《ᠰᠠᠷᠬᠤᠳ ᠭᠡᠵᠦ᠍ ᠰᠠᠪᠠᠨᠡᠴᠠᠪᠠᠨ ᠪᠤᠰᠤᠳᠢ ᠪᠦᠷ ᠲᠡᠶ᠋ᠢᠯᠥᠨᠡ》 ᠭᠡᠳᠡᠭᠢᠶᠡᠷ ᠠᠷᠢᠬᠢᠨ ᠡᠴᠠ ᠪᠤᠯᠵᠤ ᠠᠯᠪᠢᠨ ᠴᠢᠳᠬᠦᠷ ᠪᠤᠯᠤᠭᠰᠠᠨ ᠵᠢᠱ᠌ᠢᠶᠡ ᠵᠥᠩᠳᠡᠭᠡᠨ ᠪᠣᠢ᠃ ᠲᠡᠭᠦᠨᠦ ᠳᠤᠳᠤᠷᠡᠬᠢ ᠨᠢᠭᠡᠨ ᠨᠢᠳᠦᠨᠦ ᠬᠤᠭ ᠰᠤᠭᠲᠤᠭᠤᠶᠢᠨ ᠵᠠᠭᠤᠨ ᠥᠯᠢᠭᠡᠷᠦᠨ ᠨᠢᠭᠡᠨ 《ᠪᠠᠭᠠᠲᠤᠷ》 ᠢ᠋ ᠠᠶᠤᠮᠰᠢᠭ ᠥᠭᠡᠢ ᠲᠡᠮᠳᠡᠭᠯᠡᠯᠡ᠃ ᠥᠵᠡᠬᠦ᠌ ᠨᠢᠳᠦᠨᠦ ᠲᠠᠮᠲᠤᠭ ᠪᠤᠯᠤᠭᠰᠠᠨ ᠠᠷᠢᠬᠢᠴᠢᠨ ᠲᠡᠭᠦᠨᠡᠴᠡ ᠥᠬᠦᠯ ᠬᠦᠷᠲᠡᠯᠡ ᠲᠤᠭᠤᠷᠢᠨ ᠶᠠᠪᠤᠵᠤ ᠡᠯᠢᠭᠡ ᠠᠭᠤᠰᠬᠢ ᠨᠢ ᠠᠮᠠᠪᠠᠷ ᠭᠠᠷᠤᠮᠠᠷ ᠠᠶ᠋ᠢᠬᠤᠪᠲᠤᠷ ᠵᠤᠪᠠᠵᠤ ᠪᠠᠶ᠋ᠢᠨᠠ ᠬᠡᠮᠡᠨ ᠦᠷ ᠰᠦᠨᠢᠶᠢᠨ ᠡᠮᠵᠡᠭᠭᠡᠨ ᠵᠠᠢ ᠳ᠋ᠦ᠍ ᠠᠮᠢ ᠠᠪᠤᠷᠠ᠂ ᠡᠵᠡᠨ ᠮᠢᠨᠢ ᠡ! ᠬᠡᠮᠡᠨ ᠤᠬᠢᠯᠠᠵᠤ ᠪᠠᠶ᠋ᠢᠨᠠ᠂ ᠲᠡᠷᠲᠡᠭᠡ ᠲᠡᠭᠦᠷᠭᠡᠶᠢᠨ ᠴᠠᠭᠠᠨᠠ ᠁
ᠡᠯᠢᠭᠡᠨᠦ ᠬᠠᠲᠠᠭᠤᠷᠠᠯ ᠵᠢᠷᠦᠬᠡᠨᠦ ᠵᠠᠩᠭᠢᠷᠠᠯᠢᠶᠠᠷ ᠡᠷᠯᠢᠭ ᠨᠤᠮᠤᠨ ᠬᠠᠨ ᠲᠠᠭᠤᠲᠠᠪᠠᠤ? ᠬᠡᠮᠡᠨ ᠡᠩᠭᠡᠷᠢᠶᠡᠨ ᠲᠡᠪᠲᠥᠲᠡᠯᠡ ᠤᠰᠤᠪᠠᠷ ᠪᠢᠰᠢ ᠴᠢᠰᠤᠪᠠᠷ ᠤᠬᠢᠯᠠᠵᠤ ᠪᠠᠶ᠋ᠢᠯᠠ ᠲᠡᠷᠡ᠃ ᠡᠷᠡ ᠨᠦᠬᠦᠷ ᠮᠢᠨᠢ᠂ ᠡᠵᠡᠨ ᠵᠠᠶᠠᠭᠠ ᠮᠢᠨᠢ ᠬᠡᠮᠡᠨ ᠡᠰᠡᠷᠸᠠ ᠲᠩᠷᠢ ᠳ᠋ᠡᠭᠡᠨ ᠲᠠᠭᠠᠳᠬᠠᠵᠤ ᠪᠠᠶ᠋ᠢᠯᠠ᠂ ᠤᠷᠭᠤᠬᠤ ᠤᠯᠠᠭᠠᠨ ᠨᠠᠷᠠᠨ ᠠᠭᠤᠯᠠᠶᠢᠨ ᠴᠠᠭᠠᠨᠠᠡᠴᠠ ᠴᠤᠬᠤᠶ᠋ᠢᠬᠤ ᠳ᠋ᠦ᠍ ᠰᠤᠭᠲᠤᠭᠤ ᠨᠢᠭᠡᠨ ᠬᠦᠮᠥᠨᠦ 《ᠰᠤᠯᠢᠶᠠᠲᠠᠢ》 ᠲᠡᠮᠳᠡᠭᠯᠡᠯ ᠡᠬᠢᠯᠡᠨ ᠪᠢᠴᠢᠭᠳᠡᠨᠡ᠃
ᠨᠡᠬᠡᠷᠡᠨ 《ᠬᠠᠷᠠ ᠤᠰᠤ》 ᠬᠡᠷᠡᠭ ᠥᠭᠡᠢ ᠭᠡᠳᠡᠭ ᠵ· ᠴᠢᠩᠪᠠᠭᠠᠳᠤᠷᠤᠨ ᠨᠢᠭᠡᠨ ᠰᠠᠶ᠋ᠢᠬᠠᠨ ᠵᠤᠬᠢᠶᠠᠯ ᠡᠷᠬᠡ ᠦᠭᠡᠢ ᠰᠠᠨᠠᠭᠲᠠᠵᠤ᠂ ᠠᠷᠢᠬᠢ ᠬᠡᠵᠦ᠍ ᠠᠰᠢᠭ ᠲᠦ᠍ ᠰᠢᠨᠤᠭᠰᠠᠨ ᠶᠠᠯᠠᠲᠤ᠌ ᠶᠠᠷᠭᠠᠴᠢᠨᠤ ᠰᠫᠢᠷᠲ ᠲᠦ᠍ ᠬᠤᠯᠢᠭᠰᠠᠨ ᠤᠰᠤ᠂ ᠠᠯᠠᠬᠤᠶᠢ ᠵᠤᠷᠢᠭᠰᠠᠨ ᠨᠢᠭᠦᠯᠲᠦ᠍ ᠶᠠᠷᠭᠠᠴᠢᠨᠤ ᠪᠤᠲᠤᠩ ᠳ᠋ᠦ᠍ ᠨᠡᠷᠡᠭᠰᠡᠨ ᠵᠠᠨᠤᠯ ᠶᠤᠮ᠃ ᠠᠷᠢᠬᠢ ᠪᠣᠯ ᠰᠤᠳᠠᠯ ᠳ᠋ᠦ᠍ ᠨᠤᠴᠤᠭᠰᠠᠨ ᠭᠠᠯᠵᠠᠭᠤ ᠮᠤᠩᠬᠠᠷᠠᠯ᠂ ᠲᠠᠷᠢᠬᠢᠶᠢ ᠰᠤᠷᠤᠭᠰᠠᠨ ᠰᠢᠮᠡᠭᠦᠷ ᠬᠤᠷᠤᠬᠠᠢ᠂ ᠴᠢᠰᠤ ᠪᠤᠵᠠᠷᠯᠠᠬᠤ ᠤᠳᠤᠮᠤᠨ ᠲᠥᠭᠰᠢᠭᠦᠷᠢ ᠮᠥᠨ᠃ ᠠᠷᠢᠬᠢ ᠭᠡᠵᠦ᠍ ᠨᠡᠷᠡ ᠬᠤᠭᠤᠯᠬᠤ ᠢᠷᠡᠭᠡᠳᠦᠢᠶᠢᠨ ᠠᠶᠤᠯ ᠮᠥᠨ᠂ ᠰᠢᠯᠦᠨ ᠯᠤᠩᠬᠤᠨ ᠲᠤᠲᠤᠷᠠ ᠨᠢᠭᠤᠭᠲᠠᠭᠰᠠᠨ ᠰᠢᠮᠨᠤᠰᠤᠨ ᠥᠪ᠂ ᠪᠤᠯᠤᠷ ᠬᠤᠨᠲᠠᠭᠠᠨᠤ ᠢᠷᠤᠭᠠᠷ ᠲᠦ᠍ ᠲᠤᠨᠤᠭᠰᠠᠨ ᠴᠢᠳᠬᠦᠷᠦᠨ ᠰᠢᠯᠥᠰᠦ ᠶᠤᠮ᠃ ᠬᠠᠷᠠ ᠢᠷᠸᠠᠶᠢᠨ ᠡᠨᠡ ᠨᠤᠪᠰᠢᠶᠢ ᠪᠢᠲᠠ ᠬᠠᠲᠠᠨ ᠪᠠᠭᠠᠲᠤᠷ ᠲᠡᠭᠡᠳᠦᠰᠦᠨᠢᠶᠡᠨ ᠠᠯᠲᠠᠷᠢᠶᠠᠷ ᠨᠡᠷᠡᠯᠡᠭᠦᠯᠵᠦ᠍ ᠪᠤᠯᠬᠤ ᠦᠭᠡᠢ᠃ ᠬᠠᠨ ᠲᠠᠯᠡᠬᠡᠢᠶᠢ ᠠᠶᠤᠯᠭᠠᠵᠤ ᠪᠢᠰᠢᠷᠡᠭᠦᠯᠵᠦ᠍᠂ ᠲᠤᠲᠤᠮᠲᠠᠵᠤ ᠶᠠᠪᠤᠭᠰᠠᠨ ᠬᠠᠷᠢᠴᠠᠯᠠᠰᠢ ᠦᠭᠡᠢ ᠭᠠᠪᠢᠶᠠᠶᠢ ᠨᠢ ᠭᠤᠲᠤᠭᠠᠬᠤ ᠶᠤᠰᠤ ᠦᠭᠡᠢ᠃ ᠬᠡᠮᠨᠡᠭᠰᠡᠨ ᠠᠷᠢᠬᠢᠶᠢ ᠤᠤᠭᠤᠭᠰᠠᠨ ᠦᠭᠡᠢ ᠭᠡᠰᠡᠨ ᠭᠤᠮᠤᠲᠠᠯᠢ ᠵᠤᠪᠠᠭᠰᠠᠨ ᠴᠠᠭ ᠲᠦ᠍ᠨᠢ ᠲᠤᠰᠠᠯᠠᠬᠤ ᠠᠴᠢᠪᠠᠷ ᠠᠭᠤᠰᠬᠠᠵᠤ ᠪᠤᠯᠤᠨᠠ᠂ ᠲᠠᠭᠤᠲᠠᠭᠰᠠᠨ ᠠᠷᠢᠬᠢᠨ ᠳ᠋ᠦ᠍ ᠢᠷᠡᠭᠰᠡᠨ ᠦᠭᠡᠢ ᠭᠡᠳᠡᠭ ᠬᠤᠷᠤᠰᠤᠯᠢ ᠪᠦᠲᠦᠷᠢᠭᠰᠡᠨ ᠦᠶᠡᠳᠤ ᠡᠨᠡᠷᠢᠵᠤ ᠲᠦᠰᠢᠬᠦ᠌ ᠬᠠᠶ᠋ᠢᠷᠠᠪᠠᠷ ᠲᠠᠶ᠋ᠢᠯᠵᠤ ᠪᠤᠯᠤᠨᠠ᠃
《ᠡᠷᠭᠢᠵᠦ᠍ ᠬᠠᠷᠠᠪᠠᠯ ᠭᠠᠵᠠᠷᠴᠢ ᠡᠷᠬᠢᠭᠦᠯᠵᠦ᠍ ᠪᠤᠲᠤᠪᠠᠯ ᠤᠬᠠᠭᠠᠨ》 ᠭᠡᠳᠡᠭ ᠡᠵᠢᠶᠢᠨ ᠬᠢᠨᠢ ᠵᠠᠬᠢᠲᠠᠭ ᠤᠯᠠᠨ ᠤᠯᠠᠨ ᠰᠠᠶ᠋ᠢᠬᠠᠨ ᠵᠥᠢᠷ ᠰᠡᠴᠡᠨ ᠦᠭᠡ ᠠᠷᠠᠳᠤᠨ ᠲᠠᠭᠤᠤ ᠠᠮᠠᠨ ᠦᠯᠢᠭᠡᠷ ᠨᠢ ᠶᠤᠰᠤ ᠲᠠᠢ ᠠᠯᠲᠠᠨ ᠦᠭᠦᠯᠡᠮᠵᠢ᠂ ᠡᠷᠳᠡᠨᠢᠶᠢᠨ ᠰᠠᠩ᠂ ᠰᠤᠪᠠᠰᠢᠳᠢ ᠲᠢᠳᠢᠮ ᠦᠭᠡᠶᠢᠨ ᠴᠤᠮᠤᠷᠯᠢᠭ ᠠᠵᠤᠭᠤ᠃ ᠠᠶ᠋ᠢᠷᠠᠭ ᠴᠡᠭᠡᠪᠡᠨ ᠤᠤᠭᠤᠴᠢᠬᠠᠭᠠᠳ ᠰᠠᠨᠠᠭᠠ ᠨᠢ ᠰᠠᠷᠠᠭᠤᠯ ᠪᠡᠶᠡ ᠨᠢ ᠡᠷᠡᠭᠦᠯ ᠶᠠᠪᠤᠳᠠᠭ ᠪᠠᠶ᠋ᠢᠲᠠᠯᠠ ᠠᠷᠢᠬᠢ ᠦᠭᠡᠢ ᠪᠤᠯᠤᠭᠠᠳ ᠲᠤᠬᠢᠷᠠᠬᠤ ᠦᠭᠡᠢ ᠵᠥᠢᠯ ᠪᠢᠲᠠᠨ ᠳ᠋ᠦ᠍ ᠪᠠᠶ᠋ᠢᠬᠤ ᠦᠭᠡᠢ᠂ ᠠᠷᠢᠬᠢ ᠦᠭᠡᠢ ᠪᠤᠯᠤᠭᠠᠳ ᠬᠤᠤᠷᠲᠠᠭᠲᠠᠬᠤ ᠠᠶᠤᠯ ᠪᠢᠲᠠᠨ ᠳ᠋ᠦ᠍ ᠪᠠᠶ᠋ᠢᠬᠤ ᠦᠭᠡᠢ᠂ ᠠᠷᠢᠬᠢ ᠦᠭᠡᠢ ᠪᠤᠯᠪᠠᠯ ᠭᠤᠲᠤᠷᠠᠬᠤ ᠵᠦᠢᠯ ᠪᠢᠲᠠᠨ ᠳ᠋ᠦ᠍ ᠢᠷᠡᠬᠦ᠌ ᠦᠭᠡᠢ᠃
ᠬᠦᠮᠥᠰ ᠡ᠂ ᠠᠷᠢᠬᠢᠨᠡᠴᠠ ᠵᠠᠶ᠋ᠢᠲᠠᠭᠤᠬᠠᠨ ᠪᠠᠶ᠋ᠢᠶᠠ᠂ ᠠᠯᠠᠭ ᠲᠠᠷᠯᠠᠨ ᠠᠭᠤᠰᠬᠢ᠂ ᠡᠮᠲᠡᠷᠡᠵᠦ᠍ ᠡᠮᠭᠡᠨᠢᠭᠰᠡᠨ ᠡᠯᠢᠭᠡ ᠵᠢᠷᠦᠬᠡᠨᠦ ᠲᠠᠨᠢ ᠦᠨᠡᠨ ᠮᠥᠨᠦ ᠬᠠᠰᠬᠢᠷᠤᠯ ᠶᠤᠮ᠃