ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠡᠴᠡ ᠤᠢᠯᠠᠭᠠᠭᠰᠠᠨ ᠶ᠋ᠢᠡᠷ ᠂ ᠰᠢᠯᠢ ᠶ᠋ᠢᠨ ᠭᠤᠤᠯ ᠠᠢᠮᠠᠭ ᠤ᠋ᠨ ᠲᠠᠢᠪᠤᠰᠸ ᠬᠤᠰᠢᠭᠤᠨ ᠤ᠋ ᠪᠤᠤᠴᠠᠡᠭ ᠪᠠᠯᠭᠠᠰᠤ ᠶ᠋ᠢᠨ ᠬᠡᠷᠡᠮ ᠲᠤᠰᠬᠤᠨ ᠤᠢᠷ᠎ᠡ ᠳ᠋ᠦ 《 ᠤᠯᠠᠨ ᠤᠯᠤᠰ ᠤ᠋ᠨ ᠬᠤᠯᠪᠤᠭᠠᠲᠤ ᠪᠠᠢᠭᠤᠯᠭ᠎ᠠ ᠶ᠋ᠢᠨ ᠠᠮᠤ ᠪᠤᠳᠠᠭ᠎ᠠ ᠬᠢᠭᠡᠳ ᠲᠠᠷᠢᠶᠠᠯᠠᠡᠭ ᠤ᠋ᠨ ᠵᠤᠬᠢᠶᠠᠨ ᠪᠠᠢᠭᠤᠯᠤᠯᠲᠠ ᠶ᠋ᠢᠨ ᠵᠢᠱ᠌ᠢᠶ᠎ᠡ ᠦᠵᠡᠭᠦᠯᠬᠦ ᠲᠤᠰᠬᠤᠨ》 ᠶ᠋ᠢᠡᠷ ᠦᠨᠡᠯᠡᠭᠳᠡᠪᠡ᠃
ᠤᠢᠯᠠᠭᠠᠭᠰᠠᠨ ᠶ᠋ᠢᠡᠷ᠂《 ᠵᠢᠱ᠌ᠢᠶ᠎ᠡ ᠦᠵᠡᠭᠦᠯᠬᠦ᠌ ᠲᠣᠰᠭᠣᠨ 》 ᠢ᠋ ᠦᠨᠡᠯᠡᠨ ᠳᠤᠭᠳᠠᠭᠠᠬᠤ ᠠᠵᠢᠯᠯᠠᠭ᠎ᠠ ᠪᠣᠯ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠶ᠋ᠢᠨ ᠠᠮᠤ ᠪᠤᠳᠠᠭ᠎ᠠ ᠬᠢᠭᠡᠳ ᠲᠠᠷᠢᠶᠠᠯᠠᠩ ᠤ᠋ᠨ ᠵᠣᠬᠢᠶᠠᠨ ᠪᠠᠢᠭᠤᠯᠤᠯᠲᠠ ᠪᠠᠢᠭᠤᠯᠤᠭ᠍ᠳᠠᠭ᠍ᠰᠠᠨ 80 ᠵᠢᠯ ᠤ᠋ᠨ ᠣᠶ ᠶ᠋ᠢ ᠪᠡᠯᠭᠡᠯᠡᠬᠦ᠌ ᠱᠢᠷᠢᠰ ᠠᠵᠢᠯᠯᠠᠭ᠎ᠠ ᠶ᠋ᠢᠨ ᠴᠢᠬᠤᠯᠠ ᠲᠥᠷᠥᠯ ᠵᠦᠶ᠋ᠯ ᠪᠣᠯᠤᠨ᠎ᠠ ᠃ ᠲᠣᠰ ᠠᠵᠢᠯᠯᠠᠭ᠎ᠠ ᠨᠢ 2025 ᠣᠨ ᠤ᠋ 12 ᠰᠠᠷ᠎ᠠ ᠶ᠋ᠢᠨ 8 ᠤ᠋ ᠡᠳᠦᠷ ᠶᠧᠵᠢᠫᠲ ᠤ᠋ᠨ ᠺᠠᠢ᠌ᠷᠦ᠌ ᠳ᠋ᠤ ᠵᠢᠩᠬᠢᠨᠢ ᠪᠡᠷ ᠡᠬᠢᠯᠡᠵᠦ᠍᠂ ᠪᠥᠬᠥ᠌ ᠪᠥᠮᠪᠥᠷᠴᠡᠭ ᠤ᠋ᠨ ᠲᠠᠷᠢᠶᠠᠯᠠᠩ ᠤ᠋ᠨ ᠠᠮᠤ ᠪᠤᠳᠠᠭᠠᠨ ᠤ᠋ ᠱᠢᠰᠲ᠋ᠧᠮ ᠤ᠋ᠨ ᠬᠡᠯᠪᠡᠷᠢ ᠶ᠋ᠢ ᠬᠤᠪᠢᠷᠠᠭᠤᠯᠤᠭᠰᠠᠨ ᠬᠥᠳᠡᠭᠡ ᠲᠣᠰᠭᠣᠨ ᠤ᠋ ᠨᠡᠢᠳᠡᠯᠢᠭ ᠵᠢᠱ᠌ᠢᠶ᠎ᠡ ᠶ᠋ᠢ ᠬᠥᠬᠢᠭᠦᠯᠦᠨ ᠰᠠᠢᠱᠢᠶᠠᠵᠤ᠂ ᠪᠥᠬᠥ᠌ ᠪᠥᠮᠪᠥᠷᠴᠡᠭ ᠤ᠋ᠨ ᠬᠥᠳᠡᠭᠡ ᠲᠣᠰᠭᠣᠨ ᠳ᠋ᠤ ᠠᠭᠤᠯᠤᠭ᠍ᠳᠠᠬᠤ ᠱᠢᠯᠢᠳᠡᠭ ᠭᠤᠤᠯᠯᠠᠬᠤ ᠥᠷᠲᠡᠭ ᠢ᠋ ᠳᠡᠯᠭᠡᠷᠡᠭᠦᠯᠦᠨ᠂ ᠲᠡᠭᠦᠨ ᠤ᠋ ᠲᠠᠷᠢᠶᠠᠯᠠᠩ ᠤ᠋ᠨ ᠠᠮᠤ ᠪᠤᠳᠠᠭᠠᠨ ᠤ᠋ ᠱᠢᠰᠲ᠋ᠧᠮ ᠤ᠋ᠨ ᠦᠷᠭᠦᠯᠵᠢᠯᠡᠬᠦ᠌ ᠬᠥᠭ᠌ᠵᠢᠯᠲᠡ ᠶ᠋ᠢ ᠠᠬᠢᠭᠤᠯᠬᠤ᠂ ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠢ᠋ ᠬᠠᠮᠠᠭᠠᠯᠠᠬᠤ᠂ ᠤᠯᠠᠮᠵᠢᠯᠠᠯᠲᠤ ᠢᠳᠡᠭᠡᠨ ᠤᠮᠳᠠᠭᠠᠨ ᠤ᠋ ᠰᠤᠶᠤᠯ ᠪᠠ ᠵᠠᠩ ᠳᠠᠳᠬᠠᠯ ᠢ᠋ ᠦᠷᠭᠦᠯᠵᠢᠯᠡᠭᠦᠯᠬᠦ᠂ ᠨᠤᠲᠤᠭ ᠤᠰᠤᠨ ᠤ᠋ ᠪᠤᠭᠤᠷᠤᠯ ᠣᠶᠤᠨ ᠤᠬᠠᠭᠠᠨ ᠢ᠋ ᠦᠪᠯᠡᠨ ᠤᠯᠠᠮᠵᠢᠯᠠᠬᠤ ᠪᠠ ᠬᠥᠳᠡᠭᠡ ᠲᠣᠰᠭᠣᠨ ᠤ᠋ ᠲᠦᠭᠡᠮᠡᠯ ᠬᠠᠷᠠᠭᠠᠯᠵᠠᠯᠲᠤ ᠠᠭᠤᠳᠠᠮᠴᠢ ᠪᠠᠭ᠍ᠲᠠᠭᠠᠮᠵᠢᠳᠠᠢ ᠳᠡᠢᠰᠢ ᠬᠡᠯᠪᠡᠷᠢ ᠪᠡᠨ ᠬᠤᠪᠢᠷᠠᠭᠤᠯᠤᠨ ᠬᠦᠭᠵᠢᠬᠦ ᠶ᠋ᠢ ᠠᠬᠢᠭᠤᠯᠬᠤ ᠳ᠋ᠡᠬᠢ ᠵᠠᠩᠬᠢᠯᠠᠭ᠎ᠠ ᠶ᠋ᠢᠨ ᠦᠢᠯᠡᠳᠦᠯ ᠢ᠋ ᠢᠯᠡᠷᠡᠭᠦᠯᠬᠦ ᠪᠡᠷ ᠵᠤᠷᠢᠯᠳᠠ ᠪᠤᠯᠭᠠᠵᠠᠢ᠃
ᠲᠠᠢᠪᠤᠰᠸ ᠬᠤᠰᠢᠭᠤᠨ ᠤ᠋ ᠪᠤᠤᠴᠠᠡᠭ ᠪᠠᠯᠭᠠᠰᠤ ᠶ᠋ᠢᠨ ᠬᠡᠷᠡᠮ ᠲᠤᠰᠬᠤᠨ ᠪᠤᠯ ᠤᠯᠤᠰ ᠤ᠋ᠨ ᠬᠥᠳᠡᠭᠡ ᠲᠣᠰᠭᠣᠨ ᠤ᠋ ᠵᠢᠭᠤᠯᠴᠢᠯᠠᠯ ᠤ᠋ᠨ ᠭᠣᠣᠯᠳᠠᠯᠭ᠎ᠠ ᠲᠠᠶ ᠲᠣᠰᠭᠣᠨ᠂ ᠪᠦᠬᠦ᠌ ᠤᠯᠤᠰ ᠤ᠋ᠨ ᠪᠣᠯᠪᠠᠰᠤᠨ ᠲᠣᠰᠭᠣᠨ ᠪᠠᠯᠭᠠᠰᠤ ᠪᠤᠯᠤᠨ᠎ᠠ᠃ ᠤᠢᠷ᠎ᠠ ᠶ᠋ᠢᠨ ᠵᠢᠯ ᠳ᠋ᠤ ᠲᠤᠰ ᠲᠤᠰᠬᠤᠨ ᠠᠵᠤ ᠦᠢᠯᠡᠰ ᠤ᠋ᠨ ᠬᠥᠭ᠌ᠵᠢᠯᠲᠡ ᠪᠡᠷ ᠰᠠᠭᠤᠷᠢ ᠪᠣᠯᠭᠠᠬᠤ᠂ ᠦᠨᠳᠦᠰᠦᠨ ᠱᠠᠲᠤᠨ ᠤ᠋ ᠵᠠᠰᠠᠯᠲᠠ ᠪᠠᠷ ᠪᠠᠲᠤᠯᠠᠭ᠎ᠠ ᠪᠣᠯᠭᠠᠬᠤ᠂ ᠤᠨᠴᠠᠯᠢᠬ᠍ᠳᠤ ᠰᠣᠶᠣᠯ ᠶ᠋ᠢᠡᠷ ᠰᠦᠭ ᠰᠦᠨᠡᠰᠦ ᠪᠣᠯᠭᠠᠬᠤ ᠶ᠋ᠢ ᠪᠠᠷᠢᠮᠲᠠᠯᠠᠨ᠂ ᠬᠦᠳᠡᠭᠡ ᠠᠵᠤ ᠠᠬᠤᠢ ᠪᠠ ᠰᠣᠶᠣᠯ ᠵᠢᠭᠤᠯᠴᠢᠯᠠᠯᠢ ᠠᠭᠤᠰᠤᠯᠴᠠᠭᠤᠯᠤᠨ ᠬᠥᠭ᠌ᠵᠢᠭᠦᠯᠬᠦ᠌ ᠵᠠᠮ ᠢ᠋ ᠭᠦᠨᠵᠡᠭᠡᠢ ᠰᠦᠪᠡᠭᠴᠢᠯᠡᠵᠦ᠂ ᠠᠮᠢ ᠠᠬᠤᠢ ᠶ᠋ᠢᠨ ᠵᠢᠭᠤᠯᠴᠢᠯᠠᠯ ᠂ ᠵᠤᠭ᠎ᠠ ᠰᠡᠯᠡᠭᠦᠴᠡᠯ ᠤ᠋ᠨ ᠵᠢᠮᠢᠰ ᠨᠤᠭᠤᠭ᠎ᠠ ᠲᠡᠭᠦᠭᠦ᠂ ᠡᠷᠡᠭᠦᠯ ᠮᠡᠨᠳᠦ ᠶ᠋ᠢᠨ ᠰᠤᠪᠢᠯᠠᠯᠲᠠ ᠶ᠋ᠢ ᠨᠢᠭᠡ ᠴᠤᠬ᠍ᠴᠠᠵᠢᠭᠤᠯᠤᠬ᠍ᠰᠠᠨ ᠣᠷᠣᠱᠢᠨ ᠰᠠᠭᠤᠷᠢᠰᠢᠬᠤ ᠳ᠋ᠦ ᠳᠤᠬᠢᠷᠠᠮᠵᠢᠳᠠᠢ ᠦᠢᠯᠡᠰ ᠪᠤᠰᠭᠠᠬᠤᠳᠤ ᠲᠣᠬᠢᠷᠠᠮᠵᠢᠲᠠᠢ ᠡᠶ᠎ᠠ ᠵᠤᠬᠢᠴᠠᠩᠭᠤᠢ ᠦᠵᠡᠰᠭᠦᠯᠡᠩᠲᠦ ᠰᠠᠢᠬᠠᠨ ᠬᠥᠳᠡᠭᠡ ᠲᠣᠰᠭᠣᠨ ᠢ᠋ ᠪᠦᠬᠦ᠌ ᠬᠦᠴᠦᠨ ᠶ᠋ᠢᠡᠷ ᠪᠦᠲᠦᠭᠡᠨ ᠪᠠᠢᠭᠤᠯᠵᠠᠢ᠃ 2025 ᠣᠨ ᠳ᠋ᠤ ᠲᠤᠰ ᠲᠣᠰᠭᠣᠨ ᠤ᠋ ᠬᠠᠮᠲᠤ ᠶ᠋ᠢᠨ ᠠᠵᠤ ᠠᠬᠤᠢ ᠶ᠋ᠢᠨ ᠣᠷᠣᠯᠭ᠎ᠠ 110 ᠲᠦᠮᠡᠨ ᠲᠥᠭᠥᠷᠢᠭ ᠲᠦ᠍ ᠬᠦᠷᠴᠦ᠍᠂ ᠲᠣᠰᠭᠣᠨ ᠤ᠋ ᠠᠷᠠᠳ ᠤ᠋ᠨ ᠬᠥᠮᠦᠨ ᠳᠤᠮᠳᠠᠴᠢ ᠶ᠋ᠢᠨ ᠡᠵᠡᠮᠳᠡᠵᠦ᠍ ᠪᠣᠯᠬᠤ ᠣᠷᠣᠯᠭ᠎ᠠ ᠨᠢ 2.5 ᠲᠦᠮᠡᠨ ᠲᠥᠭᠥᠷᠢᠭ ᠲᠤ᠌ ᠬᠦᠷᠴᠦ᠍᠂ ᠤᠯᠠᠨ ᠲᠦᠮᠡᠨ ᠤ᠋ ᠵᠢᠷᠭᠠᠯᠲᠤ ᠲᠦᠷᠦᠭ᠌ᠳᠡᠯ ᠪᠠ ᠬᠦᠷᠲᠡᠮᠵᠢ ᠶ᠋ᠢᠨ ᠲᠦᠷᠦᠭ᠌ᠳᠡᠯ ᠲᠠᠰᠤᠷᠠᠯᠳᠠ ᠦᠭᠡᠢ ᠨᠡᠮᠡᠭᠳᠡᠪᠡ᠃