠬᠦᠨ ᠪᠠᠴᠢᠮ  ᠪᠠᠢᠳᠠᠯ  ᠢ᠋ ᠠᠷᠭᠠᠴᠠᠭᠠᠵᠤ ᠴᠢᠳᠠᠬᠤ ︱ ᠠᠶᠤᠯ ᠲᠦᠭᠰᠢᠭᠦᠷᠢ᠂ ᠬᠡᠮ  ᠰᠤᠭᠤᠭ ᠢ᠋ ᠵᠢᠭᠰᠠᠭᠠᠨ ᠪᠠᠢᠴᠠᠭᠠᠵᠤ ᠴᠡᠭᠴᠡᠯᠡᠨ ᠵᠠᠰᠠᠬᠤ﹀ ᠡᠨᠡ ᠬᠦ᠌ ᠭᠤᠤᠯ ᠰᠡᠳᠤᠪ ᠤ᠋ᠨ ᠲᠤᠭᠤᠷᠢᠨ ᠳ᠋ᠤ᠂ ᠬᠠᠮᠤᠭ  ᠤ᠋ᠨ ᠪᠠᠴᠢᠮ  ᠠᠪᠤᠷᠠᠯᠲᠠ ᠪᠠ ᠪᠠᠴᠢᠮ ᠪᠠᠢᠳᠠᠯ  ᠢ᠋ ᠠᠷᠭᠠᠴᠠᠭᠠᠬᠤ  ᠤᠷ᠎ᠠ  ᠴᠢᠳᠠᠪᠤᠷᠢ ᠳ᠋ᠤ ᠠᠡᠭᠬᠠᠷᠤᠯ ᠵᠢᠡᠨ ᠲᠦᠪᠯᠡᠷᠡᠭᠦᠯᠵᠤ᠂ ᠠᠬᠤᠢ ᠲᠠᠯᠠᠪᠠᠢ ᠳ᠋ᠤ ᠲᠤᠭᠤᠷᠢᠨ ᠦᠵᠡᠭᠦ ᠮᠠᠶᠢᠭ ᠵᠢᠡᠷ ᠲᠠᠮᠵᠢᠨ᠂ ᠤᠯᠠᠨ ᠲᠦᠮᠡᠨ ᠤ᠋ ᠠᠮᠤᠷ ᠲᠦᠪᠰᠢᠨ ᠤ᠋ ᠬᠡᠮ ᠰᠤᠭᠤᠭ ᠢ᠋ ᠢᠯᠭᠠᠨ ᠲᠠᠨᠢᠬᠤ ᠪᠠ ᠰᠢᠢᠳᠪᠤᠷᠢᠯᠡᠬᠦ ᠴᠢᠳᠠᠪᠤᠷᠢ ᠵᠢ ᠤᠯᠠᠮ ᠨᠢᠭᠡ ᠠᠯᠬᠤᠮ ᠲᠡᠭᠡᠭᠰᠢᠯᠡᠭᠦᠯᠬᠦ ᠵᠢ ᠵᠤᠷᠢᠭᠰᠠᠨ ᠪᠠᠢᠨ᠎ᠠ︾ ᠬᠡᠵᠤ ᠤᠯᠠᠭᠠᠨᠴᠠᠪ ᠬᠤᠲᠠ ᠵᠢᠨ ᠪᠠᠴᠢᠮ ᠪᠠᠢᠳᠠᠯ ᠢ᠋ ᠠᠷᠭᠠᠴᠠᠭᠠᠬᠤ  ᠬᠠᠮᠢᠶᠠᠷᠤᠯᠲᠠ ᠵᠢᠨ ᠲᠤᠪᠴᠢᠶ᠎ᠠ ᠵᠢᠨ ᠤᠬᠠᠭᠤᠯᠭ᠎ᠠ ᠬᠦᠮᠦᠵᠢᠯ ᠤ᠋ᠨ ᠰᠠᠯᠠᠭᠠᠨ ᠤ᠋ ᠲᠠᠷᠤᠭ᠎ᠠ  ᠵᠸᠡᠭ  ᠵᠢᠶᠦ᠋ᠨ ᠲᠠᠨᠢᠯᠴᠠᠭᠤᠯᠪᠠ᠃

ᠠᠵᠢᠯᠯᠠᠭ᠎ᠠ ᠳᠡᠭᠡᠷ᠎ᠡ ᠪᠠᠰᠠ ᠠᠶᠤᠯᠬᠦᠢ ᠤᠢᠯᠡᠳᠪᠤᠷᠢᠯᠡᠯ ᠤ᠋ᠨ ᠤᠬᠠᠭᠤᠯᠭ᠎ᠠ ᠵᠢᠨ ᠰᠠᠮᠪᠠᠷ᠎ᠠ ᠭᠠᠷᠭᠠᠨ᠂ ᠠᠵᠢᠯᠲᠡᠳ ᠤᠯᠠᠨ ᠲᠦᠮᠡᠨ ᠳ᠋ᠤ ᠤᠬᠠᠭᠤᠯᠭ᠎ᠠ ᠵᠢᠨ ᠮᠠᠲᠸᠷᠢᠶᠠᠯ ᠪᠠ ᠲᠤᠷᠠᠰᠬᠠᠯ ᠤ᠋ᠨ ᠡᠳ᠋ ᠲᠠᠷᠬᠠᠭᠠᠵᠤ᠂ ᠠᠮᠤᠷ ᠲᠦᠪᠰᠢᠨ ᠤ᠋ ᠬᠠᠤᠯᠢ ᠴᠠᠭᠠᠵᠠ ᠬᠠᠤᠯᠢ ᠲᠤᠭᠳᠠᠭᠠᠯ ᠵᠢᠴᠢ ᠪᠠᠴᠢᠮ ᠪᠠᠢᠳᠠᠯ ᠢ᠋ ᠠᠷᠭᠠᠴᠠᠭᠠᠬᠤ ᠶᠡᠷᠤ ᠵᠢᠨ ᠮᠡᠳᠡᠯᠭᠡ ᠵᠢ ᠤᠬᠠᠭᠤᠯᠤᠨ  ᠲᠦᠭᠡᠮᠡᠯᠵᠢᠭᠦᠯᠪᠡ᠃

ᠵᠸᠡᠭ ᠵᠢᠶᠦ᠋ᠨ ᠪᠠᠰᠠ᠄︽〈ᠠᠶᠤᠯᠭᠦᠢ ᠤᠢᠯᠡᠳᠪᠤᠷᠢᠯᠠᠯ ᠤ᠋ᠨ ᠰᠠᠷ᠎ᠠ〉 ᠵᠢᠨ ᠠᠵᠢᠯᠯᠠᠭ᠎ᠠ ᠵᠢᠨ ᠬᠤᠭᠤᠴᠠᠭᠠᠨ ᠳ᠋ᠤ᠂ ᠬᠤᠲᠠ ᠵᠢᠨ ᠠᠶᠤᠯᠭᠦᠢ  ᠤᠢᠯᠡᠳᠪᠤᠷᠢᠯᠡᠯ ᠤ᠋ᠨ ᠵᠦᠪᠯᠠᠯ ᠤ᠋ᠨ ᠠᠯᠪᠠᠨ ᠭᠡᠷ᠂ ᠬᠤᠲᠠ ᠵᠢᠨ ᠪᠠᠴᠢᠮ ᠪᠠᠢᠳᠠᠯ ᠢ᠋ ᠠᠷᠭᠠᠴᠠᠭᠠᠬᠤ ᠬᠠᠮᠢᠶᠠᠷᠤᠯᠲᠠ ᠵᠢᠨ ᠲᠤᠪᠴᠢᠶ᠎ᠠ ᠡᠴᠡ 〈6·16 ᠤ᠋ ᠠᠮᠤᠷ  ᠲᠦᠪᠰᠢᠨ ᠤ᠋ ᠤᠬᠠᠭᠤᠯᠭ᠎ᠠ ᠯᠠᠪᠯᠠᠭ᠎ᠠ ᠦᠭᠬᠦ ᠡᠳᠤᠷ〉 ᠤ᠋ᠨ ᠠᠵᠢᠯᠯᠠᠭ᠎ᠠ᠂ 〈ᠠᠨ ᠺᠠᠡᠭ ᠬᠤᠨᠳᠠᠭᠠᠲᠤ〉 ᠠᠶᠤᠯᠬᠦᠢ ᠤᠢᠯᠡᠳᠪᠤᠷᠢᠯᠡᠯ ᠤ᠋ᠨ ᠮᠡᠳᠡᠯᠭᠡ ᠵᠢᠨ ᠤᠷᠤᠯᠳᠤᠭᠠᠨ ᠢ᠋ ᠡᠷᠬᠢᠯᠡᠵᠤ᠂ ᠠᠮᠤᠷ ᠲᠦᠪᠰᠢᠨ ᠤ᠋ ᠤᠬᠠᠭᠤᠯᠭ᠎ᠠ ᠵᠢᠨ ᠠᠵᠢᠯ  ᠢ᠋ ᠦᠷᠭᠦᠯᠵᠢᠯᠡᠨ ᠠᠬᠢᠭᠤᠯᠵᠤ᠂ ᠤᠯᠠᠨ ᠲᠦᠮᠡᠨ ᠳ᠋ᠤ ᠦᠷᠭᠦᠯᠵᠢ ᠲᠤᠬᠢᠶᠠᠯᠳᠤᠳᠠᠭ 〈ᠠᠮᠤᠷ ᠲᠦᠪᠰᠢᠨ ᠢ᠋ ᠮᠡᠳᠡᠵᠤ  ᠪᠠᠢᠭᠠᠳ ᠪᠠᠴᠢᠮ  ᠪᠠᠢᠳᠠᠯ ᠢ᠋ ᠠᠷᠭᠠᠴᠠᠭᠠᠵᠤ  ᠴᠢᠳᠠᠬᠤ ᠦᠭᠡᠢ᠂ ᠲᠦᠭᠰᠢᠭᠦᠷᠢ ᠵᠢ ᠮᠡᠳᠡᠵᠤ ᠪᠠᠢᠭᠠᠳ ᠰᠢᠢᠳᠪᠤᠷᠢᠯᠡᠵᠤ ᠴᠢᠳᠠᠬᠤ ᠦᠭᠡᠢ〉 ᠪᠠᠢᠳᠠᠯ ᠢ᠋  ᠬᠦᠴᠦᠯᠠᠨ ᠰᠢᠢᠳᠪᠤᠷᠢᠯᠡᠨ᠎ᠠ》 ᠬᠡᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号